ᠪᠦᠷᠢᠨᠪᠠᠶᠠᠷ 1982 ᠣᠨ ᠳᠤ ᠲᠦᠷᠦᠵᠠᠢ᠂ ᠤᠳᠤ ᠳᠠᠷᠬᠠᠨ ᠰᠤᠮᠤᠨ ᠤ ᠨᠠᠮ ᠤᠯᠠᠨ ᠲᠦᠮᠡᠨ ᠤ | ᠦᠢᠯᠡᠴᠢᠯᠡᠭᠡᠨ ᠤ ᠲᠥᠪ ᠲᠤ ᠠᠵᠢᠯᠯᠠᠵᠤ ᠪᠠᠶᠢᠨ᠎ᠠ᠃ ᠲᠡᠷᠡ ᠶᠡᠷᠦ ᠠᠴᠠ ᠤᠳᠬ᠎ᠠ ᠤᠷᠠᠯᠢᠭ ᠤᠨ ᠦᠢᠯᠡᠰ ᠲᠤ | ᠦᠨᠡᠨᠴᠢ ᠰᠢᠳᠤᠷᠭᠤ ᠦᠨᠡᠨ ᠰᠡᠳᠬᠢᠯ ᠢ ᠡᠪᠦᠷᠯᠡᠨ᠂ ᠲᠠᠯᠠᠪᠠᠢ ᠲᠣᠭᠯᠠᠯᠲᠠ ᠪᠤᠯᠭᠠᠨ ᠢᠶᠠᠷ ᠥᠷᠭᠡᠨ ᠠᠭᠤᠳᠠᠮ | ᠳᠠᠷᠬᠠᠨ ᠰᠤᠮᠤᠨ ᠤ ᠡᠬᠡ ᠭᠠᠵᠠᠷ ᠳᠡᠭᠡᠷ᠎ᠡ ᠤᠳᠬ᠎ᠠ ᠤᠷᠠᠯᠢᠭ ᠤᠨ ᠠᠵᠢᠯ ᠢ ᠠᠬᠢᠭᠤᠯᠬᠤ ᠤᠶᠠᠩᠭᠠᠲᠤ ᠠᠶᠠᠰ ᠢ | ᠬᠦᠭᠵᠢᠮᠳᠡᠭᠰᠡᠭᠡᠷ ᠢᠷᠡᠵᠡᠢ᠃ | ᠨᠢᠭᠡ᠂ ᠰᠤᠷᠤᠯᠴᠠᠯᠭ᠎ᠠ ᠪᠠᠨ ᠴᠢᠩᠭᠠᠳᠬᠠᠵᠤ᠂ ᠲᠤᠬᠠᠶᠢᠯᠠᠭᠰᠠᠨ ᠠᠵᠢᠯ ᠤᠨ ᠬᠢᠷᠢ ᠬᠡᠮᠵᠢᠶ᠎ᠡ ᠪᠠᠨ | ᠲᠡᠭᠡᠭᠰᠢᠯᠡᠭᠦᠯᠪᠡ | 2006 ᠤᠨ᠂ 2007 ᠣᠨ ᠳᠤ ᠬᠥᠬᠡᠬᠤᠲᠠ ᠶᠢᠨ ᠪᠠᠭᠠᠲᠤᠷ ᠤᠷᠠᠯᠢᠭ ᠤᠨ ᠰᠤᠷᠭᠠᠭᠤᠯᠢ ᠶᠢᠨ | ᠬᠦᠭᠡᠮᠡᠢ ᠶᠢᠨ ᠲᠤᠰᠬᠠᠢ ᠮᠡᠷᠭᠡᠵᠢᠯ ᠤᠨ ᠪᠣᠯᠪᠠᠰᠤᠷᠠᠯ ᠳᠤ ᠣᠷᠣᠯᠴᠠᠵᠤ᠂ ᠬᠦᠭᠡᠮᠡᠢ ᠶᠢᠨ ᠤᠷ᠎ᠠ ᠮᠡᠷᠭᠡᠵᠢᠯ ᠢ ᠡᠵᠡᠮᠰᠢᠪᠡ | ︔ 2014 ᠣᠨ ᠳᠤ ᠤᠯᠠᠭᠠᠨᠴᠠᠪ ᠬᠤᠲᠠ ᠶᠢᠨ ᠦᠨᠳᠦᠰᠦᠲᠡᠨ ᠤ ᠤᠷᠠᠯᠢᠭ ᠤᠨ ᠰᠤᠷᠭᠠᠭᠤᠯᠢ ᠶᠢᠨ ᠠᠩᠬᠠᠳᠤᠭᠠᠷ | ᠬᠤᠭᠤᠴᠠᠭᠠᠨ ᠤ ᠴᠤᠭᠤᠷ ᠳᠠᠭᠤᠨ ᠤ ᠪᠣᠯᠪᠠᠰᠤᠷᠠᠯ ᠳᠤ ᠣᠷᠣᠯᠴᠠᠵᠤ᠂ ᠮᠣᠩᠭᠤᠯ ᠦᠨᠳᠦᠰᠦᠲᠡᠨ ᠤ ᠤᠷᠲᠤ ᠶᠢᠨ | ᠳᠠᠭᠤᠨ ᠤ ᠤᠷ᠎ᠠ ᠮᠡᠷᠭᠡᠵᠢᠯ ᠢ ᠡᠵᠡᠮᠰᠢᠪᠡ᠃ 2017 ᠣᠨ ᠳᠤ᠂ ᠤᠯᠤᠰ ᠤᠨ ᠤᠷᠠᠯᠢᠭ ᠤᠨ ᠰᠠᠭᠤᠷᠢ ᠮᠦᠩᠭᠦᠨ ᠤ | ᠤᠷᠠᠯᠢᠭ ᠤᠨ ᠴᠢᠳᠠᠪᠤᠷᠢᠲᠠᠨ ︽ᠮᠣᠩᠭᠤᠯ ᠦᠨᠳᠦᠰᠦᠲᠡᠨ ᠤ ᠬᠦᠭᠡᠮᠡᠢ ᠶᠢᠨ ᠤᠷᠠᠯᠢᠭ ᠤᠨ ᠴᠢᠳᠠᠪᠤᠷᠢᠲᠠᠨ ᠢ | ᠬᠥᠮᠦᠵᠢᠭᠦᠯᠬᠦ︾ ᠪᠣᠯᠪᠠᠰᠤᠷᠠᠯ ᠤᠨ ᠠᠩᠭᠢ ᠳᠤ ᠣᠷᠣᠯᠴᠠᠵᠤ᠂ ᠬᠥᠬᠡᠮᠡᠢ ᠶᠢᠨ ᠤᠷ᠎ᠠ ᠮᠡᠷᠭᠡᠵᠢᠯ ᠢᠶᠠᠨ ᠤᠯᠠᠮ ᠨᠢᠭᠡ | ᠠᠯᠬᠤᠮ ᠳᠡᠭᠡᠭᠰᠢᠯᠡᠭᠦᠯᠪᠡ᠃ ᠠᠵᠢᠯ ᠳᠤ ᠣᠷᠣᠯᠴᠠᠭᠰᠠᠨ ᠠᠴᠠ ᠨᠠᠭᠠᠰᠢ᠂ ᠳᠠᠭᠤᠯᠠᠯᠲᠤ ᠬᠥᠭᠵᠢᠮ᠂ ᠬᠥᠭᠵᠢᠮ᠂ | ᠬᠦᠭᠡᠮᠡᠢ᠂ ᠬᠤᠯᠪᠣᠭ᠎ᠠ ᠵᠡᠷᠭᠡ ᠲᠤᠰᠬᠠᠢ ᠮᠡᠷᠭᠡᠵᠢᠯ ᠤᠨ ᠲᠣᠭᠯᠠᠯᠲᠠ ᠨᠢ 2010 ᠣᠨ ᠳᠤ᠂ ᠪᠤᠭᠤᠲᠤ ᠬᠤᠲᠠ ᠶᠢᠨ | ᠳᠠᠭᠤᠤ ᠬᠦᠭᠵᠢᠮᠴᠢᠨ ᠤ ᠨᠡᠢᠭᠡᠮᠯᠢᠭ ᠲᠤ ᠭᠡᠰᠢᠭᠦᠨ ᠢᠶᠠᠷ ᠡᠯᠰᠡᠭᠳᠡᠪᠡ︔ 2013 ᠣᠨ ᠳᠤ᠂ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠭᠤᠴᠢᠳ ᠤᠨ ᠭᠡᠰᠢᠭᠦᠳ ᠢᠶᠠᠷ ᠡᠯᠰᠡᠭᠳᠡᠵᠡᠢ︔ 2015 | ᠣᠨ ᠳᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠠᠭᠤᠤ ᠬᠦᠭᠵᠢᠮᠴᠢᠨ ᠤ ᠨᠡᠶᠢᠭᠡᠮᠯᠢᠭ ᠲᠤ | ᠭᠡᠰᠢᠭᠦᠨ ᠢᠶᠠᠷ ᠡᠯᠰᠡᠭᠳᠡᠵᠡᠢ︔ 2016 ᠣᠨ ᠳᠤ᠂ ᠦᠪᠦᠷ ᠮᠣᠩᠭᠤᠯ ᠤᠨ ᠬᠦᠭᠡᠮᠡᠢ ᠶᠢᠨ ᠨᠡᠶᠢᠭᠡᠮᠯᠢᠭ ᠲᠤ | ᠭᠡᠰᠢᠭᠦᠨ ᠢᠶᠠᠷ ᠡᠯᠰᠡᠭᠳᠡᠪᠡ︔ 2011 ᠣᠨ ᠳᠤ ᠪᠤᠭᠤᠳᠤ ᠬᠤᠳᠠ ᠶᠢᠨ ᠠᠷᠠᠳ ᠤᠨ ᠵᠠᠰᠠᠭ ᠤᠨ ᠣᠷᠳᠣᠨ ᠠᠴᠠ | ᠮᠣᠩᠭᠤᠯ ᠦᠨᠳᠦᠰᠦᠲᠡᠨ ᠤ ᠬᠥᠬᠡᠮᠡᠢ ᠶᠢᠨ ᠪᠣᠳᠠᠰ ᠤᠨ ᠪᠤᠰᠤ ᠰᠣᠶᠣᠯ ᠤᠨ ᠥᠪ ᠤᠨ ᠤᠯᠠᠮᠵᠢᠯᠠᠭᠴᠢ ᠭᠡᠵᠦ | ᠦᠨᠡᠯᠡᠨ ᠨᠡᠷᠡᠶᠢᠳᠦᠪᠡ᠃ | ᠬᠤᠶᠠᠷ᠂ ᠰᠡᠳᠬᠢᠯ ᠲᠠᠯᠪᠢᠨ ᠴᠢᠷᠮᠠᠶᠢᠨ ᠠᠵᠢᠯᠯᠠᠵᠤ᠂ ᠢᠷᠠᠭᠤ ᠠᠯᠳᠠᠷ ᠢᠶᠠᠷ ᠦᠰᠦᠨ ᠪᠣᠶᠢᠵᠢᠯᠳᠠ ᠪᠠᠨ | ᠭᠡᠷᠡᠴᠢᠯᠡᠪᠡ | ᠴᠠᠭ ᠦᠶ᠎ᠡ ᠶᠢ ᠰᠠᠯᠤᠯ ᠦᠭᠡᠢ ᠲᠠᠭᠠᠵᠤ᠂ ᠰᠣᠶᠣᠯ ᠤᠨ ᠬᠥᠭᠵᠢᠯᠲᠡ ᠶᠢᠨ ᠤᠳᠤᠷᠢᠳᠤᠮᠵᠢ ᠶᠢ ᠰᠠᠶᠢᠲᠤᠷ | ᠰᠠᠬᠢᠬᠤ ᠪᠣᠯ ᠰᠣᠶᠣᠯ ᠤᠨ ᠠᠵᠢᠯᠳᠠᠨ ᠤ ᠡᠭᠦᠷᠭᠡ ᠬᠠᠷᠢᠭᠤᠴᠠᠯᠭ᠎ᠠ ᠮᠥᠨ᠃ ᠠᠵᠢᠯ ᠳᠤ ᠤᠷᠤᠯᠴᠠᠭᠰᠠᠨ ᠠᠴᠠ | ᠨᠠᠭᠠᠰᠢ ᠬᠦᠷᠳᠡᠭᠰᠡᠨ ᠱᠠᠩᠨᠠᠯ ᠬᠦᠬᠢᠬᠦᠯᠥᠯ ᠨᠢ ᠦᠯᠡᠮᠵᠢ ᠣᠯᠠᠨ᠄ ᠮᠠᠨ ᠤ ᠤᠷᠤᠨ ᠤ ᠭᠤᠷᠪᠠᠳᠤᠭᠠᠷ | ᠬᠤᠭᠤᠴᠠᠭᠠᠨ ᠤ ᠤᠯᠠᠭᠠᠨᠮᠦ᠋ᠴᠢᠷ ᠤᠨ ᠤᠷᠠᠯᠢᠭ ᠤᠨ ᠨᠠᠶᠢᠷ᠂ ᠨᠠᠶᠢᠷᠠᠯ ᠲᠠᠭᠤᠤ ᠶᠢᠨ ᠲᠤᠭᠯᠠᠯᠳᠠ ᠳᠤ ᠤᠷᠤᠯᠴᠠᠭᠠᠳ | ᠬᠠᠮᠳᠤ ᠨᠢᠭᠡᠴᠢ ᠶᠢᠨ ᠮᠦᠩᠬᠦᠨ ᠲᠡᠰ ᠤᠨ ᠱᠠᠩᠨᠠᠯ ᠬᠦᠷᠳᠡᠵᠡᠢ︔ ᠲᠦᠷᠪᠡᠳᠤᠬᠡᠷ ᠬᠤᠭᠤᠴᠠᠭᠠᠨ ᠤ ᠦᠪᠤᠷ | ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠤᠯᠠᠭᠠᠨᠮᠦ᠋ᠴᠢᠷ ᠤᠨ ᠤᠷᠠᠯᠢᠭ ᠤᠨ ᠨᠠᠶᠢᠷ ᠲᠤ᠂ ︽ᠦᠵᠡᠰᠬᠦᠯᠡᠩᠳᠤ | ᠰᠠᠶᠢᠬᠠᠨ ᠲᠠᠷᠬᠠᠨ ᠮᠤᠤᠮᠢᠩᠭᠠᠨ︾ ᠬᠡᠬᠦ ᠫᠷᠣᠭ᠍ᠷᠠᠮ ᠨᠢ ᠬᠤᠪᠢ ᠬᠦᠮᠦᠨ ᠤ ᠭᠤᠷᠪᠠᠳᠤᠭᠠᠷ ᠲᠡᠰ ᠤᠨ ᠱᠠᠩᠨᠠᠯ | ᠬᠦᠷᠳᠡᠪᠡ︔ ᠲᠣᠮᠤ ᠬᠡᠯᠪᠡᠷᠢ ᠶᠢᠨ ᠦᠨᠳᠦᠰᠦᠲᠡᠨ ᠤ ᠵᠠᠩ ᠦᠢᠯᠡ ᠶᠢᠨ ᠳᠤᠭᠤᠶᠢᠯᠠᠩ ᠤᠨ ᠪᠦᠵᠢᠭ ︽ᠳᠠᠷᠬᠠᠨ | ᠮᠤᠤᠮᠢᠩᠭᠠᠨ᠂ ᠲᠩᠷᠢ ᠭᠠᠵᠠᠷ ᠤᠨ ᠳᠠᠭᠤᠤ︾ ᠨᠢ ᠰᠢᠯᠢᠳᠡᠭ ᠲᠡᠰ ᠤᠨ ᠱᠠᠩᠨᠠᠯ ᠭᠥᠷᠳᠡᠪᠡ︔ ᠪᠤᠭᠤᠳᠤ ᠬᠤᠳᠠ ᠶᠢᠨ | ᠴᠦᠬᠡᠨ ᠲᠤᠭᠠᠳᠤ ᠦᠨᠳᠦᠰᠦᠳᠡᠨ ᠤ ᠤᠷᠠᠨ ᠰᠠᠶᠢᠬᠠᠨ ᠤ ᠲᠤᠭᠯᠠᠯᠳᠠ ᠳᠤ᠂ ︽ᠴᠢᠩᠭᠢᠰ ᠬᠠᠭᠠᠨ ᠤ ᠮᠠᠭᠳᠠᠭᠠᠯ︾ | ︽ᠬᠠᠰᠠᠷ ᠤᠨ ᠮᠠᠭᠳᠠᠭᠠᠯ︾ ︽ᠬᠤᠯᠪᠤᠭ᠎ᠠ︾ ᠵᠡᠷᠬᠡ ᠫᠷᠣᠭ᠍ᠷᠠᠮ ᠨᠢ᠂ ᠬᠠᠮᠤᠭ ᠦᠨᠳᠤᠷ ᠲᠤ ᠪᠠᠨ ᠨᠢᠬᠡᠳᠤᠬᠡᠷ | ᠲᠡᠰ ᠤᠨ ᠱᠠᠩᠨᠠᠯ ᠬᠦᠷᠳᠡᠵᠡᠢ︔ ᠲᠥᠪ᠂ ᠪᠦᠬᠦ ᠣᠷᠣᠨ᠂ ᠪᠤᠭᠤᠲᠤ ᠬᠤᠲᠠ ᠶᠢᠨ ᠭᠡᠷ ᠪᠦᠯᠢ ᠶᠢᠨ ᠤᠷ᠎ᠠ | ᠴᠢᠳᠠᠪᠤᠷᠢ ᠶᠢᠨ ᠦᠵᠡᠭᠦᠯᠭᠡ ᠳᠤ ᠣᠷᠣᠯᠴᠠᠵᠤ᠂ ᠬᠠᠮᠤᠭ ᠥᠨᠳᠥᠷ ᠲᠤ ᠪᠠᠨ ᠨᠢᠭᠡᠳᠦᠭᠡᠷ ᠳᠡᠰ ᠤᠨ ᠱᠠᠩᠨᠠᠯ | ᠭᠥᠷᠳᠡᠵᠦ᠂ ᠲᠣᠭᠯᠠᠯᠲᠠ ᠶᠢᠨ ᠫᠷᠣᠭ᠍ᠷᠠᠮ ᠢ ᠨᠢ ᠲᠧᠯᠸᠢᠰ ᠬᠤᠷᠢᠶ᠎ᠠ ᠠᠴᠠ ᠡᠯᠰᠡᠨ ᠠᠪᠴᠤ ᠬᠤᠷᠢᠶᠠᠨ ᠰᠢᠩᠭᠡᠭᠡᠪᠡ᠃ | ᠥᠪᠥᠷ ᠮᠣᠩᠭᠤᠯ ᠤᠨ ᠠᠩᠬᠠᠳᠤᠭᠠᠷ ᠬᠤᠭᠤᠴᠠᠭᠠᠨ ᠤ ᠬᠦᠭᠡᠮᠡᠢ ᠶᠢᠨ ᠤᠷᠤᠯᠳᠤᠭᠠᠨ ᠳᠤ ᠣᠷᠣᠯᠴᠠᠵᠤ | ᠭᠤᠷᠪᠠᠳᠤᠭᠠᠷ ᠳᠡᠰ ᠤᠨ ᠱᠠᠩᠨᠠᠯ ᠬᠦᠷᠳᠡᠪᠡ︔ ︽ᠮᠤᠨᠢ ᠠᠭᠤᠯᠠ ᠶᠢᠨ ᠤᠶᠠᠩᠭ᠎ᠠ︾ ᠲᠠᠭᠤᠨ ᠤ ᠤᠷᠤᠯᠳᠤᠭᠠᠨ ᠳᠤ | ᠣᠷᠣᠯᠴᠠᠵᠤ ᠬᠤᠪᠢ ᠬᠥᠮᠦᠨ ᠤ ᠨᠢᠭᠡᠳᠦᠭᠡᠷ ᠳᠡᠰ ᠤᠨ ᠱᠠᠩᠨᠠᠯ ᠬᠦᠷᠲᠡᠪᠡ︔ ᠨᠠᠢᠮᠠᠨ ᠮᠣᠵᠢ ᠣᠷᠣᠨ ᠤ ︽ᠬᠠᠪᠤᠲᠤ | · ᠬᠠᠰᠠᠷ ᠬᠤᠨᠳᠠᠭᠠᠲᠤ︾ ᠬᠦᠭᠡᠮᠡᠢ ᠶᠢᠨ ᠤᠷᠤᠯᠳᠤᠭᠠᠨ ᠳᠤ ᠣᠷᠣᠯᠴᠠᠵᠤ ᠬᠤᠶᠠᠳᠤᠭᠠᠷ ᠳᠡᠰ ᠤᠨ ᠱᠠᠩᠨᠠᠯ ᠬᠦᠷᠲᠡᠪᠡ | ︔ 2017 ᠣᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠤᠨ | ᠣᠢ ᠶᠢ ᠤᠭᠲᠤᠬᠤ ᠪᠦᠬᠦ ᠬᠤᠲᠠ ᠶᠢᠨ ᠠᠵᠢᠯᠲᠠᠨ ᠤ ᠠᠩᠬᠠᠨ ᠤ ᠪᠦᠲᠦᠭᠡᠯ ᠤᠨ ᠦᠵᠡᠭᠦᠯᠦᠯᠭᠡ ᠶᠢᠨ | ᠲᠣᠭᠯᠠᠯᠲᠠ ᠶᠢᠨ ᠠᠵᠢᠯᠯᠠᠭ᠎ᠠ ︽ᠦᠵᠡᠰᠭᠦᠯᠡᠩᠲᠦ ᠰᠠᠶᠢᠬᠠᠨ ᠥᠪᠥᠷ ᠮᠣᠩᠭᠤᠯ ᠬᠥᠳᠡᠯᠮᠦᠷᠢ ᠶᠢᠨ ᠰᠢᠯᠥᠭ ᠲᠠᠭᠤᠯᠠᠯ | ︾ ᠳᠤ ᠣᠷᠣᠯᠴᠠᠵᠤ᠂ ᠡᠷᠡᠭᠲᠡᠢ ᠶᠢᠨ ᠭᠤᠴᠣᠯᠠᠯ ᠳᠠᠭᠤᠤ ︽ᠦᠵᠡᠰᠭᠦᠯᠡᠩᠲᠦ ᠰᠠᠶᠢᠬᠠᠨ ᠡᠬᠡ ᠨᠤᠲᠤᠭ︾ ᠪᠦᠲᠦᠭᠡᠯ | ᠨᠢ ᠠᠩᠬᠠᠨ ᠤ ᠪᠦᠳᠦᠭᠡᠯ ᠤᠨ ᠳᠠᠭᠤᠤ ᠬᠥᠭᠵᠢᠮ ᠤᠨ ᠲᠥᠷᠥᠯ ᠤᠨ ᠬᠤᠶᠠᠳᠤᠭᠠᠷ ᠳᠡᠰ ᠤᠨ ᠱᠠᠩᠨᠠᠯ ᠬᠦᠷᠲᠡᠪᠡ︔ | 2019 ᠣᠨ ᠳᠤ᠂ ᠠᠷᠪᠠᠨ ᠬᠤᠶᠠᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠤᠷᠠᠯᠢᠭ ᠤᠨ ᠨᠠᠶᠢᠷ ᠵᠢᠴᠢ | ᠠᠷᠪᠠᠨ ᠨᠠᠢᠮᠠᠳᠤᠭᠠᠷ ᠬᠤᠭᠤᠴᠠᠭᠠᠨ ᠤ ᠣᠳᠣᠳ ᠤᠨ ᠤᠷᠤᠯᠳᠤᠭᠠᠨ ᠳᠤ ᠣᠷᠣᠯᠴᠠᠵᠤ᠂ ︽ᠨᠠᠭᠠᠳᠤᠮ︾ ᠭᠡᠬᠦ | ᠫᠷᠤᠭ᠍ᠷᠠᠮ ᠨᠢ ᠰᠢᠢᠳᠪᠦᠷᠢᠳᠦ ᠤᠷᠤᠯᠳᠤᠭᠠᠨ ᠳᠤ ᠲᠣᠳᠣᠷᠠᠪᠠ︔ 2021 ᠣᠨ ᠪᠣᠯ ᠶᠠᠭᠠᠷᠠᠯᠲᠠᠶ ᠨᠢᠭᠡ ᠵᠢᠯ ᠪᠣᠯᠤᠨ᠎ᠠ | ᠃ ᠲᠤᠰ ᠵᠢᠯ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠴᠠᠭᠠᠨ ᠰᠠᠷ᠎ᠠ ᠶᠢᠨ ᠦᠳᠡᠰᠢᠯᠡᠭᠡ ᠳᠤ ᠣᠷᠣᠯᠴᠠᠪᠠ | ︔ ︽ᠨᠢᠭᠡᠨ ᠪᠠᠳᠠᠭ ᠠᠭᠤᠯᠠᠨ ᠲᠠᠭᠤᠤ ᠶᠢ ᠨᠠᠮ ᠳᠠᠭᠠᠨ ᠡᠷᠭᠦᠶ᠎ᠡ︾ ᠭᠡᠬᠦ ᠴᠥᠭᠡᠨ ᠲᠣᠭᠠᠲᠤ ᠦᠨᠳᠦᠰᠦᠲᠡᠨ ᠤ | MV ᠶᠢ ᠰᠢᠩᠭᠡᠭᠡᠨ ᠦᠢᠯᠡᠳᠴᠦ᠂ ᠥᠪᠥᠷ ᠮᠣᠩᠭᠤᠯ ᠤᠨ ᠲᠧᠯᠸᠢᠰ ᠬᠤᠷᠢᠶᠠᠨ ᠤ ︽ᠬᠠᠮᠲᠤ ᠳᠤ ᠪᠠᠨ ᠳᠠᠭᠤᠯᠠᠶ᠎ᠠ︾ | ᠭᠡᠬᠦ ᠫᠷᠤᠭ᠍ᠷᠠᠮ ᠢ ᠰᠢᠩᠭᠡᠭᠡᠨ ᠦᠢᠯᠡᠳᠴᠦ᠂ ᠪᠤᠭᠤᠲᠤ ᠶᠢᠨ ᠲᠧᠯᠸᠢᠰ ᠬᠤᠷᠢᠶᠠᠨ ᠤ ᠰᠢᠩᠭᠡᠭᠡᠨ ᠦᠢᠯᠡᠳᠬᠦ ᠠᠵᠢᠯ ᠢ | ᠪᠡᠶᠡᠯᠡᠭᠦᠯᠪᠡ︔ ᠴᠠᠬᠠᠷ ᠪᠠᠷᠠᠭᠤᠨ ᠭᠠᠷᠤᠨ ᠡᠮᠦᠨᠡᠲᠦ ᠬᠤᠰᠢᠭᠤᠨ ᠤ ᠤᠯᠠᠭᠠᠨᠮᠥ᠋ᠴᠢᠷ ᠲᠠᠢ ᠰᠣᠯᠢᠯᠴᠠᠭ᠎ᠠ ᠲᠣᠭᠯᠠᠯᠲᠠ | ᠭᠠᠷᠭᠠᠪᠠ︔ ︽ᠳᠤᠮᠳᠠᠳᠤ ᠤᠯᠤᠰ ᠤᠨ ᠡᠪ ᠬᠠᠮᠲᠤ ᠨᠠᠮ ᠤᠨ ᠥᠪᠥᠷ ᠮᠣᠩᠭᠤᠯ ᠤᠨ ᠴᠡᠷᠢᠭ ᠤᠨ ᠲᠣᠭᠤᠷᠢᠭ ᠤᠨ | ᠶᠢᠰᠦᠳᠦᠭᠡᠷ ᠤᠳᠠᠭᠠᠨ ᠤ ᠲᠥᠯᠥᠭᠡᠯᠡᠭᠴᠢᠳ ᠤᠨ ᠶᠡᠭᠡ ᠬᠤᠷᠠᠯ ᠤᠨ ᠤᠷᠠᠨ ᠰᠠᠶᠢᠬᠠᠨ ᠤ ᠲᠣᠭᠯᠠᠯᠲᠠ︾ ᠳᠤ | ᠣᠷᠣᠯᠴᠠᠪᠠ︔ ᠤᠯᠠᠭᠠᠨᠮᠥ᠋ᠴᠢᠷ ᠤᠨ ᠭᠡᠰᠢᠭᠦᠳ ᠤᠨ ︽ᠤᠯᠠᠮᠵᠢᠯᠠᠯ ᠪᠠ ᠢᠷᠠᠭᠤ ᠠᠯᠳᠠᠷ︾ ᠫᠷᠤᠭ᠍ᠷᠠᠮ ᠢ ᠰᠢᠩᠭᠡᠭᠡᠨ | ᠦᠢᠯᠡᠳᠪᠡ︔ ᠪᠤᠭᠤᠲᠤ ᠳᠤ ᠳᠠᠭᠤᠤ ᠬᠥᠭᠵᠢᠮᠲᠦ ᠵᠦᠴᠦᠭᠡ ︽ᠲᠠᠯ᠎ᠠ ᠨᠤᠲᠤᠭ ᠤᠨ ᠦᠷ ᠤᠨ ᠲᠤᠶᠠᠭ᠎ᠠ︾ | ᠵᠡᠷᠭᠡ ᠳᠤ ᠣᠷᠣᠯᠴᠠᠪᠠ᠃ | ᠭᠤᠷᠪᠠ ᠂ ᠲᠤᠰ ᠭᠠᠵᠠᠷ ᠲᠠᠭᠠᠨ | ᠰᠠᠭᠤᠷᠢᠯᠠᠵᠤ ᠂ ᠲᠠᠰᠤᠷᠠᠯᠲᠠ ᠦᠭᠡᠢ ᠵᠠᠮ | ᠨᠡᠭᠡᠭᠡᠨ ᠤᠷᠤᠭᠰᠢᠯᠠᠨ ᠲᠠᠪᠰᠢᠪᠠ | 2017 ᠣᠨ ᠠᠴᠠ ᠣᠲᠣ ᠪᠣᠯᠲᠠᠯ᠎ᠠ ᠂ ᠳᠠᠷᠬᠠᠨ | ᠮᠤᠸᠮᠢᠩᠭᠠᠨ ᠬᠣᠯᠪᠣᠭᠠᠲᠤ ᠬᠣᠰᠢᠭᠤᠨ ᠤ | ᠤᠯᠠᠭᠠᠨᠮᠥ᠋ᠴᠢᠷ ᠡᠴᠡ ᠳᠠᠷᠬᠠᠨ ᠰᠤᠮᠤᠨ ᠤ | ᠨᠠᠮ ᠪᠠ ᠣᠯᠠᠨ ᠲᠦᠮᠡᠨ ᠦ ᠦᠶᠯᠡᠴᠢᠯᠡᠭᠡᠨ ᠦ | ᠲᠥᠪ ᠲᠦ ᠬᠦᠷᠴᠦ ᠰᠣᠶᠣᠯ ᠤᠨ ᠠᠵᠢᠯ ᠬᠢᠪᠡ᠃ | ᠠᠵᠢᠯ ᠤᠨ ᠪᠠᠶᠢᠷᠢ ᠶᠢᠨ ᠰᠣᠯᠢᠭᠳᠠᠯ ᠪᠠ | ᠳᠦᠷᠢ ᠶᠢᠨ ᠬᠤᠪᠢᠷᠠᠯᠲᠠ ᠶᠢ ᠳᠠᠭᠠᠯᠳᠤᠨ ᠂ | ᠰᠡᠳᠬᠢᠬᠦᠶ ᠨᠢ ᠵᠥᠪᠬᠡᠨ ᠬᠢᠯᠢ ᠬᠢᠵᠠᠭᠠᠷ ᠣᠷᠣᠨ ᠤ | ᠰᠣᠶᠣᠯ ᠤᠨ ᠠᠵᠢᠯ ᠳᠡᠭᠡᠷ᠎ᠡ ᠬᠦᠯᠢᠶᠡᠰᠦᠯᠡᠭᠳᠡᠵᠦ ᠪᠣᠯᠬᠤ | ᠦᠭᠡᠢ᠃ ᠳᠠᠷᠬᠠᠨ ᠰᠤᠮᠤᠨ ᠤ ᠨᠠᠮ ᠪᠠ ᠣᠯᠠᠨ ᠲᠦᠮᠡᠨ ᠤ ᠦᠢᠯᠡᠴᠢᠯᠡᠭᠡᠨ ᠤ ᠲᠥᠪ ᠲᠤ ᠢᠷᠡᠭᠰᠡᠨ ᠤ | ᠳᠠᠷᠠᠭ᠎ᠠ᠂ ᠪᠦᠷᠢᠨᠪᠠᠶᠠᠷ ᠰᠢᠨᠵᠢᠯᠡᠬᠦ ᠤᠬᠠᠭᠠᠨ ᠰᠣᠶᠣᠯ ᠮᠡᠳᠡᠯᠭᠡ ᠶᠢ ᠲᠦᠭᠡᠮᠡᠯᠵᠢᠭᠦᠯᠬᠦ᠂ ᠨᠡᠶᠢᠭᠡᠮ ᠤᠨ ᠰᠤᠷᠭᠠᠨ | ᠬᠥᠮᠦᠵᠢᠯ ᠢ ᠥᠷᠨᠢᠭᠦᠯᠬᠦ᠂ ᠣᠯᠠᠨ ᠲᠦᠮᠡᠨ ᠤ ᠰᠣᠶᠣᠯ ᠤᠨ ᠬᠡᠪ ᠴᠢᠨᠠᠷ ᠢ ᠳᠡᠭᠡᠭᠰᠢᠯᠡᠭᠦᠯᠬᠦ᠂ ᠲᠤᠬᠠᠶ ᠶᠢᠨ | ᠭᠠᠵᠠᠷ ᠤᠨ ᠣᠶᠤᠨ ᠤ ᠪᠣᠯᠪᠠᠰᠤᠨ ᠤ ᠪᠠᠶᠢᠭᠤᠯᠤᠯᠲᠠ ᠶᠢ ᠠᠬᠢᠭᠤᠯᠬᠤ ᠪᠠᠷ ᠭᠠᠷᠳᠠᠴᠠ ᠪᠣᠯᠭᠠᠵᠤ᠂ ᠣᠯᠠᠨ ᠲᠦᠮᠡᠨ ᠤ | ᠦᠵᠡᠵᠦ ᠰᠣᠨᠢᠷᠬᠠᠬᠤ ᠳᠤᠷᠠᠲᠠᠶ ᠡᠯᠪᠡᠭ ᠪᠠᠶᠠᠯᠢᠭ ᠰᠣᠶᠣᠯ ᠤᠨ ᠠᠵᠢᠯᠯᠠᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠵᠦ | ᠂ ︽ᠡᠩᠬᠡ ᠠᠮᠤᠭᠤᠯᠠᠩ ᠦᠷᠨᠢᠯ ᠬᠦᠭᠵᠢᠯ᠂ ᠰᠢᠨ᠎ᠡ ᠵᠢᠯ ᠢᠶᠠᠨ ᠤᠭᠲᠤᠬᠤ ᠨᠥᠬᠦᠷᠯᠡᠯ ᠤᠨ ᠬᠤᠷᠠᠯ︾᠂ ︽ | ᠴᠡᠭᠡ ᠶᠢᠨ ᠰᠣᠶᠣᠯ ᠤᠨ ᠪᠠᠶᠠᠷ︾᠂ ︽ᠥᠪᠡᠷ ᠢᠶᠠᠨ ᠮᠠᠰᠢᠨ ᠪᠠᠷᠢᠵᠤ ᠵᠢᠭᠤᠯᠴᠢᠯᠠᠬᠤ ᠰᠠᠭᠤᠷᠢᠨ ᠭᠠᠵᠠᠷ ᠤᠨ | ᠡᠬᠢᠯᠡᠯᠲᠡ ᠶᠢᠨ ᠶᠣᠰᠣᠯᠠᠯ︾ ᠵᠡᠷᠭᠡ ᠤᠷᠠᠨ ᠰᠠᠶᠢᠬᠠᠨ ᠤ ᠲᠣᠭᠯᠠᠯᠲᠠ ᠶᠢ ᠲᠥᠰᠦᠪᠯᠡᠨ ᠵᠣᠬᠢᠶᠠᠨ ᠪᠠᠶᠢᠭᠤᠯᠪᠠ︔ | ᠨᠡᠭᠦᠳᠡᠯ ᠰᠣᠶᠣᠯ ᠤᠨ ᠦᠢᠯᠡᠴᠢᠯᠡᠭᠡ ᠶᠢ ᠴᠢᠩᠭ᠎ᠠ ᠠᠳᠬᠤᠵᠤ᠂ ᠣᠳᠣᠬᠢᠴᠢᠯᠠᠭᠰᠠᠨ ᠤᠩᠰᠢᠯᠭ᠎ᠠ ᠶᠢᠨ ᠠᠷᠭ᠎ᠠ ᠪᠠᠷᠢᠯ | ᠪᠠ ᠰᠢᠨᠵᠢᠯᠡᠬᠦ ᠤᠬᠠᠭᠠᠨ᠂ ᠲᠠᠷᠢᠶᠠᠯᠠᠩ ᠮᠠᠯ ᠠᠵᠤ ᠠᠬᠤᠶ᠂ ᠲᠡᠦᠬᠡ ᠰᠣᠶᠣᠯ ᠤᠨ ᠮᠡᠳᠡᠯᠭᠡ ᠶᠢ ᠤᠬᠠᠭᠤᠯᠬᠤ | ᠡᠷᠴᠢᠮ ᠢᠶᠠᠨ ᠴᠢᠩᠭᠠᠷᠠᠭᠤᠯᠵᠤ᠂ ᠳᠠᠷᠬᠠᠨ ᠰᠤᠮᠤᠨ ᠤ ᠠᠷᠠᠳ ᠣᠯᠠᠨ ᠤ ᠤᠩᠰᠢᠯᠭ᠎ᠠ ᠶᠢᠨ ᠬᠡᠮᠵᠢᠶ᠎ᠡ ᠶᠢ ᠵᠢᠯ ᠪᠦᠷᠢ | 0 . 02 % ᠢᠶᠠᠷ ᠨᠡᠮᠡᠭᠳᠡᠭᠦᠯᠪᠡ᠃ ᠲᠣᠭᠠᠴᠢᠯᠠᠭᠰᠠᠨ ᠰᠣᠶᠣᠯ ᠢ ᠳᠣᠷᠣᠭᠰᠢ ᠤᠷᠲᠤᠳᠬᠠᠬᠤ ᠶᠢ ᠦᠷᠭᠦᠯᠵᠢᠯᠡᠨ | ᠥᠷᠨᠢᠭᠦᠯᠵᠦ᠂ ᠥᠪᠥᠷ ᠮᠣᠩᠭᠤᠯ ᠤᠨ ᠲᠣᠭᠠᠴᠢᠯᠠᠭᠰᠠᠨ ᠨᠣᠮ ᠪᠢᠴᠢᠭ ᠤᠨ ᠡᠬᠢ ᠪᠠᠶᠠᠯᠢᠭ ᠲᠤ ᠲᠦᠰᠢᠭᠯᠡᠨ᠂ | ᠲᠣᠭᠠᠴᠢᠯᠠᠭᠰᠠᠨ ᠰᠦᠯᠵᠢᠶ᠎ᠡ ᠶᠢ ᠪᠥᠬᠦ ᠲᠠᠯ᠎ᠠ ᠪᠠᠷ ᠪᠦᠷᠬᠦᠭᠦᠯᠬᠦ ᠶᠢ ᠪᠡᠶᠡᠯᠡᠭᠦᠯᠵᠦ᠂ ᠮᠠᠯᠴᠢᠨ ᠲᠠᠷᠢᠶᠠᠴᠢᠨ ᠤ ᠪᠦᠷᠢᠨ | ᠲᠣᠭᠠᠴᠢᠯᠠᠭᠰᠠᠨ ᠮᠡᠳᠡᠯᠭᠡ ᠶᠢ ᠤᠩᠰᠢᠨ ᠣᠶᠢᠯᠠᠭᠠᠬᠤ ᠡᠴᠦᠰ ᠤᠨ ᠨᠢᠭᠡ ᠺᠢᠯᠣᠮᠧᠲᠷ ᠢ ᠰᠢᠢᠳᠪᠦᠷᠢᠯᠡᠪᠡ᠃ ᠤᠯᠠᠨ | ᠲᠦᠮᠡᠨ ᠤ ᠠᠵᠢᠯ ᠤᠨ ᠴᠢᠯᠥᠭᠡᠨ ᠤ ᠤᠳᠬ᠎ᠠ ᠤᠷᠠᠯᠢᠭ ᠤᠨ ᠪᠦᠯᠬᠦᠮ ᠤᠨ ᠪᠠᠶᠢᠭᠤᠯᠤᠯᠲᠠ ᠶᠢ ᠴᠢᠬᠤᠯᠠᠴᠢᠯᠠᠨ | ᠵᠢᠯᠣᠭᠤᠳᠴᠤ᠂ ᠪᠠᠭᠰᠢ ᠤᠷᠢᠬᠤ᠂ ᠲᠤᠬᠠᠢ ᠶᠢᠨ ᠲᠠᠯᠠᠪᠤᠷ ᠲᠤ ᠵᠢᠭᠠᠨ ᠰᠤᠷᠭᠠᠬᠤ᠂ ᠰᠦᠯᠵᠢᠶ᠎ᠡ ᠪᠠᠷ ᠬᠢᠴᠢᠶᠡᠯᠯᠡᠬᠦ | ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ᠂ ᠵᠢᠯ ᠪᠦᠷᠢ ᠤᠯᠠᠨ ᠲᠦᠮᠡᠨ ᠤ ᠤᠳᠬ᠎ᠠ ᠤᠷᠠᠯᠢᠭ ᠤᠨ ᠭᠤᠣᠯᠯᠠᠭᠴᠢ | ᠬᠦᠴᠦᠨ ᠢ ᠬᠡᠳᠦᠨ ᠠᠷᠪᠠᠨ ᠨᠡᠷᠡᠰ ᠪᠣᠯᠪᠠᠰᠤᠷᠠᠭᠤᠯᠵᠤ᠂ ᠤᠯᠠᠨ ᠲᠦᠮᠡᠨ ᠤ ᠰᠣᠶᠣᠯ ᠤᠨ ᠠᠵᠢᠯᠯᠠᠭ᠎ᠠ ᠶᠢ ᠠᠷᠪᠠ | ᠭᠠᠷᠤᠢ ᠲᠠᠯᠠᠪᠤᠷ ᠵᠣᠬᠢᠶᠠᠨ ᠪᠠᠶᠢᠭᠤᠯᠪᠠ᠃ | ᠠᠷᠠᠳ ᠤᠯᠠᠨ ᠳᠤ ᠦᠢᠯᠡᠴᠢᠯᠡᠬᠦ ᠵᠠᠮ ᠦᠵᠦᠭᠦᠷ ᠬᠢᠵᠠᠭᠠᠷ ᠦᠭᠡᠢ᠂ ᠵᠠᠮ ᠤᠷᠳᠤ ᠮᠤᠷᠤᠢ ᠰᠠᠷᠤᠢ᠂ | ᠬᠤᠶᠢᠰᠢᠳᠠ ᠶᠢᠨ ᠠᠵᠢᠯ ᠳᠤᠮᠳᠠ ᠪᠠᠨ ᠪᠦᠷᠢᠨᠪᠠᠶᠠᠷ ᠦᠷᠭᠦᠯᠵᠢᠯᠡᠨ ᠵᠣᠪᠠᠭᠤᠷᠢ ᠵᠦᠳᠡᠭᠦᠷᠢ ᠶᠢ ᠲᠡᠰᠪᠦᠷᠢᠯᠡᠬᠦ᠂ | ᠲᠠᠰᠤᠷᠠᠯᠲᠠ ᠦᠭᠡᠢ ᠬᠠᠶᠢᠨ ᠰᠦᠪᠡᠭᠴᠢᠯᠡᠬᠦ᠂ ᠬᠦᠴᠢᠷ ᠢ ᠰᠦᠷᠦᠨ ᠤᠷᠤᠭᠰᠢᠯᠠᠬᠤ ᠲᠡᠮᠡᠴᠡᠯ ᠤᠨ ᠵᠣᠷᠢᠭ | ᠰᠠᠨᠠᠭ᠎ᠠ ᠶᠢ ᠪᠠᠷᠢᠮᠲᠠᠯᠠᠵᠤ᠂ ᠲᠤᠰ ᠪᠡᠶ᠎ᠡ ᠶᠢᠨ ᠪᠣᠯᠪᠠᠰᠤᠷᠠᠯ ᠢᠶᠠᠨ ᠲᠠᠰᠤᠷᠠᠯᠲᠠ ᠦᠭᠡᠢ ᠳᠡᠭᠡᠭᠰᠢᠯᠡᠭᠦᠯᠦᠨ᠂ ᠠᠵᠢᠯ | ᠦᠢᠯᠡᠰ ᠢᠶᠠᠨ ᠳᠡᠭᠡᠳᠦᠯᠡᠵᠦ᠂ ᠳᠠᠷᠬᠠᠨ ᠰᠤᠮᠤᠨ ᠤ ᠰᠣᠶᠣᠯ ᠤᠳᠬ᠎ᠠ ᠤᠷᠠᠯᠢᠭ ᠤᠨ ᠦᠢᠯᠡᠰ ᠤᠨ ᠬᠥᠭᠵᠢᠯᠲᠡ ᠳᠤ | ᠥᠪᠡᠷ ᠤᠨ ᠬᠦᠴᠦᠨ ᠴᠢᠳᠠᠯ ᠢᠶᠠᠨ ᠡᠷᠭᠦᠭᠦ ᠶᠣᠮ᠃ |