ᠡᠪᠦᠯ ᠤᠨ ᠨᠠᠭᠠᠳᠤᠮ︕ | ᠥᠭᠦᠴᠡ ᠰᠣᠶᠣᠯ ᠤᠨ ᠠᠵᠢᠯᠯᠠᠭ᠎ᠠ︕ | 11 ᠰᠠᠷ᠎ᠠ ᠶᠢᠨ 30 ᠤ ᠡᠳᠦᠷ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠡᠪᠦᠯ ᠤᠨ ᠤᠯᠠᠷᠢᠯ ᠤᠨ ᠨᠠᠭᠠᠳᠤᠮ ᠵᠢᠴᠢ ︽ᠮᠤᠷᠢᠨ ᠤ | ᠬᠥᠳᠡᠭᠡ ᠳᠣᠰᠬᠤᠨ ᠤ ᠬᠡᠳᠦ ᠳᠡᠰ ᠤᠨ ᠬᠤᠯᠪᠤᠭᠠᠳᠣ ᠤᠷᠤᠯᠳᠤᠭᠠᠨ︾ · ᠥᠭᠦᠴᠡ ᠰᠣᠶᠣᠯ ᠤᠨ ᠠᠵᠢᠯᠯᠠᠭ᠎ᠠ | ᠪᠠᠲᠤᠬᠠᠭᠠᠯᠭ᠎ᠠ ᠨᠠᠭᠠᠳᠤᠮ ᠰᠤᠶᠤᠯ ᠤᠨ ᠬᠥᠷᠢᠶᠡᠯᠡᠩ ᠲᠤᠭᠤᠷᠢᠭ ᠲᠤ ᠡᠬᠢᠯᠡᠬᠦ ᠪᠠᠷ ᠪᠤᠯᠤᠯ᠎ᠠ᠃ | ᠠᠭᠤᠯᠭ᠎ᠠ ᠪᠠᠶᠠᠯᠢᠭ᠂ ᠠᠵᠢᠯᠯᠠᠭ᠎ᠠ ᠭᠤᠶᠢᠳᠡ ᠰᠠᠶᠢᠬᠠᠨ᠃ | ᠳᠣᠣᠷᠠᠬᠢ ᠪᠤᠯ ᠠᠵᠢᠯᠯᠭ᠎ᠠ ᠶᠢᠨ ᠳᠣᠬᠠᠢ ᠵᠠᠷᠯᠠᠯ | ᠲᠦᠷᠭᠡᠨ ᠦᠵᠡᠭᠡᠷᠡᠢ᠃ | 1. ᠪᠡᠯᠡᠳᠭᠡᠯ ᠬᠥᠳᠡᠯᠭᠡᠭᠡᠨ | ᠴᠠᠭ᠄ 11 ᠰᠠᠷ᠎ᠠ ᠶᠢᠨ 30 ᠤ ᠡᠳᠦᠷ ᠤᠨ 10᠄ 18 | ᠠᠭᠤᠯᠭ᠎ᠠ᠄ ᠥᠨᠳᠥᠰᠥᠳᠡᠨ ᠤ ᠤᠯᠠᠮᠵᠢᠯᠠᠯᠲᠤ ᠵᠣᠴᠢᠨ ᠤᠭᠲᠤᠬᠤ ᠶᠣᠰᠣᠯᠠᠯ ᠢ ᠣᠶᠢᠯᠠᠭᠠᠵᠤ᠂ ᠬᠥᠭᠵᠢᠶᠡᠨ | ᠨᠠᠷᠭᠢᠶᠠᠨ ᠲᠠᠢ ᠠᠬᠤᠢ ᠲᠠᠯᠠᠪᠡᠢ ᠶᠢᠨ ᠲᠣᠭᠯᠠᠯᠲᠠ ᠲᠠᠨ ᠢ ᠪᠠᠶᠠᠷᠯᠠᠨ ᠤᠭᠳᠣᠨᠠ᠃ | 2. ︽ᠮᠤᠷᠢᠨ ᠤ ᠬᠥᠳᠡᠭᠡ ᠳᠣᠰᠬᠤᠨ ᠤ ᠬᠡᠳᠦ ᠳᠡᠰ ᠤᠨ ᠬᠤᠯᠪᠤᠭᠠᠳᠣ ᠤᠷᠤᠯᠳᠤᠭᠠᠨ︾ ︵ᠠᠷᠪᠠᠳᠤᠭᠠᠷ | ᠲᠠᠯᠠᠪᠤᠷ︶ | ᠴᠠᠭ᠄ 11 ᠰᠠᠷ᠎ᠠ ᠶᠢᠨ 30 ᠤ ᠡᠳᠦᠷ ᠤᠨ 10᠄ 38 | ᠠᠭᠤᠯᠭ᠎ᠠ᠄ | ᠡᠪᠦᠯ ᠤᠨ ᠤᠯᠠᠷᠢᠯ ᠤᠨ ᠨᠠᠭᠠᠳᠤᠮ ᠤᠨ ᠡᠬᠢᠯᠡᠯᠳᠡ ᠶᠢᠨ ᠶᠤᠰᠤᠯᠠᠯ ᠵᠢᠴᠢ ᠲᠠᠯ᠎ᠠ ᠨᠤᠲᠤᠭ ᠤᠨ ᠦᠭᠦᠴᠡ | ᠰᠣᠶᠣᠯ ᠤᠨ ᠠᠵᠢᠯᠯᠠᠭ᠎ᠠ ᠶᠢᠨ ᠡᠬᠢᠯᠡᠯᠲᠡ ᠶᠢᠨ ᠶᠣᠰᠣᠯᠠᠯ | ︽ᠮᠤᠷᠢᠨ ᠤ ᠬᠥᠳᠡᠭᠡ ᠳᠣᠰᠬᠤᠨ ᠤ ᠬᠡᠳᠦ ᠳᠡᠰ ᠤᠨ ᠬᠤᠯᠪᠤᠭᠠᠳᠣ ᠤᠷᠤᠯᠳᠤᠭᠠᠨ︾ ᠠᠷᠪᠠᠳᠤᠭᠠᠷ ᠲᠠᠯᠠᠪᠠᠢ - | 2024 ᠤᠨ ᠤ ᠰᠡᠬᠦᠯ ᠬᠤᠷᠢᠶᠠᠬᠤ ᠤᠷᠤᠯᠳᠤᠭᠠᠨ | ᠦᠨᠳᠦᠰᠦᠲᠡᠨ ᠤ ᠬᠤᠪᠴᠠᠰᠤ ᠵᠠᠰᠠᠯ ᠲᠦᠷᠢᠶᠡᠰᠦᠯᠡᠯᠲᠡ ᠶᠢᠨ ᠵᠢᠭᠤᠯᠴᠢᠯᠠᠯ | ᠪᠠ ᠯᠢᠩ ᠴᠡᠴᠡᠷᠯᠢᠭ ᠲᠤ ᠵᠤᠭᠠᠴᠠᠬᠤ ᠴᠤᠭᠯᠠᠭ᠎ᠠ | ᠤᠯᠠᠮᠵᠢᠯᠠᠯᠲᠤ ᠲᠣᠭᠯᠠᠭᠠᠮ ᠢᠶᠠᠷ ᠪᠠᠭ᠎ᠠ ᠨᠠᠰᠤᠨ ᠤ ᠪᠠᠶᠠᠷ ᠪᠠᠶᠠᠰᠤᠯ ᠢ ᠡᠷᠭᠢᠭᠦᠴᠡᠭᠦᠯᠵᠥ ᠁ ᠡᠯ᠎ᠡ | ᠵᠦᠢᠯ ᠤᠨ ᠠᠵᠢᠯᠯᠠᠭ᠎ᠠ ᠨᠢ ᠬᠥᠮᠥᠰ ᠲᠤ ᠶᠢ ᠮᠥᠰᠥ ᠴᠠᠰᠤᠨ ᠤ ᠲᠠᠯ᠎ᠠ ᠨᠤᠲᠤᠭ ᠤᠨ ᠣᠷᠬᠢᠯᠤᠮ᠎ᠠ ᠬᠠᠯᠠᠭᠤᠨ | ᠬᠠᠶᠢᠷ᠎ᠠ ᠰᠡᠳᠭᠢᠯᠭᠡ ᠶᠢ ᠮᠡᠳᠡᠷᠡᠭᠦᠯᠵᠥ᠂ ᠡᠪᠦᠯ ᠤᠨ ᠡᠳᠦᠷ ᠤᠨ ᠪᠠᠶᠠᠷ ᠪᠠᠶᠠᠰᠤᠯ ᠢ ᠡᠳ᠋ᠯᠡᠭᠦᠯᠥᠨᠡ᠃ | 3 ᠥᠭᠦᠴᠡ ᠰᠣᠶᠣᠯ ᠤᠨ ᠠᠵᠢᠯᠯᠠᠭ᠎ᠠ | ᠴᠠᠭ᠄ 11 ᠰᠠᠷ᠎ᠠ ᠶᠢᠨ 30 ᠤ ᠡᠳᠦᠷ ᠤᠨ 10᠄ 48 | ᠠᠭᠤᠯᠭ᠎ᠠ ᠄ ᠥᠭᠦᠴᠡ ᠰᠣᠶᠣᠯ ᠤᠨ ᠠᠵᠢᠯᠯᠠᠭ᠎ᠠ ᠨᠢ ᠬᠠᠬᠢᠷ ᠬᠥᠢᠳᠡᠨ ᠡᠪᠥᠯ ᠤᠨ ᠤᠯᠠᠷᠢᠯ ᠲᠤ ᠭᠡᠷ ᠤᠨ | ᠭᠠᠳᠠᠨᠠᠬᠢ ᠲᠣᠮᠣ ᠲᠣᠭᠤᠭᠠᠨ ᠤ ᠮᠢᠬ᠎ᠠ᠂ ᠰᠢᠷᠠᠭᠰᠠᠨ ᠪᠥᠭᠦᠯᠢ ᠬᠤᠨᠢ ᠶᠢ ᠰᠦᠢᠳᠭᠡᠯ ᠬᠤᠷᠢᠶᠠᠬᠤ ᠦᠭᠡᠢ ᠪᠠᠷ | ᠠᠮᠳᠠᠯᠠᠭᠤᠯᠵᠤ᠂ ᠳᠠᠯ᠎ᠠ ᠨᠤᠳᠤᠭ ᠤᠨ ᠥᠨᠥᠷ ᠠᠮᠳᠠ ᠶᠢ ᠮᠡᠳᠡᠷᠡᠭᠦᠯᠵᠥ᠂ ᠳᠣᠮᠤ ᠲᠣᠭᠤᠭᠠᠨ ᠤ ᠮᠢᠬ᠎ᠠ ᠨᠢ ᠳᠠᠨ ᠤ | ᠪᠡᠶ᠎ᠡ ᠶᠢ ᠳᠣᠯᠠᠭᠠᠴᠠᠭᠤᠯᠤᠨ᠂ ᠳᠠᠷᠬᠠᠨ ᠮᠤᠤᠮᠢᠩᠭᠠᠨ ᠤ ᠵᠢᠩᠬᠢᠨᠢ ᠥᠨᠥᠷ ᠠᠮᠳᠠ ᠶᠢ ᠠᠮᠰᠠᠭᠤᠯᠤᠨ᠎ᠠ︔ | ᠲᠤᠬᠠᠢ ᠶᠢᠨ ᠲᠠᠯᠠᠪᠠᠢ ᠳᠠᠬᠢ ᠬᠤᠨᠢ ᠳᠣᠶᠠᠴᠢᠬᠤ ᠦᠵᠡᠭᠦᠯᠦᠯᠭᠡ ᠨᠢ ᠲᠠᠨ ᠳᠤ ᠳᠣᠭᠤᠭᠠᠴᠢ ᠨᠠᠷ ᠤᠨ | ᠪᠣᠯᠪᠠᠰᠤᠷᠠᠩᠭᠤᠢ ᠤᠷ᠎ᠠ ᠮᠡᠷᠭᠡᠵᠢᠯ ᠤᠨ ᠭᠠᠶᠢᠬᠠᠮᠰᠢᠭ ᠢ ᠦᠵᠡᠭᠦᠯᠭᠦ ᠪᠤᠯᠤᠨ᠎ᠠ᠃ ᠶᠦᠨ ᠳ᠋ᠦᠸᠧ ᠮᠠᠶᠢᠬᠠᠨ ᠳᠤ | ᠲᠥᠪᠯᠡᠷᠡᠭᠦᠯᠦᠨ ᠳᠡᠯᠭᠡᠨ ᠪᠣᠷᠣᠯᠠᠭᠤᠯᠬᠤ ᠴᠤᠭᠯᠠᠭᠠᠨ ᠨᠢ ᠬᠤᠰᠢᠭᠤᠨ ᠤ ᠴᠢᠨᠠᠷ ᠰᠠᠶᠢᠲᠠᠢ ᠲᠠᠷᠢᠶᠠᠯᠠᠩ ᠤᠨ | ᠲᠤᠰᠠᠯᠠᠬᠤ ᠣᠨᠴᠠ ᠭᠠᠷᠤᠯᠲᠠ ᠪᠦᠷᠢᠨ ᠭᠦᠢᠴᠡᠳ᠂ ᠰᠣᠶᠣᠯ ᠤᠨ ᠡᠭᠦᠳᠦᠯᠲᠡ ᠶᠢᠨ ᠪᠦᠲᠦᠭᠡᠭᠳᠡᠬᠦᠨ᠂ ᠪᠣᠳᠠᠰ ᠤᠨ | ᠪᠤᠰᠤ ᠰᠣᠶᠣᠯ ᠤᠨ ᠥᠪ ᠤᠨ ᠭᠠᠷ ᠤᠷᠠᠯᠠᠯ ᠤᠨ ᠪᠦᠲᠦᠭᠡᠭᠳᠡᠬᠦᠨ ᠢ ᠴᠤᠭᠯᠠᠭᠤᠯᠤᠨ ᠪᠤᠷᠤᠯᠠᠭᠤᠯᠵᠤ᠂ ᠲᠤᠬᠠᠢ ᠶᠢᠨ | ᠲᠠᠯᠠᠪᠤᠷ ᠲᠤ ᠪᠠᠷᠠᠭᠠᠨ ᠤ ᠭᠦᠢᠯᠭᠡᠭᠡᠨ ᠤ ᠲᠦᠷᠭᠡᠨ ᠬᠦᠷᠭᠡᠯᠲᠡ ᠶᠢᠨ ᠦᠢᠯᠡᠴᠢᠯᠡᠭᠡ ᠬᠠᠩᠭᠠᠵᠤ᠂ ᠳᠠᠷᠬᠠᠨ | ᠮᠤᠤᠮᠢᠩᠭᠠᠨ ᠤ ᠦᠨᠤᠷ ᠠᠮᠲᠠᠲᠤ ᠢᠳᠡᠭᠡᠨ ᠤᠮᠳᠠᠭᠠᠨ ᠢ ᠬᠡᠷ ᠳᠤ ᠴᠢᠨᠢ ᠭᠥᠷᠭᠡᠬᠦ ᠪᠤᠯᠤᠨ᠎ᠠ ᠁ | 4. ᠲᠦᠳᠡᠭ ᠭᠠᠯ | ᠴᠠᠭ᠄ 11 ᠰᠠᠷ᠎ᠠ ᠶᠢᠨ 30 ᠤ ᠡᠳᠦᠷ ᠤᠨ 18᠄ 30 | ᠠᠭᠤᠯᠭ᠎ᠠ᠄ | ᠲᠦᠳᠡᠭ ᠭᠠᠯ ᠪᠠᠨ ᠲᠤᠭᠤᠷᠢᠨ ᠪᠥᠵᠢᠭᠯᠡᠵᠥ | ᠲᠠᠯ᠎ᠠ ᠨᠤᠲᠤᠭ ᠤᠨ ᠲᠣᠭᠯᠠᠯᠲᠠ ᠪᠠᠨ ᠰᠤᠨᠢᠷᠬᠠᠨ | ᠣᠳᠣᠨ ᠣᠭᠲᠠᠷᠭᠤᠢ ᠶᠢ ᠰᠢᠷᠳᠡᠨ | ᠮᠥᠰᠥ ᠴᠠᠰᠤᠨ ᠤ ᠷᠣᠮᠠᠨᠲ᠋ᠢᠭ ᠢ ᠬᠠᠮᠳᠤ ᠪᠠᠷ ᠡᠳ᠋ᠯᠡᠶ᠎ᠡ ᠁ | ᠠᠵᠢᠯᠯᠠᠭ᠎ᠠ ᠶᠢᠨ ᠠᠬᠤᠢ ᠲᠠᠯᠠᠪᠠᠢ ᠳᠤ | ᠪᠡᠶ᠎ᠡ ᠳᠣᠯᠠᠭᠠᠴᠠᠭᠤᠯᠤᠮᠠ | ᠦᠨ᠎ᠡ ᠲᠥᠯᠥᠪᠦᠷᠢ ᠦᠭᠡᠢ ᠳᠣᠮᠣ ᠲᠣᠭᠤᠭ᠎ᠠ ᠲᠠᠢ ᠰᠥ ᠲᠠᠢ ᠴᠠᠢ | ᠬᠠᠮᠲᠤ ᠪᠠᠷ ᠠᠮᠲᠠᠯᠠᠵᠤ ᠦᠵᠡᠬᠦ ᠶᠢ ᠤᠷᠢᠵᠤ ᠪᠠᠶᠢᠨ᠎ᠠ᠃ | ᠭᠤᠶᠤ ᠦᠵᠡᠮᠵᠢ ᠠᠮᠲᠠᠲᠤ ᠢᠳᠡᠭᠡᠨ ᠪᠡᠯᠡᠬᠡᠨ ᠪᠤᠯᠤᠯ᠎ᠠ | ᠳᠠᠷᠬᠠᠨ ᠮᠤᠤᠮᠢᠩᠭᠠᠨ ᠳᠤ ᠢᠷᠡᠵᠥ | ᠨᠢᠭᠡᠨ ᠬᠥᠷ ᠬᠥᠭᠵᠢᠶᠡᠨ ᠲᠠᠢ ᠡᠪᠦᠯ ᠤᠨ ᠡᠳᠤᠷ ᠥᠩᠭᠡᠷᠡᠭᠦᠯᠥᠶᠡ︕ | |