ᠪᠤᠯᠤᠩ ᠨᠡᠭᠡᠭᠡᠬᠦ ᠦᠭᠡ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ︵ᠳᠦᠭᠦᠮᠴᠢᠯᠡᠭᠡᠳ᠄ ᠳᠠᠷᠬᠠᠨ ᠮᠤᠤᠮᠢᠩᠭᠠᠨ︶᠂ ᠡᠬᠡ | ᠤᠯᠤᠰ ᠤᠨ ᠤᠮᠠᠷᠠᠲᠤ ᠬᠢᠯᠢ ᠬᠢᠵᠠᠭᠠᠷ ᠲᠤ ᠪᠠᠶᠢᠷᠢᠯᠠᠵᠤ᠂ ᠥᠨᠢ ᠤᠳᠠᠭᠠᠨ ᠲᠡᠦᠬᠡ ᠲᠠᠢ᠂ ᠭᠠᠷᠮᠠᠭᠠᠶ ᠬᠦᠮᠦᠰ ᠤᠯᠠᠨ | ᠪᠠᠶᠢᠳᠠᠭ᠃ ᠣᠯᠠᠨ ᠵᠢᠯ ᠤᠨ ᠲᠤᠷᠰᠢ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠣᠯᠠᠨ ᠡᠰᠢᠲᠦ ᠰᠣᠶᠣᠯ | ᠰᠣᠯᠪᠢᠴᠠᠨ ᠨᠡᠪᠲᠡᠷᠡᠯᠴᠡᠵᠦ᠂ ᠣᠯᠠᠨ ᠦᠨᠳᠦᠰᠦᠲᠡᠨ ᠡᠶ᠎ᠡ ᠵᠣᠬᠢᠴᠠᠩᠭᠤᠶ ᠶᠢ ᠬᠠᠮᠲᠤ ᠪᠠᠷ ᠠᠭᠤᠰᠤᠯᠴᠠᠭᠤᠯᠵᠤ᠂ | ᠦᠨᠳᠦᠰᠦᠲᠡᠨ ᠤ ᠪᠦᠯᠬᠦᠮᠳᠡᠯ ᠤᠨ ᠨᠠᠶᠢᠷᠠᠯ ᠬᠥᠭᠵᠢᠮ ᠢ ᠪᠢᠴᠢᠭᠯᠡᠪᠡ᠃ ︽ᠭᠤᠷᠪᠠᠨ ᠮᠢᠩᠭᠠᠨ ᠥᠨᠥᠴᠢᠨ ᠬᠡᠦᠬᠡᠳ | ᠥᠪᠥᠷ ᠮᠣᠩᠭᠤᠯ ᠳᠤ ᠢᠷᠡᠵᠦ︾᠂ ︽ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ ᠪᠤᠭᠤᠲᠤ ᠶᠢᠨ ᠪᠤᠯᠤᠳ | ᠲᠡᠮᠤᠷ ᠤᠨ ᠺᠣᠮᠫᠠᠨᠢ ᠶᠢ ᠪᠠᠶᠢᠭᠤᠯᠬᠤ︾᠂ ︽ᠲᠠᠯ᠎ᠠ ᠨᠤᠲᠤᠭ ᠤᠨ ᠪᠢᠴᠢᠬᠠᠨ ᠪᠠᠭᠠᠲᠤᠷ ᠡᠭᠡᠴᠢ ᠥᠬᠢᠨ ᠳᠡᠭᠦᠦ︾ | ᠶᠢᠨ ᠲᠡᠦᠬᠡ ᠶᠢᠨ ᠰᠠᠶᠢᠬᠠᠨ ᠦᠯᠢᠭᠡᠷ ᠪᠠ ᠪᠠᠭᠠᠲᠤᠷᠴᠤᠳ ᠤᠨ ᠦᠯᠢᠭᠡᠷ ᠠᠳᠡ ᠠᠴᠠ ᠤᠯᠠᠮᠵᠢᠯᠠᠭᠳᠠᠪᠠ᠃ ᠳᠠᠷᠬᠠᠨ | ᠮᠤᠤᠮᠢᠩᠭᠠᠨ ᠬᠤᠯᠪᠣᠭᠠᠲᠤ ᠬᠤᠰᠢᠭᠤ 1952 ᠣᠨ ᠳᠤ ᠬᠤᠰᠢᠭᠤ ᠪᠠᠶᠢᠭᠤᠯᠤᠭᠳᠠᠭᠰᠠᠨ ᠠᠴᠠ ᠨᠠᠭᠠᠰᠢ᠂ 70 | ᠭᠠᠷᠤᠢ ᠵᠢᠯ ᠬᠦᠴᠢᠷ ᠪᠡᠷᠬᠡᠰᠢᠶᠡᠯ ᠢ ᠢᠯᠠᠨ ᠳᠠᠪᠠᠵᠤ᠂ ᠡᠷᠡᠮᠡᠬᠡᠶᠢᠯᠡᠨ ᠤᠷᠤᠭᠰᠢᠯᠠᠪᠠ︔ 70 ᠭᠠᠷᠤᠢ ᠵᠢᠯ ᠰᠠᠯᠬᠢ | ᠪᠣᠷᠣᠭᠠᠨ ᠳᠤ᠂ ᠭᠡᠷᠡᠯ ᠰᠠᠴᠤᠷᠠᠩᠭᠤᠢ ᠦᠢᠯᠡᠰ ᠢ ᠴᠣᠭᠴᠠᠯᠠᠪᠠ᠃ ᠡᠳᠦᠭᠡ᠂ ᠳᠠᠷᠬᠠᠨ ᠮᠤᠤᠮᠢᠩᠭᠠᠨ ᠬᠤᠯᠪᠣᠭᠠᠲᠤ | ᠬᠤᠰᠢᠭᠤ ᠶᠠᠭ ᠨᠡᠶᠢᠭᠡᠮ ᠵᠢᠷᠤᠮ ᠤᠨ ᠣᠳᠣᠬᠢᠴᠢᠯᠠᠭᠰᠠᠨ ᠤᠯᠤᠰ ᠢ ᠪᠥᠬᠦ ᠲᠠᠯ᠎ᠠ ᠪᠠᠷ ᠪᠥᠲᠥᠭᠡᠨ ᠪᠠᠶᠢᠭᠤᠯᠬᠤ | ᠲᠡᠦᠬᠡ ᠶᠢᠨ ᠤᠷᠤᠰᠬᠠᠯ ᠤᠨ ᠡᠮᠦᠨ᠎ᠡ ᠵᠣᠭᠰᠣᠵᠤ᠂ ᠲᠤᠭ᠎ᠠ ᠲᠣᠮᠰᠢ ᠥᠬᠡᠶ ᠲᠠᠯ᠎ᠠ ᠨᠤᠲᠤᠭ ᠤᠨ ᠬᠥᠪᠡᠭᠦᠳ | ᠥᠬᠢᠳ ᠪᠥᠬᠦ ᠬᠤᠰᠢᠭᠤᠨ ᠤ ᠠᠵᠤ ᠠᠬᠤᠶ ᠨᠡᠶᠢᠭᠡᠮ ᠤᠨ ᠡᠯ᠎ᠡ ᠵᠦᠢᠯ ᠤᠨ ᠠᠵᠢᠯ ᠦᠢᠯᠡᠰ ᠤᠨ ᠬᠥᠭᠵᠢᠯᠲᠡ ᠳᠤ | ᠮᠠᠰᠢ ᠣᠯᠠᠨ ᠬᠦᠴᠦ ᠬᠥᠳᠡᠯᠮᠦᠷᠢ ᠵᠠᠷᠤᠴᠠᠭᠤᠯᠵᠤ᠂ ᠲᠡᠳᠡᠨ ᠤ ᠳᠣᠲᠣᠷᠠᠬᠢ ᠵᠠᠷᠢᠮ ᠬᠥᠮᠦᠰ ᠨᠢᠭᠡᠨᠲᠡ ᠣᠨᠳᠣᠤ | ᠭᠠᠵᠠᠷ ᠲᠤ ᠬᠦᠷᠴᠦ ᠠᠵᠢᠯᠯᠠᠵᠤ ᠠᠮᠢᠳᠤᠷᠠᠵᠤ ᠪᠠᠶᠢᠨ᠎ᠠ᠃ | ᠨᠠᠩ ᠥᠷᠭᠡᠨ ᠳᠡᠯᠭᠡᠷ ᠬᠠᠯᠠᠮᠵᠢᠯᠠᠯ ᠳᠡᠮᠵᠢᠯᠭᠡ ᠶᠢ ᠲᠥᠪᠯᠡᠷᠡᠭᠦᠯᠵᠦ᠂ ᠮᠠᠨ ᠤ ᠬᠤᠰᠢᠭᠤᠨ ᠤ ᠴᠢᠨᠠᠷ ᠰᠠᠶᠢᠲᠠᠶ | ᠬᠥᠭᠵᠢᠯᠲᠡ ᠶᠢ ᠠᠬᠢᠭᠤᠯᠬᠤ ᠶᠢᠨ ᠲᠥᠯᠥᠭᠡ᠂ ᠬᠤᠰᠢᠭᠤᠨ ᠤ ᠤᠯᠤᠰ ᠲᠥᠷᠥ ᠶᠢᠨ ᠵᠥᠪᠯᠡᠯᠭᠡᠨ ᠤ ᠰᠠᠨᠠᠯ | ᠳᠤᠷᠠᠳᠤᠯᠭ᠎ᠠ ᠰᠣᠶᠣᠯ ᠲᠡᠦᠬᠡ ᠶᠢᠨ ᠵᠥᠪᠯᠡᠯ ᠪᠣᠯᠤᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ ᠲᠠᠢ | ᠬᠠᠮᠲᠤᠷᠠᠨ ︽ᠥᠩᠭᠡ ᠢᠯᠭᠠᠷᠠᠭᠰᠠᠨ ᠶᠡᠭᠡ ᠨᠡᠭᠡᠭᠡᠯᠲᠡᠲᠡᠶ ᠪᠠᠭᠲᠠᠭᠠᠮᠵᠢᠲᠠᠶ — ᠲᠡᠭᠷᠢ ᠶᠢᠨ ᠬᠠᠶᠠᠭᠠᠨ ᠳᠠᠬᠢ | ᠳᠠᠷᠬᠠᠨ ᠮᠤᠤᠮᠢᠩᠭᠠᠨ ᠤ ᠬᠥᠮᠦᠰ︾ ᠭᠡᠬᠦ ᠪᠤᠯᠤᠩ ᠢ ᠨᠡᠭᠡᠭᠡᠵᠦ᠂ ᠳᠦᠷᠦᠭᠰᠡᠨ᠂ ᠰᠤᠷᠤᠯᠴᠠᠬᠤ᠂ ᠦᠰᠦᠨ | ᠪᠤᠶᠢᠵᠢᠭᠰᠠᠨ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠳᠤ ᠠᠵᠢᠯᠯᠠᠵᠤ ᠪᠠᠶᠢᠭᠰᠠᠨ ᠤᠯᠤᠰ ᠤᠨ | ᠳᠣᠲᠣᠭᠠᠳᠤ ᠭᠠᠳᠠᠭᠠᠳᠤ ᠶᠢᠨ ᠰᠤᠳᠤᠴᠤᠤᠯ ᠤᠨ ᠬᠥᠮᠦᠰ᠂ ᠰᠢᠯᠢᠳᠡᠭ ᠬᠥᠮᠦᠰ ᠤᠨ ᠴᠤᠭ ᠵᠢᠪᠬᠤᠭ᠎ᠠ ᠶᠢ | ᠢᠯᠡᠷᠡᠭᠦᠯᠵᠦ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠨᠡᠭᠡᠭᠡᠯᠲᠡᠲᠡᠶ ᠪᠠᠭᠲᠠᠭᠠᠮᠵᠢᠲᠠᠶ᠂ ᠴᠤᠭ | ᠪᠠᠳᠠᠷᠠᠩᠭᠤᠶ ᠥᠭᠡᠳᠡᠯᠡᠨ ᠳᠠᠪᠰᠢᠬᠤ ᠰᠠᠶᠢᠨ ᠰᠠᠶᠢᠬᠠᠨ ᠳᠦᠷᠢ ᠲᠥᠷᠬᠦ ᠶᠢ ᠪᠣᠶ ᠪᠣᠯᠭᠠᠵᠤ᠂ ᠨᠠᠩ ᠣᠯᠠᠨ | ᠰᠡᠳᠭᠢᠯᠭᠡ ᠪᠠᠷ ᠨᠤᠲᠤᠭ ᠤᠰᠤ ᠲᠠᠢ ᠪᠠᠨ ᠰᠡᠳᠬᠢᠯ ᠵᠢᠷᠦᠬᠡ ᠪᠠᠨ ᠬᠤᠯᠪᠣᠵᠤ᠂ ᠨᠤᠲᠤᠭ ᠤᠰᠤ ᠲᠠᠢ ᠪᠠᠨ ᠰᠡᠳᠬᠢᠯ | ᠵᠢᠷᠦᠬᠡ ᠪᠠᠨ ᠬᠤᠯᠪᠤᠭᠰᠠᠨ ᠬᠥᠮᠦᠰ ᠤᠨ ᠳᠠᠷᠬᠠᠨ ᠮᠤᠤᠮᠢᠩᠭᠠᠨ ᠤ ᠲᠠᠯ᠎ᠠ ᠨᠤᠲᠤᠭ ᠤᠨ ᠬᠥᠭᠵᠢᠯᠲᠡ ᠳᠤ ᠠᠷᠭ᠎ᠠ | ᠤᠬᠠᠭᠠᠨ ᠭᠠᠷᠭᠠᠵᠤ ᠬᠦᠴᠦᠨ ᠴᠢᠳᠠᠯ ᠢᠶᠠᠨ ᠡᠷᠭᠦᠬᠦ ᠪᠠᠷ ᠵᠣᠷᠢᠯᠭ᠎ᠠ ᠪᠠᠨ ᠪᠣᠯᠭᠠᠵᠠᠢ᠃ | ᠨᠠᠶᠢᠷᠠᠭᠤᠯᠤᠭᠴᠢ ᠶᠢᠨ ᠦᠭᠡ᠄ | 1964 ᠣᠨ ᠤ 2 ᠳ᠋ᠤᠭᠠᠷ ᠰᠠᠷ᠎ᠠ ᠶᠢᠨ 9 ᠤ ᠡᠳᠤᠷ ᠨᠢᠭᠡ ᠤᠳᠠᠭ᠎ᠠ ᠶᠢᠨ ᠰᠢᠭᠤᠷᠭ᠎ᠠ ᠨᠢ ᠳᠠᠷᠬᠠᠨ | ᠮᠤᠤᠮᠢᠩᠭᠠᠨ ᠤ ᠲᠠᠯ᠎ᠠ ᠨᠤᠲᠤᠭ ᠢ ᠳᠠᠭᠠᠷᠢᠵᠤ᠂ ᠬᠤᠶᠠᠷ ᠪᠢᠴᠢᠬᠠᠨ ᠮᠠᠯᠴᠢᠨ ᠤ ᠬᠤᠪᠢ ᠵᠠᠶᠠᠭ᠎ᠠ ᠶᠢ ᠬᠤᠪᠢᠷᠠᠭᠤᠯᠪᠠ᠃ | 11 ᠨᠠᠰᠤᠲᠠᠢ ᠡᠭᠡᠴᠢ ᠪᠣᠯᠣᠨ 9 ᠨᠠᠰᠤᠲᠠᠢ ᠥᠬᠢᠨ ᠳᠡᠭᠦᠦ ᠨᠢ ᠬᠠᠮᠲᠤ ᠨᠡᠶᠢᠲᠡ ᠶᠢᠨ 384 ᠬᠤᠨᠢ ᠶᠢ | ᠬᠠᠮᠠᠭᠠᠯᠠᠬᠤ ᠶᠢᠨ ᠲᠥᠯᠥᠭᠡ᠂ ᠲᠡᠭ ᠠᠴᠠ ᠳᠣᠷᠣᠭᠰᠢ 37 ᠭᠷᠡᠳᠦ᠋ᠰ ᠤᠨ ᠬᠠᠬᠢᠷ ᠬᠦᠢᠲᠡᠨ ᠤ ᠳᠤᠮᠳᠠ ᠲᠤᠷᠤᠢ | ᠪᠠᠭᠤᠷᠠᠢ ᠪᠡᠶ᠎ᠡ ᠪᠠᠷ ᠢᠶᠠᠨ ᠰᠢᠭᠤᠷᠭ᠎ᠠ ᠲᠠᠢ 20 ᠭᠠᠷᠤᠢ ᠴᠠᠭ ᠲᠡᠮᠡᠴᠡᠵᠦ᠂ 70 ᠭᠠᠷᠤᠢ ᠭᠠᠵᠠᠷ ᠶᠠᠪᠤᠭᠠᠳ | ᠡᠴᠦᠰ ᠲᠡᠭᠡᠨ ᠴᠠᠰᠤᠨ ᠳᠤ ᠮᠠᠨᠠᠷᠠᠨ ᠤᠨᠠᠵᠠᠢ᠃ ᠡᠴᠦᠰ ᠲᠤ᠂ ᠬᠠᠮᠲᠤ ᠶᠢᠨ ᠬᠤᠨᠢᠨ ᠤ ᠰᠦᠷᠦᠭ ᠠᠪᠤᠷᠠᠭᠳᠠᠵᠤ᠂ | ᠡᠭᠡᠴᠢ ᠦᠬᠢᠨ ᠳᠡᠭᠦᠦ ᠬᠤᠶᠠᠭᠤᠯᠠ ᠬᠠᠷᠢᠨ ᠨᠠᠰᠤᠨ ᠲᠤᠷᠰᠢᠳᠠ ᠵᠡᠮᠳᠡᠭ ᠪᠣᠯᠤᠭᠰᠠᠨ ᠪᠠᠶᠢᠨ᠎ᠠ᠃ 1964 ᠣᠨ ᠤ | 3 ᠳ᠋ᠤᠭᠠᠷ ᠰᠠᠷ᠎ᠠ ᠶᠢᠨ 12 ᠤᠨ ᠡᠳᠤᠷ ᠰᠢᠨᠬᠤᠸᠠ ᠬᠤᠷᠢᠶ᠎ᠠ ᠠᠴᠠ ︽ᠴᠠᠰᠤ ᠰᠢᠭᠤᠷᠭᠠᠨ ᠳᠠᠬᠢ ᠨᠢᠭᠡ ᠰᠦᠨᠢ︾ | ᠶᠢ ᠨᠡᠶᠢᠲᠡᠯᠡᠭᠰᠡᠨ ᠤ ᠬᠠᠮᠲᠤ ︽ᠠᠷᠠᠳ ᠤᠨ ᠡᠳᠦᠷ ᠤᠨ ᠰᠣᠨᠢᠨ︾ ᠵᠡᠷᠭᠡ ᠵᠠᠭᠤᠴᠢᠯᠠᠭᠤᠷ ᠲᠤ ᠨᠡᠶᠢᠲᠡᠯᠡᠭᠳᠡᠪᠡ᠃ | ᠨᠢᠭᠡ ᠴᠠᠭ ᠲᠤ᠂ ᠡᠭᠡᠴᠢ ᠳᠡᠭᠦᠦ ᠬᠤᠶᠠᠭᠤᠯᠠ ᠪᠦᠬᠦ ᠤᠯᠤᠰ ᠤᠨ ᠨᠡᠶᠢᠲᠡᠯᠢᠭ ᠬᠥᠮᠥᠰ ᠪᠣᠯᠵᠤ᠂ ᠲᠡᠳᠡᠨ ᠤ | ᠰᠡᠳᠬᠢᠯ ᠬᠥᠳᠡᠯᠭᠡᠮ᠎ᠡ ᠦᠢᠯᠡ ᠶᠠᠪᠤᠳᠠᠯ ᠨᠢ ᠵᠠᠯᠭᠠᠭ᠎ᠠ ᠪᠠᠷ ᠶᠠᠷᠢᠶᠠᠲᠤ ᠵᠦᠴᠦᠭᠡ᠂ ᠺᠢᠨᠣ᠋᠂ ᠪᠡᠭᠡᠵᠢᠩ ᠰᠢ ᠪᠣᠯᠵᠤ | ᠥᠭᠡᠷᠡᠴᠢᠯᠡᠭᠳᠡᠪᠡ᠋ ···· ᠋᠋ᠲᠡᠳᠡ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠠᠴᠠ ᠨᠠᠰᠢᠬᠢ | ︽ᠬᠠᠮᠲᠤ ᠶᠢᠨ ᠦᠵᠡᠯ ᠤᠨ ᠵᠤᠷᠢᠭ ᠰᠠᠨᠠᠭ᠎ᠠ︾ ᠶᠢᠨ ᠲᠥᠯᠥᠭᠡᠨ ᠤ ᠨᠡᠷ᠎ᠡ ᠦᠭᠡ ᠪᠤᠯᠵᠠᠶ᠃ ᠥᠨᠥᠳᠥᠷ ᠪᠣᠯᠬᠤ ᠳᠤ | ᠂ ᠲᠡᠳᠡᠨ ᠤ ᠪᠠᠭᠠᠲᠤᠷᠯᠢᠭ ᠦᠢᠯᠡ ᠠᠵᠢᠯᠯᠠᠭ᠎ᠠ ᠨᠢ ᠨᠢᠭᠡᠨᠲᠡ ᠪᠦᠬᠦᠯᠢ 60 ᠵᠢᠯ ᠤᠯᠠᠮᠵᠢᠯᠠᠭᠳᠠᠵᠤ᠂ ᠲᠡᠳᠡ | ᠬᠠᠮᠲᠤᠴᠢ ᠦᠵᠡᠯ ᠤᠨ ᠵᠣᠷᠢᠭ ᠰᠠᠨᠠᠭ᠎ᠠ ᠪᠠᠷ ᠬᠡᠳᠦᠨ ᠦᠶ᠎ᠡ ᠶᠢᠨ ᠬᠥᠮᠥᠰ ᠢ ᠬᠥᠮᠥᠵᠢᠭᠦᠯᠦᠨ ᠵᠣᠷᠢᠭᠵᠢᠭᠤᠯᠵᠤ᠂ | ︽ᠨᠢᠭᠡᠨ ᠬᠤᠶᠠᠭ ᠢ ᠲᠤᠭᠤᠯᠤᠭᠰᠠᠨ ᠣᠶᠤᠨ ᠰᠠᠨᠠᠭᠠᠨ ᠤ ᠠᠶᠠᠯᠠᠯ ᠤᠨ ᠴᠠᠮᠬᠠᠭ︾ ᠬᠡᠮᠡᠭᠳᠡᠭᠰᠡᠨ ᠪᠠᠶᠢᠨ᠎ᠠ᠃ ᠲᠡᠳᠡ | ᠪᠣᠯ ᠳᠠᠷᠤᠢ ︽ᠪᠦᠬᠦ ᠤᠯᠤᠰ ᠤᠨ ᠬᠠᠮᠤᠭ ᠭᠤᠶᠣ ᠲᠡᠮᠡᠴᠡᠭᠴᠢ︾ ᠢᠷᠠᠭᠤ ᠠᠯᠳᠠᠷ ᠢ ᠬᠦᠷᠲᠡᠭᠰᠡᠨ ︽ᠲᠠᠯ᠎ᠠ | ᠨᠤᠲᠤᠭ ᠤᠨ ᠪᠠᠭᠠᠲᠤᠷ ᠡᠭᠡᠴᠢ ᠥᠬᠢᠨ ᠳᠡᠭᠦᠦ︾ ᠯᠦᠩ ᠮᠧᠢ ᠪᠣᠯᠤᠨ ᠢᠦᠢ ᠷᠦᠩ ᠪᠣᠯᠤᠨ᠎ᠠ᠃ ᠣᠯᠠᠨ ᠵᠢᠯ ᠤᠨ | ᠲᠤᠷᠰᠢ᠂ ᠯᠦᠩ ᠮᠧᠶ᠂ ᠢᠦᠶ ᠷᠦᠩ ᠡᠷᠡᠰ ᠪᠠᠲᠤ ᠵᠣᠷᠢᠭ ᠰᠠᠨᠠᠭ᠎ᠠ ᠪᠠ ᠪᠠᠶᠠᠰᠤᠩᠭᠤᠶ ᠣᠪᠣᠷ ᠢᠶᠠᠷ ᠪᠡᠶ᠎ᠡ ᠵᠡᠮᠳᠡᠭ | ᠪᠣᠯᠤᠭᠰᠠᠨ ᠳᠥᠭᠦᠮ ᠦᠭᠡᠢ ᠪᠠ ᠵᠣᠪᠠᠨᠢᠯ ᠢ ᠢᠯᠠᠨ ᠳᠠᠪᠠᠵᠤ᠂ ᠴᠢᠷᠮᠠᠶᠢᠨ ᠰᠤᠷᠤᠯᠴᠠᠵᠤ᠂ ᠨᠠᠷᠢᠨ ᠬᠢᠨᠠᠮᠠᠭᠠᠶ | ᠠᠵᠢᠯᠯᠠᠵᠤ᠂ ᠪᠡᠶ᠎ᠡ ᠪᠠᠨ ᠴᠢᠩᠭ᠎ᠠ ᠱᠠᠭᠠᠷᠳᠠᠵᠤ᠂ ᠠᠵᠢᠯ ᠤᠨ ᠪᠠᠶᠢᠷᠢ ᠳᠡᠭᠡᠷ᠎ᠡ ᠪᠠᠨ ︽ᠪᠠᠭᠠᠲᠤᠷᠴᠤᠳ︾ ᠤᠨ | ᠳᠦᠷᠢ ᠲᠥᠷᠬᠦ ᠪᠠ ᠰᠤᠷᠲᠠᠯ ᠢᠶᠠᠷ ᠲᠦᠷᠦᠭᠦᠯᠡᠨ ᠵᠠᠮ ᠨᠡᠭᠡᠭᠡᠨ ᠤᠷᠤᠭᠰᠢᠯᠠᠵᠤ᠂ ᠰᠢᠷᠭᠠᠭᠤ ᠬᠠᠲᠠᠭᠤᠵᠢᠯᠲᠠᠶ | ᠠᠵᠢᠯᠯᠠᠵᠤ᠂ ᠢᠯᠠᠩᠭᠤᠶ᠎ᠠ ᠠᠷᠠᠳ ᠤᠨ ᠤᠯᠤᠰ ᠲᠦᠷᠦ ᠶᠢᠨ ᠵᠥᠪᠯᠡᠯᠭᠡᠨ ᠤ ᠡᠨᠡᠬᠦ ᠨᠢᠭᠡᠳᠦᠮᠡᠯ ᠹᠷᠣᠨᠲ ᠲᠤ | ᠨᠡᠯᠢᠶᠡᠳ ᠶᠡᠭᠡ ᠬᠤᠪᠢ ᠨᠡᠮᠡᠷᠢ ᠦᠵᠡᠭᠦᠯᠵᠦ᠂ ᠬᠥᠮᠦᠰ ᠢ ᠪᠢᠰᠢᠷᠡᠭᠦᠯᠬᠦ ᠤᠯᠤᠰ ᠲᠦᠷᠦ ᠶᠢᠨ ᠵᠥᠪᠯᠡᠯᠭᠡᠨ ᠤ | ᠬᠠᠶᠢᠷ᠎ᠠ ᠰᠡᠳᠬᠢᠯᠭᠡ ᠶᠢ ᠢᠯᠡᠷᠡᠭᠦᠯᠦᠭᠰᠡᠨ ᠪᠠᠶᠢᠨ᠎ᠠ᠃ ᠡᠳᠦᠷ ᠳᠤᠳᠤᠮ ᠤᠨ ᠠᠮᠢᠳᠤᠷᠠᠯ ᠳᠤᠮᠳᠠ᠂ ᠲᠡᠳᠡ ᠪᠠᠰᠠ | ᠡᠭᠡᠯ ᠠᠷᠠᠳ ᠤᠨ ᠬᠤᠪᠢ ᠪᠠᠷ ᠡᠭᠡᠯ ᠪᠣᠷᠣᠭᠵᠢᠭᠤᠨ ᠠᠮᠢᠳᠤᠷᠠᠯ ᠬᠢᠵᠦ᠂ ᠪᠡᠶ᠎ᠡ ᠪᠠᠷ ᠢᠶᠠᠨ ᠬᠡᠪ ᠳᠦᠷᠢᠮ ᠪᠣᠯᠵᠤ᠂ | ᠪᠤᠰᠤᠳ ᠲᠠᠢ ᠳᠠᠷᠤᠤ ᠬᠢᠴᠢᠶᠡᠩᠭᠦᠢ ᠪᠠᠷ ᠬᠠᠨᠳᠤᠵᠤ᠂ ᠳᠡᠷᠭᠡᠳᠡᠬᠢ ᠪᠤᠢ ᠪᠦᠬᠦᠢ ᠬᠥᠮᠥᠰ ᠤᠨ ᠬᠦᠨᠳᠦᠳᠬᠡᠯ ᠪᠠ | ᠮᠠᠭᠲᠠᠭᠠᠯ ᠰᠠᠶᠢᠰᠢᠶᠠᠯ ᠢ ᠣᠯᠵᠠᠢ᠃ ᠡᠳᠦᠭᠡ᠂ ᠯᠦᠩ ᠮᠧᠢ᠂ ᠢᠦᠢ ᠷᠦᠩ ᠨᠢᠭᠡᠨᠲᠡ ᠨᠠᠰᠤ ᠠᠭᠰᠢᠷᠠᠵᠤ᠂ | ᠠᠵᠢᠯ ᠠᠴᠠ ᠪᠠᠨ ᠠᠮᠠᠷᠠᠵᠤ ᠤᠳᠠᠭᠠᠨ ᠵᠢᠯ ᠪᠣᠯᠤᠭᠰᠠᠨ ᠪᠣᠯᠪᠠᠴᠤ᠂ ᠦᠯᠡᠳᠡᠪᠦᠷᠢ ᠢᠯᠴᠢ ᠪᠠᠨ ᠪᠠᠳᠠᠷᠠᠭᠤᠯᠬᠤ ᠶᠢ | ᠦᠷᠭᠦᠯᠵᠢᠯᠡᠨ ᠪᠠᠷᠢᠮᠲᠠᠯᠠᠵᠤ᠂ ᠥᠷᠭᠡᠨ ᠤᠯᠠᠨ ᠵᠠᠯᠠᠭᠤᠴᠤᠳ ᠪᠠᠭᠠᠴᠤᠳ ᠤᠨ ᠡᠷᠡᠭᠦᠯ ᠢᠶᠠᠷ ᠦᠰᠦᠨ ᠪᠤᠶᠢᠵᠢᠬᠤ ᠶᠢ | ᠵᠣᠷᠢᠭᠵᠢᠭᠤᠯᠬᠤ ᠠᠵᠢᠯ ᠤᠨ ᠳᠤᠮᠳᠠ ᠦᠷᠭᠦᠯᠵᠢᠯᠡᠨ ᠶᠠᠪᠤᠵᠤ ᠪᠠᠶᠢᠨ᠎ᠠ᠃ | 2024 ᠣᠨ ᠳᠤ᠂ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 75 ᠵᠢᠯ ᠤᠨ ᠣᠢ᠂ ᠠᠷᠠᠳ ᠤᠨ | ᠤᠯᠤᠰ ᠲᠦᠷᠦ ᠶᠢᠨ ᠵᠥᠪᠯᠡᠯᠭᠡᠨ ᠪᠠᠶᠢᠭᠤᠯᠤᠭᠳᠠᠭᠰᠠᠨ 75 ᠵᠢᠯ ᠤᠨ ᠣᠢ ᠪᠤᠯᠤᠨ᠎ᠠ᠃ 75 ᠵᠢᠯ ᠤᠨ ᠰᠠᠯᠬᠢ | ᠪᠣᠷᠣᠭᠠᠨ ᠳᠤ ᠳᠠᠪᠲᠠᠭᠳᠠᠨ᠂ 75 ᠵᠢᠯ ᠤᠨ ᠯᠤᠲᠤ ᠶᠡᠭᠡ ᠬᠤᠪᠢᠷᠠᠯᠲᠠ ᠳᠤ ᠳᠠᠪᠲᠠᠭᠳᠠᠨ᠂ 75 ᠵᠢᠯ ᠤᠨ | ᠬᠠᠪᠤᠷ ᠤᠨ ᠴᠡᠴᠡᠭ ᠨᠠᠮᠤᠷ ᠤᠨ ᠬᠤᠷ᠎ᠠ ᠵᠢᠮᠢᠰ ᠲᠤ ᠳᠠᠪᠲᠠᠭᠳᠠᠨ᠂ 75 ᠵᠢᠯ ᠤᠨ ᠬᠡᠷᠡᠯ ᠭᠢᠯᠪᠠᠭ᠎ᠠ ᠪᠠᠨ | ᠰᠠᠴᠤᠷᠠᠭᠤᠯᠤᠨ᠎ᠠ᠃ ᠲᠡᠦᠬᠡ ᠶᠢᠨ ᠬᠦᠷᠳᠦᠨ ᠳᠤ ᠪᠠᠯᠠᠷᠠᠰᠢ ᠦᠭᠡᠢ ᠤᠯᠠ ᠮᠥᠷ ᠦᠯᠡᠳᠡᠭᠡᠵᠦ᠂ ᠠᠷᠠᠳ ᠲᠦᠮᠡᠨ ᠤ | ᠰᠡᠳᠬᠢᠯ ᠳᠤ ᠪᠠᠭᠠᠲᠤᠷᠴᠤᠳ ᠤᠨ ᠥᠷᠯᠥᠭ ᠬᠥᠰᠢᠶ᠎ᠡ ᠥᠨᠢᠳᠡ ᠪᠣᠰᠤᠨ᠎ᠠ᠃ ᠲᠡᠥᠬᠡ ᠶᠢᠨ ᠴᠣᠪᠤᠭ᠎ᠠ ᠲᠠᠷᠭᠡ ᠪᠠ | ᠦᠨᠢᠳᠡ ᠮᠠᠷᠲᠠᠭᠲᠠᠵᠤ ᠪᠤᠯᠣᠰᠢ ᠣᠢᠭᠡᠢ ᠲᠠᠮᠠᠭ᠎ᠠ ᠶᠢ ᠠᠷᠠᠣᠠ ᠳᠦᠮᠠᠨ ᠰᠡᠳᠭᠢᠯ ᠳᠤ ᠦᠨᠢᠳᠡ ᠬᠤᠨᠤᠭᠰᠢᠯᠠᠭᠤᠯᠵᠠᠢ᠃ | ᠡᠨᠡᠬᠦ ᠴᠢᠬᠤᠯᠠ ᠲᠡᠦᠬᠡᠨ ᠴᠠᠭ ᠮᠥᠴᠡ ᠳᠤ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠤᠯᠤᠰ | ᠲᠦᠷᠦ ᠶᠢᠨ ᠵᠥᠪᠯᠡᠯᠭᠡᠨ ᠲᠤᠰ ᠬᠤᠭᠤᠴᠠᠭᠠᠨ ᠤ ︽ᠲᠡᠭᠷᠢ ᠶᠢᠨ ᠬᠠᠶᠠᠭᠠᠨ ᠳᠠᠬᠢ ᠲᠠᠷᠬᠠᠨ ᠮᠤᠤᠮᠢᠩᠭᠠᠨ ᠤ ᠪᠤᠯᠤᠩ | ︾ ᠨᠢ ᠲᠠᠨ ᠢ ᠳᠠᠭᠠᠭᠤᠯᠤᠨ ᠳᠠᠷᠬᠠᠨ ᠮᠤᠤᠮᠢᠩᠭᠠᠨ ᠤ ᠲᠠᠯ᠎ᠠ ᠨᠤᠲᠤᠭ ᠤᠨ ᠮᠠᠷᠲᠠᠭᠳᠠᠰᠢ ᠦᠭᠡᠢ ᠴᠠᠭ ᠦᠶ᠎ᠡ ᠳᠤ | ᠬᠦᠷᠴᠦ᠂ ᠠᠳᠠᠯᠢ ᠪᠤᠰᠤ ᠴᠠᠭ ᠦᠶ᠎ᠡ ᠶᠢᠨ ᠮᠠᠷᠲᠠᠭᠳᠠᠰᠢ ᠦᠭᠡᠢ ᠥᠩᠭᠡᠷᠡᠯᠲᠡ ᠪᠠᠨ ᠲᠠᠬᠢᠨ ᠡᠷᠭᠢᠴᠡᠭᠦᠯᠵᠦ᠂ | ᠪᠠᠭᠠᠲᠤᠷ ᠡᠭᠡᠴᠢ ᠥᠬᠢᠨ ᠳᠡᠭᠦᠦ ᠲᠠᠢ ᠬᠠᠮᠲᠤ ᠨᠢᠭᠡᠨ ᠬᠠᠩᠭᠢᠨᠠᠮ᠎ᠠ ᠤᠷᠢᠶ᠎ᠠ ᠬᠠᠰᠬᠢᠷᠴᠤ᠄ ᠨᠡᠶᠢᠲᠡᠴᠢ ᠦᠵᠡᠯ ᠤᠨ | ᠦᠵᠡᠯ ᠰᠠᠨᠠᠭ᠎ᠠ ᠬᠡᠵᠢᠶᠡᠳᠡ ᠴᠠᠭ ᠮᠥᠴᠡ ᠠᠴᠠ ᠬᠤᠴᠣᠷᠬᠤ ᠦᠭᠡᠢ ᠪᠠᠶᠢᠵᠤ᠂ ᠨᠡᠶᠢᠲᠡᠴᠢ ᠦᠵᠡᠯ ᠤᠨ ᠵᠣᠷᠢᠭ | ᠰᠠᠨᠠᠭ᠎ᠠ ᠡᠭᠦᠷᠢᠳᠡ ᠭᠡᠷᠡᠯ ᠭᠢᠯᠪᠠᠭ᠎ᠠ ᠪᠠᠨ ᠰᠠᠴᠤᠷᠠᠭᠤᠯᠤᠨ᠎ᠠ︕ | ᠬᠦᠮᠦᠨ ᠤ ᠲᠠᠨᠢᠯᠴᠠᠭᠤᠯᠭ᠎ᠠ᠄ | ᠯᠦᠩ ᠮᠧᠢ᠂ ᠮᠣᠩᠭᠤᠯ ᠦᠨᠳᠦᠰᠦᠲᠡᠨ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ᠂ | 1952 ᠣᠨ ᠤ 9 ᠳ᠋ᠦ᠋ᠭᠡᠷ ᠰᠠᠷ᠎ᠠ ᠳᠤ ᠲᠦᠷᠦᠵᠡᠢ᠃ ᠢᠦᠢ ᠷᠦᠩ᠂ ᠮᠣᠩᠭᠤᠯ ᠦᠨᠳᠦᠰᠦᠲᠡᠨ᠂ ᠳᠤᠮᠳᠠᠳᠤ | ᠤᠯᠤᠰ ᠤᠨ ᠡᠪ ᠬᠠᠮᠲᠤ ᠨᠠᠮ ᠤᠨ ᠭᠡᠰᠢᠭᠦᠨ᠂ 1955 ᠣᠨ ᠤ 3 ᠳ᠋ᠤᠭᠠᠷ ᠰᠠᠷ᠎ᠠ ᠳᠤ ᠲᠦᠷᠦᠵᠡᠢ᠃ ᠪᠠᠭ᠎ᠠ | ᠨᠠᠰᠤᠨ ᠳᠤ ᠪᠠᠨ ᠠᠪᠤ ᠡᠵᠢ ᠪᠠᠨ ᠳᠠᠭᠠᠵᠤ ᠠᠷᠤ ᠭᠡᠷ ᠯᠢᠶᠣᠤᠨᠢᠩ ᠮᠤᠵᠢ ᠶᠢᠨ ᠹᠦᠰᠢᠨ ᠠᠴᠠ ᠳᠠᠷᠬᠠᠨ ᠮᠤᠤᠮᠢᠩᠭᠠᠨ | ᠬᠤᠯᠪᠣᠭᠠᠲᠤ ᠬᠤᠰᠢᠭᠤᠨ ᠤ ᠰᠢᠨᠡᠪᠤᠯᠠᠭ ᠨᠠᠷᠠᠨᠭᠡᠷᠡᠯ ᠪᠠᠷᠢᠭᠠᠳᠠ ᠳᠤ ᠨᠤᠲᠤᠭᠰᠢᠵᠦ᠂ ᠰᠡᠭᠦᠯᠡᠷ ᠨᠢ ᠳᠠᠷᠬᠠᠨ | ᠮᠤᠤᠮᠢᠩᠭᠠᠨ ᠬᠤᠯᠪᠣᠭᠠᠲᠤ ᠬᠤᠰᠢᠭᠤᠨ ᠤ ᠦᠨᠳᠦᠰᠦᠲᠡᠨ ᠤ ᠪᠠᠭ᠎ᠠ ᠰᠤᠷᠭᠠᠭᠤᠯᠢ ︵ᠤᠳᠤ ᠶᠢᠨ ᠳᠠᠷᠬᠠᠨ | ᠮᠤᠤᠮᠢᠩᠭᠠᠨ ᠬᠤᠯᠪᠣᠭᠠᠲᠤ ᠬᠤᠰᠢᠭᠤᠨ ᠤ ᠪᠠᠲᠤᠬᠠᠭᠠᠯᠭ᠎ᠠ ᠰᠦᠮ᠎ᠡ ᠶᠢᠨ ᠨᠢᠭᠡᠳᠦᠭᠡᠷ ᠪᠠᠭ᠎ᠠ ᠰᠤᠷᠭᠠᠭᠤᠯᠢ︶ ᠳᠤ | ᠰᠤᠷᠤᠯᠴᠠᠪᠠ᠃ ᠯᠦᠩ ᠮᠧᠶ ᠤᠷᠢᠳ ᠬᠤᠵᠢᠳ ᠳᠤᠮᠳᠠᠳᠤ ᠤᠯᠤᠰ ᠤᠨ ᠡᠪ ᠬᠠᠮᠲᠤ ᠨᠠᠮ ᠤᠨ ᠳᠠᠷᠬᠠᠨ | ᠮᠤᠤᠮᠢᠩᠭᠠᠨ ᠬᠤᠯᠪᠣᠭᠠᠲᠤ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ᠂ ᠪᠤᠭᠤᠲᠤ ᠬᠤᠲᠠ ᠶᠢᠨ ᠳ᠋ᠦᠩ | ᠾᠧ ᠲᠣᠭᠤᠷᠢᠭ ᠤᠨ ᠡᠪᠯᠡᠯ ᠤᠨ ᠬᠤᠷᠢᠶᠠᠨ ᠤ ᠳᠡᠳ᠋ ᠱᠦᠵᠢ᠂ ᠳ᠋ᠦᠩ ᠾᠧ ᠲᠣᠭᠤᠷᠢᠭ ᠤᠨ ᠨᠠᠮ ᠤᠨ | ᠬᠤᠷᠢᠶᠠᠨ ᠤ ᠨᠢᠭᠡᠳᠦᠮᠡᠯ ᠹᠷᠣᠨᠲ ᠤᠨ ᠬᠡᠯᠲᠡᠰ ᠤᠨ ᠳᠡᠳ᠋ ᠳᠠᠷᠤᠭ᠎ᠠ᠂ ᠳ᠋ᠦᠩ ᠾᠧ ᠲᠣᠭᠤᠷᠢᠭ ᠤᠨ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠳᠡᠳ᠋ ᠡᠷᠬᠢᠯᠡᠭᠴᠢ᠂ ᠳ᠋ᠦᠩ ᠾᠧ | ᠲᠣᠭᠤᠷᠢᠭ ᠤᠨ ᠤᠯᠤᠰ ᠲᠥᠷᠥ ᠶᠢᠨ ᠵᠥᠪᠯᠡᠯᠭᠡᠨ ᠤ ᠲᠡᠷᠢᠭᠦᠯᠡᠭᠴᠢ ᠶᠢᠨ ᠲᠤᠰᠢᠶᠠᠯ ᠢ ᠡᠭᠦᠷᠭᠡᠯᠡᠪᠡ᠃ ᠢᠦᠶ ᠷᠦᠩ | ᠥᠪᠡᠷᠲᠡᠭᠡᠨ ᠵᠠᠰᠠᠬᠤ ᠣᠷᠣᠨ ᠤ ᠵᠡᠮᠳᠡᠭᠴᠦᠳ ᠤᠨ ᠬᠤᠯᠪᠤᠭᠠᠨ ᠤ ᠳᠡᠳ᠋ ᠲᠡᠷᠢᠭᠦᠯᠡᠭᠴᠢ᠂ ᠭᠦᠢᠴᠡᠳᠬᠡᠬᠦ ᠬᠡᠷᠡᠭ | ᠡᠷᠬᠢᠯᠡᠭᠴᠢᠳ ᠤᠨ ᠬᠤᠷᠠᠯ ᠤᠨ ᠳᠡᠳ᠋ ᠬᠡᠷᠡᠭ ᠡᠷᠬᠢᠯᠡᠭᠴᠢᠳ ᠤᠨ ᠳᠠᠷᠤᠭ᠎ᠠ᠂ ᠥᠪᠡᠷᠲᠡᠭᠡᠨ ᠵᠠᠰᠠᠬᠤ ᠣᠷᠣᠨ ᠤ | ᠤᠯᠤᠰ ᠲᠥᠷᠥ ᠶᠢᠨ ᠵᠥᠪᠯᠡᠯᠭᠡᠨ ᠤ ᠠᠯᠪᠠᠨ ᠲᠢᠩᠬᠢᠮ ᠤᠨ ᠳᠡᠳ᠋ ᠡᠷᠬᠢᠯᠡᠭᠴᠢ᠂ ᠥᠪᠡᠷᠲᠡᠭᠡᠨ ᠵᠠᠰᠠᠬᠤ ᠣᠷᠣᠨ ᠤ | ᠤᠯᠤᠰ ᠲᠥᠷᠥ ᠶᠢᠨ ᠵᠥᠪᠯᠡᠯᠭᠡᠨ ᠤ ᠦᠨᠳᠦᠰᠦᠲᠡᠨ ᠪᠠ ᠱᠠᠰᠢᠨ ᠰᠤᠷᠲᠠᠬᠤᠨ ᠤ ᠵᠥᠪᠯᠡᠯ ᠤᠨ ᠡᠷᠬᠢᠯᠡᠭᠴᠢ᠂ | ᠥᠪᠡᠷᠲᠡᠭᠡᠨ ᠵᠠᠰᠠᠬᠤ ᠣᠷᠣᠨ ᠤ ᠤᠯᠤᠰ ᠲᠥᠷᠥ ᠶᠢᠨ ᠵᠥᠪᠯᠡᠯᠭᠡᠨ ᠤ ᠳᠡᠳ᠋ ᠨᠠᠷᠢᠨ ᠪᠢᠴᠢᠭ ᠤᠨ ᠳᠠᠷᠤᠭ᠎ᠠ ︵ | ᠵᠢᠩᠬᠢᠨᠢ ᠲᠢᠩᠬᠢᠮ ᠤᠨ ᠲᠠᠰ︶ ᠶᠢ ᠡᠭᠦᠷᠭᠡᠯᠡᠵᠦ ᠥᠩᠭᠡᠷᠡᠪᠡ᠃ ᠯᠦᠩ ᠮᠧᠢ ᠳᠤᠮᠳᠠᠳᠤ ᠤᠯᠤᠰ ᠤᠨ ᠡᠪ ᠬᠠᠮᠲᠤ | ᠨᠠᠮ ᠤᠨ ᠠᠷᠪᠠᠳᠤᠭᠠᠷ ᠤᠳᠠᠭ᠎ᠠ ᠶᠢᠨ ᠪᠦᠬᠦ ᠤᠯᠤᠰ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠲᠥᠯᠥᠭᠡᠯᠡᠭᠴᠢ ᠪᠠᠷ ᠰᠣᠩᠭᠤᠭᠳᠠᠪᠠ︔ ᠡᠭᠡᠴᠢ ᠥᠬᠢᠨ ᠳᠡᠭᠦᠦ ᠬᠤᠶᠠᠭᠤᠯᠠ ᠪᠦᠬᠦ ᠤᠯᠤᠰ ᠤᠨ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠳᠥᠷᠪᠡᠳᠦᠭᠡᠷ᠂ ᠲᠠᠪᠤᠳᠤᠭᠠᠷ ᠬᠤᠭᠤᠴᠠᠭᠠᠨ ᠤ ᠲᠥᠯᠥᠭᠡᠯᠡᠭᠴᠢ ᠪᠠᠷ | ᠰᠣᠩᠭᠤᠭᠳᠠᠪᠠ︔ ᠢᠦᠢ ᠷᠦᠩ ᠤᠤᠯ ᠨᠢ ᠡᠪ ᠬᠠᠮᠲᠤ ᠵᠠᠯᠠᠭᠤᠴᠤᠳ ᠤᠨ ᠡᠪᠯᠡᠯ ᠤᠨ ᠠᠷᠪᠠᠨ ᠨᠢᠭᠡᠳᠦᠭᠡᠷ᠂ | ᠠᠷᠪᠠᠨ ᠬᠤᠶᠠᠳᠤᠭᠠᠷ ᠶᠡᠭᠡ ᠬᠤᠷᠠᠯ ᠤᠨ ᠲᠥᠯᠥᠭᠡᠯᠡᠭᠴᠢ᠂ ᠳᠤᠮᠳᠠᠳᠤ ᠤᠯᠤᠰ ᠤᠨ ᠵᠡᠮᠳᠡᠭᠴᠦᠳ ᠤᠨ | ᠬᠤᠯᠪᠣᠭ᠎ᠠ ᠶᠢᠨ ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ ᠬᠤᠭᠤᠴᠠᠭᠠᠨ ᠤ ᠲᠥᠯᠥᠭᠡᠯᠡᠭᠴᠢ ᠪᠠᠶᠢᠵᠤ᠂ ︽ᠪᠦᠬᠦ | ᠤᠯᠤᠰ ᠤᠨ ᠵᠡᠮᠳᠡᠭᠴᠦᠳ ᠢ ᠲᠡᠳᠬᠦᠵᠦ ᠵᠡᠮᠳᠡᠭᠴᠦᠳ ᠢ ᠲᠤᠰᠠᠯᠠᠭᠰᠠᠨ ᠲᠡᠷᠢᠭᠦᠨ ᠤ ᠬᠤᠪᠢ ᠬᠥᠮᠦᠨ᠂ | ᠥᠪᠡᠷ ᠢ ᠪᠠᠨ ᠬᠦᠴᠦᠷᠬᠡᠭᠵᠢᠭᠦᠯᠦᠭᠰᠡᠨ ᠵᠢᠱᠢᠶᠡᠴᠢ︾ ᠶᠢᠨ ᠴᠣᠯᠠ ᠬᠦᠷᠳᠡᠵᠡᠢ᠃ 2008 ᠣᠨ ᠳᠤ ᠯᠦᠩ ᠮᠸᠢ᠂ | ᠢᠤᠢ ᠷᠦᠩ ᠡᠭᠡᠴᠢ ᠦᠬᠢᠨ ᠳᠡᠭᠦᠦ ᠬᠤᠶᠠᠭᠤᠯᠠ ᠢᠷᠠᠭᠤ ᠠᠯᠳᠠᠷᠲᠠᠢ ᠪᠠᠷ ᠪᠡᠭᠡᠵᠢᠩ ᠤᠨ ᠣᠯᠢᠮᠫᠢᠺ ᠤᠨ ᠲᠠᠮᠢᠷ ᠤᠨ | ᠴᠤᠭᠯᠠᠭᠠᠨ ᠤ ᠭᠠᠯ ᠪᠠᠮᠪᠠᠷᠴᠢ ᠪᠣᠯᠪᠠ︔ 2009 ᠣᠨ ᠳᠤ ︽ᠰᠢᠨ᠎ᠡ ᠳᠤᠮᠳᠠᠳᠤ ᠤᠯᠤᠰ | ᠪᠠᠶᠢᠭᠤᠯᠤᠭᠳᠠᠭᠰᠠᠨ ᠠᠴᠠ ᠨᠠᠭᠠᠰᠢᠬᠢ ᠳᠤᠮᠳᠠᠳᠤ ᠤᠯᠤᠰ ᠢ ᠳᠣᠭᠳᠣᠯᠤᠭᠤᠯᠤᠭᠰᠠᠨ ᠬᠥᠮᠦᠰ︾ ᠢᠶᠠᠷ ᠦᠨᠡᠯᠡᠭᠳᠡᠪᠡ︔ | 2019 ᠣᠨ ᠳᠤ ︽ᠪᠦᠬᠦ ᠤᠯᠤᠰ ᠤᠨ ᠬᠠᠮᠤᠭ ᠤᠨ ᠭᠤᠶᠤ ᠲᠡᠮᠡᠴᠡᠭᠴᠢ︾ ᠶᠢᠨ ᠢᠷᠠᠭᠤ ᠠᠯᠳᠠᠷ ᠢ ᠬᠦᠷᠲᠡᠪᠡ᠃ | | ᠮᠢᠨᠦ ᠦᠵᠡᠬᠦ ᠪᠠᠷ ᠲᠠᠯ᠎ᠠ ᠨᠤᠲᠤᠭ ᠤᠨ ᠬᠠᠮᠤᠭ ᠤᠨ ᠶᠡᠭᠡ ᠣᠨᠴᠠᠯᠢᠭ ᠪᠣᠯ ᠳᠠᠷᠤᠢ ᠲᠡᠭᠦᠨ ᠤ ᠪᠠᠭᠲᠠᠭᠠᠮᠵᠢᠲᠤ ᠴᠢᠨᠠᠷ | ᠪᠣᠯᠣᠨ᠎ᠠ᠃ ᠡᠶᠢᠮᠦᠷᠬᠦ ᠪᠠᠭᠲᠠᠭᠠᠮᠵᠢ ᠨᠢ ᠲᠠᠯ᠎ᠠ ᠨᠤᠲᠤᠭ ᠤᠨ ᠬᠥᠪᠡᠭᠦᠳ ᠥᠬᠢᠳ ᠲᠤ ᠠᠪᠴᠤ ᠬᠡᠯᠡᠪᠡᠯ ᠨᠢᠭᠡ | ᠵᠦᠢᠯ ᠤᠨ ᠦᠯᠦ ᠮᠡᠳᠡᠭᠳᠡᠮ᠎ᠡ ᠰᠤᠷᠭᠠᠨ ᠬᠥᠮᠦᠵᠢᠯ ᠪᠣᠯᠬᠤ ᠶᠤᠮ᠂ ᠬᠡᠬᠦ ᠳᠤ ᠪᠠᠨ ᠲᠠᠨ ᠤ ᠴᠢᠰᠤᠨ ᠳᠤ ᠨᠠᠮ ᠵᠢᠮ | ᠤᠷᠤᠰᠴᠤ᠂ ᠲᠠᠨ ᠳᠤ ᠬᠠᠯᠠᠭᠤᠨ ᠳᠤᠯᠠᠭᠠᠨ ᠪᠠ ᠠᠮᠤᠷ ᠲᠦᠪᠰᠢᠨ ᠢ ᠴᠠᠭ ᠢᠮᠠᠭᠲᠠ ᠮᠡᠳᠡᠷᠡᠭᠦᠯᠬᠦ ᠶᠢᠨ ᠬᠠᠮᠲᠤ | ᠪᠠᠰᠠ ᠠᠴᠢ ᠬᠠᠷᠢᠭᠤᠯᠬᠤ ᠶᠢ ᠰᠤᠷᠴᠤ᠂ ᠬᠠᠷᠢᠭᠤᠴᠠᠯᠭ᠎ᠠ ᠶᠢ ᠰᠤᠷᠴᠤ᠂ ᠠᠶᠤᠬᠤ ᠦᠭᠡᠢ ᠪᠤᠴᠠᠯᠲᠠ ᠦᠭᠡᠢ | ᠤᠷᠤᠭᠰᠢᠯᠠᠬᠤ ᠶᠢ ᠰᠤᠷᠴᠠᠢ︾ ᠭᠡᠪᠡ᠃ ᠲᠠᠯ᠎ᠠ ᠨᠤᠲᠤᠭ ᠲᠠᠬᠢ ᠬᠠᠶᠢᠷ᠎ᠠ ᠰᠡᠳᠬᠢᠯᠭᠡ ᠶᠢ ᠠᠰᠠᠭᠤᠬᠤ ᠳᠤ ᠢᠦᠢ | ᠷᠦᠩ ᠡᠶᠢᠮᠦ ᠭᠦᠨ ᠭᠦᠨᠵᠡᠭᠡᠢ ᠬᠠᠷᠢᠭᠤᠯᠲᠠ ᠥᠭᠪᠡ᠃ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠪᠣᠯ ᠳᠠᠷᠬᠠᠨ ᠮᠤᠤᠮᠢᠩᠭᠠᠨ ᠬᠤᠰᠢᠭᠤ ᠭᠡᠳᠡᠭ᠂ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠠᠷᠠᠭᠤᠨ ᠬᠡᠰᠡᠭ ᠲᠤ ᠪᠠᠶᠢᠷᠢᠯᠠᠵᠤ᠂ ᠤᠮᠠᠷᠠᠲᠤ ᠮᠣᠩᠭᠤᠯ | ᠤᠯᠤᠰ ᠲᠠᠢ ᠵᠠᠬ᠎ᠠ ᠨᠡᠶᠢᠯᠡᠵᠦ᠂ ᠥᠪᠥᠷ ᠮᠣᠩᠭᠤᠯ ᠤᠨ ᠴᠢᠬᠤᠯᠠ ᠬᠢᠯᠢ ᠬᠢᠵᠠᠭᠠᠷ ᠤᠨ ᠬᠤᠰᠢᠭᠤ ᠪᠠ ᠮᠠᠯᠵᠢᠬᠤ | ᠬᠤᠰᠢᠭᠤᠨ ᠤ ᠨᠢᠭᠡ ᠪᠣᠯᠤᠨ᠎ᠠ᠃ 20 ᠳ᠋ᠤᠭᠠᠷ ᠵᠠᠭᠤᠨ ᠤ ᠵᠢᠷᠠᠭᠠᠳ ᠣᠨ ᠤ ᠦᠶ᠎ᠡ ᠳᠤ ᠡᠨᠡ ᠬᠦ 1.8 ᠲᠦᠮᠡᠨ | ᠲᠡᠭᠰᠢ ᠳᠥᠷᠪᠡᠯᠵᠢᠨ ᠺᠢᠯᠤᠮᠧᠲᠷ ᠤᠨ ᠲᠠᠯ᠎ᠠ ᠨᠤᠲᠤᠭ ᠲᠤ ᠵᠥᠪᠬᠡᠨ 4 ᠲᠦᠮᠡ ᠭᠠᠷᠤᠢ ᠬᠥᠮᠥᠨ ᠠᠮᠠ ᠲᠠᠢ ᠪᠠᠶᠢᠵᠤ | ᠂ ᠳᠤᠮᠳᠠᠴᠢ ᠪᠠᠷ ᠲᠡᠭᠰᠢ ᠳᠥᠷᠪᠡᠯᠵᠢᠨ ᠺᠢᠯᠤᠮᠧᠲᠷ ᠪᠦᠷᠢ ᠳᠤ ᠵᠥᠪᠬᠡᠨ 2 ᠬᠥᠮᠥᠨ ᠪᠠᠶᠢᠵᠠᠢ᠃ 1960 ᠣᠨ ᠳᠤ | ᠶᠠᠭ ᠤᠯᠤᠰ ᠤᠨ ᠭᠤᠷᠪᠠᠨ ᠵᠢᠯ ᠤᠨ ᠬᠦᠴᠢᠷ ᠪᠡᠷᠬᠡᠰᠢᠶᠡᠯ ᠤᠨ ᠬᠤᠭᠤᠴᠠᠭᠠᠨ ᠳᠤ ᠯᠦᠩ ᠮᠧᠢ᠂ ᠢᠦᠢ ᠿᠦᠩ ᠤᠨ | ᠠᠪᠤ ᠡᠦ ᠲᠢᠶᠠᠨ ᠰᠢ ᠯᠢᠶᠣᠤᠨᠢᠩ ᠤᠨ ᠹᠦᠰᠢᠨ ᠤ ᠭᠠᠴᠢᠭ ᠠᠴᠠ ᠵᠠᠶᠢᠯᠠᠵᠤ ᠳᠠᠷᠬᠠᠨ ᠮᠤᠤᠮᠢᠩᠭᠠᠨ ᠤ ᠰᠢᠨᠪᠤᠯᠠᠭ | ᠨᠢᠭᠡᠳᠦᠯ ᠤᠨ ᠨᠠᠷᠠᠨᠭᠡᠷᠡᠯ ᠦᠢᠯᠡᠳᠪᠦᠷᠢᠯᠡᠯ ᠤᠨ ᠪᠠᠷᠢᠭᠠᠳᠠ ᠳᠤ ᠬᠦᠷᠴᠦ ᠢᠷᠡᠪᠡ᠃ ᠡᠨᠡ ᠬᠦ ᠦᠢᠯᠡᠳᠪᠦᠷᠢᠯᠡᠯ ᠤᠨ | ᠶᠡᠭᠡ ᠪᠠᠷᠢᠭᠠᠳᠠ ᠪᠣᠯ 500 ᠭᠠᠷᠤᠢ ᠲᠡᠭᠰᠢ ᠳᠥᠷᠪᠡᠯᠵᠢᠨ ᠺᠢᠯᠤᠮᠧᠲᠷ ᠥᠷᠭᠡᠨ ᠠᠭᠤᠳᠠᠮ ᠮᠠᠯᠵᠢᠯ ᠤᠨ ᠲᠠᠯᠠᠪᠠᠢ | ᠪᠠᠶᠢᠵᠤ᠂ ᠵᠥᠪᠬᠡᠨ 20 ᠭᠠᠷᠤᠢ ᠮᠠᠯᠴᠢᠨ ᠡᠷᠦᠬᠡ ᠪᠠᠶᠢᠵᠤ᠂ ᠣᠳᠣ ᠰᠢᠭ᠋ ᠲᠠᠯ᠎ᠠ ᠨᠤᠲᠤᠭ ᠲᠤ ᠲᠠᠷᠬᠠᠵᠤ ᠪᠠᠶᠢᠳᠠᠭ᠃ | ᠰᠠᠶ᠋ᠢᠬᠠᠨ ᠢᠷᠡᠭᠰᠡᠨ ᠠᠩᠬᠠᠨ ᠤ ᠵᠢᠯ ᠳᠤ᠂ ᠦ᠋ ᠲᠢᠶᠠᠨ ᠰᠢ ᠶᠢᠨ ᠨᠢᠭᠡ ᠭᠡᠷ ᠤᠨ ᠠᠮᠢᠳᠤᠷᠠᠯ ᠨᠢ ᠲᠦᠢᠯ ᠤᠨ | ᠬᠦᠴᠢᠷ ᠪᠡᠷᠬᠡᠰᠢᠶᠡᠯ ᠲᠠᠢ ᠪᠠᠶᠢᠪᠠ᠃ 1961 ᠣᠨ ᠳᠤ ᠲᠡᠳᠡᠨ ᠤ ᠭᠡᠷ ᠪᠦᠯᠢ ᠶᠢᠨ ᠬᠢᠨ ᠵᠢᠩᠬᠢᠨᠢ ᠪᠠᠷ ᠮᠠᠯᠴᠢᠨ | ᠡᠷᠦᠬᠡ ᠪᠣᠯᠪᠠ᠃ ᠡᠬᠢᠨ ᠳᠡᠭᠡᠨ ᠦ᠋ ᠲᠢᠶᠠᠨ ᠰᠢ ᠶᠡᠭᠡ ᠬᠦᠦ ᠲᠠᠢ ᠪᠠᠨ ᠬᠤᠶᠠᠭᠤᠯᠠ ᠪᠤᠰᠤᠳ ᠮᠠᠯᠴᠢᠨ ᠡᠷᠦᠬᠡ ᠶᠢ | ᠬᠠᠪᠰᠤᠷᠤᠨ ᠬᠤᠨᠢ ᠬᠠᠷᠢᠭᠤᠯᠬᠤ ᠪᠠᠷ ᠠᠮᠢᠳᠤᠷᠠᠯ ᠢᠶᠠᠨ ᠪᠣᠯᠭᠠᠵᠤ ᠪᠠᠶᠢᠭᠰᠠᠨ ᠢᠶᠠᠨ ᠳᠠᠷᠠᠭ᠎ᠠ ᠵᠢᠯ ᠨᠢ | ᠨᠢᠭᠡᠳᠦᠯ ᠠᠴᠠ 300 ᠭᠠᠷᠤᠢ ᠬᠤᠨᠢ ᠶᠢ ᠦ᠋ ᠲᠢᠶᠠᠨ ᠰᠢ ᠳᠤ ᠥᠭᠴᠦ ᠳᠠᠭᠠᠭᠠᠴᠢᠯᠠᠭᠤᠯᠤᠨ ᠲᠠᠯᠪᠢᠭᠤᠯᠵᠠᠢ᠃ | ᠦ᠋ ᠲᠢᠶᠠᠨ ᠰᠢ ᠦᠷᠭᠦᠯᠵᠢ ᠬᠡᠦᠬᠡᠳ ᠤᠳ ᠲᠤ ᠪᠠᠨ᠄ ︽ᠮᠠᠨ ᠤ ᠭᠡᠷ ᠤᠨ ᠬᠠᠮᠤᠭ ᠤᠨ ᠬᠦᠴᠢᠷᠳᠡᠯ ᠲᠠᠢ | ᠦᠶ᠎ᠡ ᠳᠤ ᠲᠠᠯ᠎ᠠ ᠨᠤᠲᠤᠭ ᠠᠴᠠ ᠪᠢᠳᠡᠨ ᠢ ᠬᠦᠯᠢᠶᠡᠨ ᠠᠪᠤᠭᠰᠠᠨ ᠭᠡᠳᠡᠭ ᠢ ᠲᠠ ᠨᠠᠷ ᠴᠡᠭᠡᠵᠢᠯᠡᠵᠦ ᠠᠪᠤᠭᠠᠷᠠᠢ᠂ | ᠬᠤᠨᠢᠨ ᠰᠦᠷᠦᠭ ᠢ ᠲᠠᠯ᠎ᠠ ᠨᠤᠲᠤᠭ ᠠᠴᠠ ᠪᠢᠳᠡᠨ ᠳᠤ ᠲᠤᠰᠢᠶᠠᠵᠤ ᠥᠭᠭᠦᠭᠰᠡᠨ ᠶᠤᠮ᠂ ᠬᠠᠮᠲᠤ ᠶᠢᠨ ᠡᠳ᠋ | ᠬᠥᠷᠥᠩᠭᠡ ᠮᠥᠨ᠂ ᠨᠢᠭᠡᠳᠦᠯ ᠤᠨ ᠬᠤᠨᠢ ᠢᠮᠠᠭ᠎ᠠ ᠪᠣᠯ ᠪᠢᠳᠡᠨ ᠤ ᠠᠮᠢ ᠭᠤᠣᠯ ᠮᠥᠨ︾ ᠭᠡᠪᠡ᠃ ᠬᠦᠴᠢᠷ | ᠪᠡᠷᠬᠡᠰᠢᠶᠡᠯ ᠠᠴᠠ ᠠᠶᠤᠬᠤ ᠥᠬᠡᠶ᠂ ᠶᠠᠳᠠᠷᠠᠯ ᠵᠦᠳᠡᠷᠡᠯ ᠠᠴᠠ ᠠᠶᠤᠬᠤ ᠥᠬᠡᠶ ᠡᠷᠴᠢ ᠵᠣᠷᠢᠭ ᠢᠶᠠᠷ ︽ᠰᠢᠨ᠎ᠡ | ᠮᠠᠯᠴᠢᠨ︾ ᠦ᠋ ᠲᠢᠶᠠᠨ ᠰᠢ ᠶᠢᠨ ᠬᠢᠨ ᠮᠠᠰᠢ ᠲᠦᠷᠭᠡᠨ ᠢᠶᠠᠷ ᠲᠠᠯ᠎ᠠ ᠨᠤᠲᠤᠭ ᠤᠨ ᠠᠮᠢᠳᠤᠷᠠᠯ ᠳᠤ ᠵᠣᠬᠢᠴᠠᠵᠠᠶ᠃ ᠮᠠᠯ | ᠰᠦᠷᠦᠭ ᠢᠶᠠᠨ ᠳᠠᠭᠠᠭᠠᠴᠢᠯᠠᠭᠰᠠᠨ ᠠᠩᠬᠠᠨ ᠤ ᠵᠢᠯ ᠳᠡᠭᠡᠨ 80 ᠭᠠᠷᠤᠶ ᠲᠥᠯ ᠲᠣᠰᠴᠤ᠂ 384 ᠬᠤᠨᠢ | ᠬᠠᠷᠢᠭᠤᠯᠵᠤ᠂ ᠭᠦᠩᠱᠧ ᠶᠢᠨ ᠱᠠᠩᠨᠠᠯ ᠬᠦᠷᠲᠡᠭᠰᠡᠨ ᠪᠠᠶᠢᠨ᠎ᠠ᠃ | ᠠᠮᠢᠳᠤᠷᠠᠯ ᠤᠨ ᠬᠦᠴᠢᠷᠳᠡᠯ ᠠᠴᠠ ᠪᠣᠯᠵᠤ ᠯᠦᠩ ᠮᠧᠶ ᠪᠣᠯᠤᠨ ᠢᠦᠶ ᠷᠦᠩ ᠬᠡᠳᠦ᠋ᠢᠪᠡᠷ ᠰᠤᠷᠭᠠᠭᠤᠯᠢ ᠳᠤ | ᠤᠷᠤᠬᠤ ᠨᠠᠰᠤᠨ ᠳᠤ ᠪᠠᠨ ᠰᠤᠷᠭᠠᠭᠤᠯᠢ ᠳᠤ ᠰᠠᠭᠤᠵᠤ ᠴᠢᠳᠠᠭᠰᠠᠨ ᠦᠭᠡᠶ᠃ ᠲᠠᠯ᠎ᠠ ᠨᠤᠲᠤᠭ ᠲᠤ ᠲᠥᠷᠥᠭᠰᠡᠨ | ᠬᠡᠦᠬᠡᠳ ᠲᠠᠢ ᠠᠳᠠᠯᠢ ᠮᠠᠯ ᠬᠠᠷᠢᠭᠤᠯᠬᠤ ᠨᠢ ᠬᠡᠦᠬᠡᠳ ᠤᠨ ᠨᠠᠭᠠᠳᠤᠬᠤ ᠳᠤᠷᠠᠲᠠᠢ ᠬᠠᠮᠤᠭ ᠤᠨ ᠪᠠᠶᠠᠷ | ᠪᠠᠶᠠᠰᠬᠤᠯᠠᠩᠲᠠᠶ ᠲᠣᠭᠯᠠᠭᠠᠮ ᠪᠣᠯᠤᠨ᠎ᠠ᠃ ︽ᠬᠤᠨᠢ ᠬᠠᠷᠢᠭᠤᠯᠬᠤ᠂ ᠡᠪᠡᠰᠦ ᠢᠳᠡᠭᠦᠯᠬᠦ᠂ ᠲᠥᠯ ᠲᠤᠰᠬᠤ᠂ | ᠴᠢᠨᠠᠭᠰᠢᠯᠠᠨ ᠬᠤᠨᠢᠨ ᠳᠤ ᠬᠢᠵᠢᠭ ᠰᠡᠷᠭᠡᠶᠢᠯᠡᠬᠦ ᠲᠠᠷᠢᠯᠭ᠎ᠠ ᠬᠢᠵᠦ ᠦᠭᠬᠦ᠂ ᠡᠳᠡᠭᠡᠷ ᠠᠵᠢᠯ ᠢ ᠪᠢ ᠪᠦᠷ ᠴᠢᠳᠠᠨ᠎ᠠ᠃ | ᠬᠤᠷᠠᠭ᠎ᠠ ᠨᠢᠭᠡᠪᠦᠷᠢ ᠶᠢᠨ ᠡᠵᠢ ᠨᠢ ᠠᠯᠢ ᠡᠮ᠎ᠡ ᠬᠤᠨᠢ ᠪᠣᠯᠬᠤ ᠶᠢ ᠪᠢ ᠦᠵᠡᠮᠡᠭᠴᠡ ᠲᠠᠨᠢᠴᠢᠬᠠᠨᠠ᠃ ᠮᠢᠨᠤ | ᠬᠠᠮᠤᠭ ᠠᠴᠠ ᠲᠣᠭᠤᠳᠠᠭ ᠬᠤᠷᠠᠭ᠎ᠠ ᠶᠢ ︿ᠪᠠᠶᠢᠯ᠎ᠠ﹀ ᠭᠡᠳᠡᠭ᠂ ᠢᠦᠢ ᠷᠦᠩ ᠤᠨ ᠬᠠᠮᠤᠭ ᠠᠴᠠ ᠲᠣᠭᠤᠳᠠᠭ | ᠬᠤᠷᠠᠭ᠎ᠠ ᠶᠢ ︿ᠮᠠᠯᠠᠭᠠᠢ﹀ ᠭᠡᠳᠡᠭ᠃ ᠡᠪᠦᠯ ᠤᠨ ᠴᠠᠭ ᠲᠤ ᠭᠠᠳᠠᠨ᠎ᠠ ᠠᠭᠤᠷ ᠠᠮᠢᠰᠬᠤᠯ ᠬᠦᠢᠲᠡᠨ ᠦᠶ᠎ᠡ ᠳᠤ ᠪᠢᠳᠡ | ᠬᠤᠷᠠᠭ᠎ᠠ ᠪᠠᠨ ᠡᠪᠦᠷ ᠲᠡᠭᠡᠨ ᠲᠡᠪᠡᠷᠢᠨ ᠣᠷᠣᠭᠤᠯᠳᠠᠭ᠃ ᠡᠳᠦᠷ ᠪᠦᠷᠢ ᠬᠤᠨᠢᠨ ᠰᠦᠷᠦᠭ ᠤᠨ ᠲᠠᠯ᠎ᠠ ᠨᠤᠲᠤᠭ ᠲᠤ | ᠡᠪᠡᠰᠦ ᠢᠳᠡᠵᠦ᠂ ᠢᠳᠡᠷᠡᠭᠦᠨ ᠢᠶᠠᠷ ᠦᠰᠦᠨ ᠪᠣᠶᠢᠵᠢᠬᠤ ᠶᠢ ᠬᠠᠷᠠᠬᠤ ᠨᠢ ᠮᠠᠨ ᠤ ᠪᠠᠭ᠎ᠠ ᠶᠢᠨ ᠦᠶ᠎ᠡ ᠶᠢᠨ | ᠬᠠᠮᠤᠭ ᠤᠨ ᠶᠡᠭᠡ ᠪᠠᠶᠠᠷ ᠪᠠᠭ᠋ᠠᠳᠤᠯ ᠶᠤᠮ︾ ᠭᠡᠵᠦ ᠯᠦᠩ ᠮᠧᠶ ᠪᠠᠭ᠎ᠠ ᠶᠢᠨ ᠦᠶ᠎ᠡ ᠪᠠᠨ ᠡᠷᠭᠢᠴᠡᠭᠦᠯᠬᠦ ᠳᠤ᠂ ᠯᠦᠩ | ᠮᠧᠶ ᠶᠢᠨ ᠳᠣᠭᠳᠣᠯᠤᠭᠰᠠᠨ ᠰᠡᠳᠬᠢᠯᠭᠡ ᠶᠢ ᠦᠭᠡ ᠪᠠᠷ ᠢᠯᠡᠳᠬᠡᠬᠦ ᠶᠢᠨ ᠠᠷᠭ᠎ᠠ ᠦᠭᠡᠢ ᠪᠠᠶᠢᠯ᠎ᠠ᠃ | ᠡᠳᠦᠭᠡ᠂ 60 ᠵᠢᠯ ᠥᠩᠭᠡᠷᠡᠯ᠎ᠡ᠂ ᠪᠢᠴᠢᠬᠠᠨ ᠪᠠᠭᠠᠲᠤᠷ ᠡᠭᠡᠴᠢ ᠥᠬᠢᠨ ᠳᠡᠭᠦᠦ ᠨᠢ ᠪᠤᠭᠤᠷᠤᠯ ᠡᠮᠡᠭᠡᠨ | ᠪᠣᠯᠵᠠᠢ᠃ ᠬᠡᠳᠦ᠋ᠢᠪᠡᠷ ᠬᠥᠳᠡᠯᠵᠦ ᠪᠠᠷᠢᠬᠤ ᠳᠤ ᠳᠥᠭᠦᠮ ᠦᠭᠡᠢ ᠪᠠᠶᠢᠭᠰᠠᠨ ᠴᠤ ᠯᠦᠩ ᠮᠧᠶ᠂ ᠢᠦᠶ ᠷᠦᠩ ᠵᠢᠯ | ᠪᠦᠷᠢ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠳᠠᠭᠠᠨ ᠪᠤᠴᠠᠵᠤ ᠢᠷᠡᠳᠡᠭ᠃ ᠡᠭᠡᠴᠢ ᠥᠬᠢᠨ ᠳᠡᠭᠦᠦ | ᠬᠤᠶᠠᠭᠤᠯᠠ ᠦᠷᠭᠦᠯᠵᠢ ᠨᠠᠷᠠᠨᠭᠡᠷᠡᠯ ᠮᠠᠯᠵᠢᠯ ᠤᠨ ᠲᠠᠯᠠᠪᠠᠢ ᠶᠢᠨ ᠲᠠᠯ᠎ᠠ ᠨᠤᠲᠤᠭ ᠲᠤ ᠭᠠᠷ ᠭᠠᠷ ᠢᠶᠠᠨ ᠬᠦᠲᠡᠯᠦᠯᠴᠡᠵᠤ | ᠂ ᠲᠠᠯ᠎ᠠ ᠨᠤᠲᠤᠭ ᠤᠨ ᠴᠡᠴᠡᠭ ᠤᠨ ᠠᠩᠭᠢᠯᠤᠮ᠎ᠠ ᠦᠨᠦᠷ ᠦᠨᠦᠷᠲᠦᠵᠦ᠂ ᠲᠠᠯ᠎ᠠ ᠨᠤᠲᠤᠭ ᠤᠨ ᠰᠠᠯᠬᠢᠨ ᠳᠤ ᠨᠢᠭᠡᠨᠲᠡ | ᠪᠤᠭᠤᠷᠤᠯᠳᠤᠭᠰᠠᠨ ᠦᠰᠦ ᠭᠡᠵᠢᠭᠡ ᠨᠢ ᠦᠯᠢᠶᠡᠭᠳᠡᠨᠡ᠃ ᠳᠠᠬᠢᠨ ᠨᠢᠭᠡ ᠤᠳᠠᠭ᠎ᠠ ᠲᠤᠬᠠᠢ ᠶᠢᠨ ᠵᠢᠯ ᠤᠨ | ᠭᠡᠷ ᠲᠤ ᠪᠠᠨ ᠣᠷᠣᠪᠠᠯ᠂ ᠠᠯᠢᠪᠠ ᠪᠦᠬᠦᠨ ᠴᠥᠮ ᠨᠢᠳᠦᠨ ᠳᠤ ᠦᠵᠡᠭᠳᠡᠵᠦ ᠭᠠᠷ ᠲᠤ ᠪᠠᠷᠢᠭᠳᠠᠮ᠎ᠠ ᠪᠠᠶᠢᠵᠤ᠂ | ᠡᠭᠡᠴᠢ ᠥᠬᠢᠨ ᠳᠡᠭᠦᠦ ᠬᠤᠶᠠᠭᠤᠯᠠ ᠰᠡᠳᠬᠢᠯ ᠳᠣᠭᠳᠣᠯᠵᠤ ᠪᠠᠶᠢᠯ᠎ᠠ᠃ 2010 ᠤᠠ ᠳᠤ᠂ ᠳᠠᠷᠬᠠᠨ ᠮᠤᠤᠮᠢᠩᠭᠠᠨ | ᠬᠤᠯᠪᠣᠭᠠᠲᠤ ᠬᠤᠰᠢᠭᠤᠨ ᠤ ᠮᠢᠩᠭᠠᠨ ᠪᠠᠯᠭᠠᠰᠤᠨ ᠤ ᠬᠦᠭᠵᠢᠯᠲᠦ ᠭᠠᠴᠠᠭ᠎ᠠ ᠶᠢᠨ ᠰᠢᠷᠠᠴᠢᠯᠠᠭᠤ ᠶᠢᠨ ᠪᠡᠯᠴᠢᠭᠡᠷ ︵ | ᠤᠤᠯ ᠤᠨ ᠰᠢᠨᠡᠪᠤᠯᠠᠭ ᠰᠤᠮᠤ ᠶᠢᠨ ᠨᠠᠷᠠᠨᠭᠡᠷᠡᠯ ᠮᠠᠯᠵᠢᠯ ᠤᠨ ᠲᠠᠯᠠᠪᠠᠢ ᠳᠤ ᠪᠣᠢ︶ ᠶᠢᠨ ᠯᠦᠩ ᠮᠧᠢ ᠢᠦᠢ ᠷᠦᠩ ᠤᠨ | ᠬᠠᠭᠤᠴᠢᠨ ᠰᠠᠭᠤᠴᠠ ᠶᠢ ᠪᠤᠭᠤᠲᠤ ᠬᠤᠲᠠ ᠶᠢᠨ ᠠᠷᠠᠳ ᠤᠨ ᠵᠠᠰᠠᠭ ᠤᠨ ᠣᠷᠳᠣᠨ ᠠᠴᠠ ᠭᠤᠷᠪᠠᠳᠤᠭᠠᠷ | ᠪᠦᠯᠦᠭ ᠤᠨ ᠬᠤᠲᠠ ᠶᠢᠨ ᠳᠡᠰ ᠤᠨ ᠲᠡᠦᠬᠡ ᠶᠢᠨ ᠳᠤᠷᠠᠰᠬᠠᠯᠲᠤ ᠵᠦᠢᠯ ᠤᠨ ᠬᠠᠮᠠᠭᠠᠯᠠᠯᠲᠠ ᠶᠢᠨ ᠨᠢᠭᠡᠴᠢ ᠪᠠᠷ | ᠨᠡᠶᠢᠲᠡᠯᠡᠪᠡ᠃ 2014 ᠣᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ | ᠣᠷᠳᠣᠨ ᠠᠴᠠ ᠲᠠᠪᠤᠳᠤᠭᠠᠷ ᠪᠦᠯᠦᠭ ᠤᠨ ᠣᠷᠣᠨ ᠤ ᠲᠡᠰ ᠤᠨ ᠲᠡᠤᠬᠡ ᠶᠢᠨ ᠳᠤᠷᠠᠰᠬᠠᠯᠲᠤ ᠵᠦᠢᠯᠡᠰ ᠤᠨ | ᠬᠠᠮᠠᠭᠠᠯᠠᠯᠲᠠ ᠶᠢᠨ ᠨᠢᠭᠡᠴᠢ ᠪᠠᠷ ᠬᠢᠨᠠᠨ ᠵᠦᠪᠰᠢᠶᠡᠷᠡᠵᠦ ᠨᠡᠶᠢᠳᠡᠯᠡᠪᠡ᠃ ᠣᠶᠢᠷ᠎ᠠ ᠶᠢᠨ ᠵᠢᠯ ᠳᠤ᠂ ᠳᠠᠷᠬᠠᠨ | ᠮᠤᠤᠮᠢᠩᠭᠠᠨ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠬᠤᠪᠢᠰᠬᠠᠯ ᠤᠨ ᠡᠬᠢ ᠪᠠᠶᠠᠯᠢᠭ᠂ | ᠬᠤᠪᠢᠰᠬᠠᠯ ᠤᠨ ᠰᠣᠶᠣᠯ ᠢ ᠬᠠᠶᠢᠨ ᠰᠦᠪᠡᠭᠴᠢᠯᠡᠬᠦ ᠪᠠ ᠠᠭᠤᠳᠠᠯᠬᠤ ᠪᠠᠨ ᠴᠢᠩᠭᠠᠳᠬᠠᠵᠤ᠂ ᠡᠭᠡᠴᠢ ᠥᠬᠢᠨ | ᠳᠡᠭᠦᠤ ᠶᠢᠨ ᠬᠦᠴᠦᠲᠡᠶ ᠳᠡᠮᠵᠢᠯᠭᠡ ᠳᠣᠤᠷ᠎ᠠ᠂ ︽ᠲᠠᠯ᠎ᠠ ᠨᠤᠲᠤᠭ ᠤᠨ ᠪᠢᠴᠢᠬᠠᠨ ᠪᠠᠭᠠᠲᠤᠷ ᠡᠭᠡᠴᠢ ᠥᠬᠢᠨ ᠳᠡᠭᠦᠦ︾ | ᠯᠦᠩ ᠮᠧᠶ ᠢᠦᠶ ᠷᠦᠩ ᠤᠨ ᠬᠠᠭᠤᠴᠢᠨ ᠰᠠᠭᠤᠴᠠ ᠶᠢᠨ ᠡᠬᠡ ᠣᠷᠣᠨᠴᠢ ᠦᠵᠡᠯ ᠤᠨ ᠬᠥᠮᠦᠵᠢᠯ ᠤᠨ ᠰᠠᠭᠤᠷᠢᠨ | ᠭᠠᠵᠠᠷ ᠢ ᠪᠠᠶᠢᠭᠤᠯᠤᠭᠰᠠᠨ ᠪᠥᠭᠡᠳ ᠪᠠᠲᠤᠬᠠᠭᠠᠯᠭ᠎ᠠ ᠰᠦᠮ᠎ᠡ ᠶᠢᠨ ᠶᠠᠫᠣᠨ ᠢ ᠡᠰᠡᠷᠭᠦᠴᠡᠬᠦ ᠵᠡᠪᠰᠡᠭᠲᠦ ᠪᠣᠰᠣᠯᠭ᠎ᠠ ᠶᠢᠨ | ᠳᠤᠷᠠᠰᠬᠠᠯ ᠤᠨ ᠬᠦᠰᠢᠶ᠎ᠡ ᠲᠠᠢ ᠬᠠᠮᠲᠤ ᠪᠠᠷ ᠪᠥᠬᠦ ᠬᠤᠰᠢᠭᠤᠨ ᠤ ᠬᠤᠪᠢᠰᠬᠠᠯ ᠤᠨ ᠳᠤᠷᠠᠰᠬᠠᠯᠲᠤ ᠵᠢᠭᠤᠯᠴᠢᠯᠠᠯ ᠤᠨ | ᠡᠬᠢ ᠪᠠᠶᠠᠯᠢᠭ ᠪᠣᠯᠭᠠᠨ ᠨᠡᠭᠡᠭᠡᠯᠲᠡ ᠲᠠᠢ ᠪᠤᠯᠭᠠᠪᠠ᠃ ᠪᠦᠬᠦ ᠤᠯᠤᠰ ᠤᠨ ᠡᠯ᠎ᠡ ᠭᠠᠵᠠᠷ ᠲᠤ ᠪᠠᠭᠠᠲᠤᠷᠯᠢᠭ ᠡᠭᠡᠴᠢ | ᠥᠬᠢᠨ ᠳᠡᠭᠦᠦ ᠶᠢ ᠪᠢᠰᠢᠷᠡᠬᠦ ᠵᠢᠭᠤᠯᠴᠢᠯᠠᠭᠴᠢᠳ ᠪᠦᠷ ᠬᠦᠷᠦᠯᠴᠡᠨ ᠢᠷᠡᠵᠦ ᠪᠠᠶᠢᠨ᠎ᠠ᠃ ᠲᠤᠬᠠᠢ ᠶᠢᠨ ᠭᠠᠵᠠᠷ ᠤᠨ | ᠢᠳᠡᠭᠡᠨ ᠤᠮᠳᠠᠭᠠᠨ ᠡᠵᠡᠩᠨᠡᠵᠦ ᠪᠠᠶᠢᠭ᠎ᠠ ᠮᠠᠯᠴᠢᠳ᠄ ︽ᠯᠦᠩ ᠮᠧᠢ᠂ ᠢᠦᠢ ᠷᠦᠩ ᠪᠣᠯ ᠮᠠᠨ ᠤ ᠠᠳᠡ ᠠᠴᠠ | ᠭᠠᠷᠤᠭᠰᠠᠨ ᠪᠠᠭᠠᠲᠤᠷ ᠮᠥᠨ᠂ ᠨᠤᠲᠤᠭ ᠤᠨ ᠬᠥᠮᠥᠰ ᠤᠨ ᠥᠨᠢ ᠡᠭᠦᠷᠢᠳᠡ ᠶᠢᠨ ᠣᠮᠣᠭᠰᠢᠯ ᠮᠥᠨ︕ ᠡᠨᠡ | ᠬᠡᠰᠡᠭ ᠲᠠᠯ᠎ᠠ ᠨᠤᠲᠤᠭ ᠡᠪᠡᠰᠦ ᠪᠡᠯᠴᠢᠭᠡᠷ ᠦᠵᠡᠰᠬᠦᠯᠡᠩᠲᠦ ᠰᠠᠶᠢᠬᠠᠨ ᠪᠠᠶᠢᠬᠤ ᠪᠠᠷ ᠪᠠᠷᠠᠬᠤ ᠦᠭᠡᠢ᠂ ᠪᠠᠰᠠ ᠡᠶᠢᠮᠦ | ᠬᠤᠪᠣᠷ ᠨᠠᠨᠳᠢᠨ ᠬᠤᠪᠢᠰᠬᠠᠯ ᠤᠨ ᠡᠬᠢ ᠪᠠᠶᠠᠯᠢᠭ ᠪᠤᠢ᠃ ᠣᠶᠢᠷ᠎ᠠ ᠶᠢᠨ ᠬᠡᠳᠦᠨ ᠵᠢᠯ ᠳᠤ᠂ ᠯᠦᠩ ᠮᠧᠶ ᠢᠦᠶ | ᠷᠦᠩ ᠤᠨ ᠡᠬᠡ ᠣᠷᠣᠨᠴᠢ ᠦᠵᠡᠯ ᠤᠨ ᠬᠥᠮᠦᠵᠢᠯ ᠤᠨ ᠰᠠᠭᠤᠷᠢᠨ ᠭᠠᠵᠠᠷ ᠲᠤ ᠰᠤᠷᠤᠯᠴᠠᠵᠤ ᠰᠢᠨᠵᠢᠯᠡᠨ | ᠪᠠᠶᠢᠴᠠᠭᠠᠭᠰᠠᠨ ᠪᠦᠯᠬᠦᠮ ᠲᠠᠰᠤᠷᠠᠯᠲᠠ ᠥᠬᠡᠶ ᠣᠯᠠᠰᠢᠷᠠᠵᠤ᠂ ᠮᠠᠨ ᠤ ᠡᠷᠬᠢᠨ ᠲᠣᠭᠤᠷᠢᠨ ᠤ ᠮᠠᠯᠴᠢᠳ ᠲᠤ ᠮᠠᠰᠢ | ᠶᠡᠭᠡ ᠠᠵᠤ ᠠᠬᠤᠶ ᠶᠢᠨ ᠦᠷ᠎ᠡ ᠠᠰᠢᠭ ᠠᠪᠴᠢᠷᠠᠭᠰᠠᠨ ᠪᠠᠶᠢᠨ᠎ᠠ᠃ ᠡᠨᠡ ᠲᠠᠯ᠎ᠠ ᠨᠤᠲᠤᠭ ᠲᠤ ᠪᠠᠭᠠᠲᠤᠷ ᠡᠭᠡᠴᠢ | ᠥᠬᠢᠨ ᠳᠡᠭᠦᠦ ᠶᠢᠨ ᠦᠢᠯᠡ ᠶᠠᠪᠤᠳᠠᠯ ᠳᠠᠭᠠᠨ ᠲᠦᠰᠢᠭᠯᠡᠨ ᠮᠠᠨ ᠤ ᠠᠮᠢᠳᠤᠷᠠᠯ ᠶᠠᠪᠤᠬᠤ ᠲᠤᠲᠤᠮ ᠰᠠᠶᠢᠵᠢᠷᠠᠪᠠ︾ | ᠭᠡᠪᠡ᠃ ︽ᠨᠤᠲᠤᠭ ᠤᠨ ᠠᠷᠠᠳ ᠲᠦᠮᠡᠨ ᠳᠤ ᠯᠠ ᠲᠤᠰᠠᠲᠠᠢ ᠯᠠ ᠶᠤᠮ ᠪᠣᠯ ᠪᠢᠳᠡ ᠴᠥᠮ ᠬᠦᠴᠦ ᠭᠠᠷᠭᠠᠬᠤ | ᠳᠤᠷᠠᠲᠠᠢ︕ ᠨᠤᠲᠤᠭ ᠤᠰᠤᠨ ᠤ ᠪᠠᠨ ᠬᠥᠭᠵᠢᠯᠲᠡ ᠶᠢ ᠲᠡᠮᠵᠢᠵᠤ ᠳᠡᠮᠵᠢᠬᠦ ᠲᠠᠯ᠎ᠠ ᠪᠠᠷ ᠯᠦᠩ ᠮᠧᠢ᠂ ᠢᠦᠢ ᠷᠦᠩ | ᠡᠭᠡᠴᠢ ᠥᠬᠢᠨ ᠳᠡᠭᠦᠦ ᠬᠤᠶᠠᠭᠤᠯᠠ ᠬᠡᠵᠢᠶᠡᠲᠡ ᠳᠠᠭᠤᠨ ᠨᠢᠭᠡᠲᠠᠢ ᠪᠠᠶᠢᠳᠠᠭ᠃ | ᠡᠳᠦᠭᠡ ᠲᠠᠯ᠎ᠠ ᠨᠤᠲᠤᠭ ᠤᠨ ᠪᠢᠴᠢᠬᠠᠨ ᠪᠠᠭᠠᠲᠤᠷ ᠡᠭᠡᠴᠢ ᠥᠬᠢᠨ ᠳᠡᠭᠦᠦ ᠶᠢᠨ ᠪᠠᠭᠠᠲᠤᠷᠯᠢᠭ ᠦᠢᠯᠡ | ᠠᠵᠢᠯᠯᠠᠭ᠎ᠠ 60 ᠵᠢᠯ ᠥᠩᠭᠡᠷᠡᠵᠡᠶ᠃ 60 ᠵᠢᠯ ᠤᠨ ᠡᠮᠦᠨ᠎ᠡ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ | ᠲᠠᠯ᠎ᠠ ᠨᠤᠲᠤᠭ ᠤᠨ ᠲᠡᠷᠡ ᠤᠳᠠᠭᠠᠨ ᠤ ᠴᠠᠰᠤ ᠰᠢᠭᠤᠷᠭ᠎ᠠ ᠡᠭᠡᠴᠢ ᠥᠬᠢᠨ ᠳᠡᠭᠦᠦ ᠶᠢᠨ ᠪᠡᠶ᠎ᠡ ᠳᠡᠭᠡᠷ᠎ᠡ ᠭᠦᠨ | ᠰᠠᠭᠤᠭᠳᠠᠯ ᠦᠯᠡᠳᠡᠭᠡᠵᠡᠶ᠃ ᠡᠭᠡᠴᠢ ᠯᠦᠩ ᠮᠧᠶ ᠶᠢᠨ ᠵᠡᠭᠦᠨ ᠬᠥᠯ ᠤᠨ ᠡᠷᠡᠬᠡᠢ ᠬᠤᠷᠤᠭᠤ ᠨᠢ ᠬᠦᠯᠳᠡᠵᠤ᠂ | ᠦᠯᠡᠳᠡᠭᠰᠡᠨ ᠶᠢᠰᠦᠨ ᠬᠤᠷᠤᠭᠤ ᠨᠢ ᠴᠤ ᠬᠦᠯᠳᠡᠭᠰᠡᠨ ᠪᠠᠶᠢᠨ᠎ᠠ᠂ ᠣᠳᠣ ᠨᠢᠭᠡᠨᠲᠡ ᠠᠪᠴᠢᠭᠠᠳ᠂ | ᠦᠨᠳᠦᠰᠦᠨ ᠳᠡᠭᠡᠨ ᠲᠡᠭᠰᠢ ᠬᠦᠯ ᠢᠶᠠᠷ ᠠᠯᠬᠤᠬᠤ ᠠᠴᠠ ᠥᠭᠡᠷ᠎ᠡ ᠠᠷᠭ᠎ᠠ ᠦᠭᠡᠢ ᠪᠣᠯᠵᠠᠢ᠃ ᠥᠬᠢᠨ ᠳᠡᠭᠦᠦ ᠢᠦᠢ | ᠷᠦᠩ ᠤᠨ ᠬᠤᠶᠠᠷ ᠬᠥᠯ ᠨᠢ ᠬᠦᠨᠳᠦ ᠰᠢᠷᠬᠠᠲᠤᠵᠤ᠂ ᠰᠢᠯᠪᠢ ᠶᠢᠨ ᠮᠥᠴᠢ ᠣᠭᠲᠣᠯᠬᠤ ᠮᠡᠰᠡ ᠵᠠᠰᠠᠯ ᠬᠢᠭᠰᠡᠨ ᠤ | ᠳᠠᠷᠠᠭ᠎ᠠ ᠪᠦᠷ ᠬᠢᠮᠡᠯ ᠮᠥᠴᠢ ᠲᠠᠭᠠᠷᠠᠭᠤᠯᠪᠠ᠃ ᠬᠢᠮᠡᠯ ᠮᠥᠴᠢ ᠨᠢ ᠬᠤᠶᠠᠷ ᠵᠢᠯ ᠠᠯᠤᠰᠯᠠᠪᠠᠯ ᠰᠣᠯᠢᠬᠤ ᠬᠡᠷᠡᠭᠲᠡᠢ᠂ | ᠤᠳᠠᠭ᠎ᠠ ᠪᠦᠷᠢ ᠳᠠᠬᠢᠨ ᠳᠠᠪᠲᠠᠨ ᠬᠠᠲᠠᠭᠤᠵᠢᠭᠤᠯᠬᠤ ᠬᠡᠷᠡᠭᠲᠡᠢ᠂ ᠤᠳᠠᠭ᠎ᠠ ᠪᠣᠯᠭᠠᠨ ᠪᠦᠷ ᠴᠢᠰᠤ ᠮᠢᠬᠠᠨ ᠤ ᠡᠪᠡᠳᠬᠦ | ᠪᠠ ᠵᠣᠷᠢᠭ ᠰᠠᠨᠠᠭᠠᠨ ᠤ ᠦᠵᠡᠯᠴᠡᠭᠡᠨ ᠪᠣᠯᠤᠨ᠎ᠠ᠃ ᠢᠦᠢ ᠷᠦᠩ ᠤᠨ ᠶᠡᠭᠡ ᠥᠬᠢᠨ ᠨᠢ ᠪᠠᠭ᠎ᠠ ᠰᠤᠷᠭᠠᠭᠤᠯᠢ ᠳᠤ | ᠪᠠᠶᠢᠬᠤ ᠳᠠᠭᠠᠨ ᠡᠵᠢ ᠶᠢᠨ ᠢᠶᠠᠨ ᠪᠠᠶᠢᠳᠠᠯ ᠢ ᠦᠵᠡᠭᠡᠳ᠄ ︽ᠡᠵᠢ ᠠ᠋᠂ ᠨᠢᠭᠡ ᠰᠦᠷᠦᠭ ᠬᠤᠨᠢ ᠶᠢ ᠬᠠᠮᠠᠭᠠᠯᠠᠬᠤ ᠶᠢᠨ | ᠲᠥᠯᠥᠭᠡ ᠲᠠ ᠬᠤᠶᠠᠷ ᠬᠥᠯ ᠢᠶᠠᠨ ᠠᠯᠳᠠᠭᠠᠳ᠂ ᠡᠶᠢᠮᠦ ᠶᠡᠭᠡ ᠵᠣᠪᠠᠯᠠᠩ ᠠᠮᠰᠠᠵᠤ ᠪᠠᠶᠢᠬᠤ ᠨᠢ ᠶᠠᠭᠤᠨ ᠳᠤ ᠪᠤᠢ︖ | ︾ ᠭᠡᠵᠦ ᠵᠢᠷᠦᠬᠡ ᠰᠢᠮᠰᠢᠷᠡᠨ ᠠᠰᠠᠭᠤᠪᠠ᠃ ᠴᠠᠭ ᠦᠶ᠎ᠡ ᠶᠢᠨ ᠬᠥᠭᠵᠢᠯᠲᠡ ᠶᠢ ᠳᠠᠭᠠᠯᠳᠤᠨ᠂ ᠵᠠᠬ᠎ᠠ ᠳᠡᠯᠭᠡᠭᠦᠷ ᠤᠨ | ᠠᠵᠤ ᠠᠬᠤᠢ ᠶᠢᠨ ᠣᠷᠴᠢᠨ ᠨᠥᠬᠦᠴᠡᠯ ᠳᠣᠣᠷᠠᠬᠢ ᠣᠯᠠᠨ ᠡᠰᠢᠲᠦ ᠥᠷᠲᠡᠭ ᠤᠨ ᠦᠵᠡᠯᠲᠡ ᠠᠴᠠ ᠪᠣᠯᠤᠭᠰᠠᠨ | ᠮᠥᠷᠭᠦᠯᠳᠦᠭᠡᠨ ᠪᠠ ᠰᠡᠵᠢᠭᠯᠡᠯ ᠴᠦ ᠬᠤᠶᠢᠨ᠎ᠠ ᠬᠤᠶᠢᠨ᠎ᠠ ᠠᠴᠠ ᠪᠠᠨ ᠡᠭᠦᠰᠴᠦ᠂ ᠯᠦᠩ ᠮᠧᠶ᠂ ᠢᠦᠢ ᠷᠦᠩ ᠮᠠᠰᠢ | ᠭᠦᠨ ᠲᠥᠷᠥᠭᠳᠡᠯ ᠲᠠᠢ ᠪᠣᠯᠵᠠᠢ᠃ ᠲᠡᠷᠡ ᠴᠦ ᠪᠠᠶᠢᠲᠤᠭᠠᠢ ᠵᠠᠷᠢᠮ ᠬᠥᠮᠥᠨ ᠪᠠᠰᠠ ᠨᠢᠭᠡ ᠲᠠᠩᠰᠠ ᠪᠤᠳᠤᠵᠤ᠂ ᠢᠦᠢ | ᠷᠦᠩ ᠠᠴᠠ᠄ ︽ᠲᠠ ᠨᠠᠷ ᠤᠨ ᠠᠮᠢ ᠪᠡᠶ᠎ᠡ ᠪᠠᠨ ᠬᠠᠶᠢᠬᠤᠷᠤᠯ ᠦᠭᠡᠢ ᠪᠠᠷ ᠰᠠᠬᠢᠨ ᠬᠠᠮᠠᠭᠠᠯᠠᠵᠤ ᠪᠠᠶᠢᠭᠰᠠᠨ ᠲᠡᠷᠡ | ᠰᠦᠷᠦᠭ ᠬᠤᠨᠢ ᠬᠠᠮᠤᠭ ᠰᠡᠭᠦᠯ ᠳᠤ 3 ᠨᠢ ᠦᠬᠦᠵᠡᠢ᠂ ᠲᠤᠬᠠᠢ ᠶᠢᠨ ᠦᠶ᠎ᠡ ᠶᠢᠨ ᠪᠠᠷᠠᠭᠠᠨ ᠤ ᠦᠨ᠎ᠡ ᠶᠢᠨ | ᠵᠢᠱᠢᠯᠲᠡ ᠪᠠᠷ ᠪᠣᠯ᠂ 6 ᠲᠥᠭᠦᠷᠢᠭ ᠤᠨ ᠥᠷᠲᠡᠭ ᠪᠦᠬᠦᠢ 3 ᠬᠤᠨᠢ ᠨᠢ 6 ᠲᠥᠭᠦᠷᠢᠭ ᠲᠤ ᠬᠦᠷᠴᠡᠢ᠂ 6 | ᠲᠥᠭᠦᠷᠢᠭ ᠤᠨ ᠲᠥᠯᠥᠭᠡ ᠲᠠᠨ ᠤ ᠡᠭᠡᠴᠢ ᠥᠬᠢᠨ ᠳᠡᠭᠦᠦ ᠬᠤᠶᠠᠭᠤᠯᠠ ᠪᠠᠨ ᠨᠠᠰᠤᠨ ᠲᠤᠷᠰᠢᠲᠠ ᠶᠢᠨ ᠵᠡᠮᠳᠡᠭ | ᠪᠣᠯᠤᠭᠰᠠᠨ ᠳᠠᠭᠠᠨ ᠬᠠᠷᠠᠮᠰᠠᠬᠤ ᠦᠭᠡᠢ ᠦᠦ︖︾ ᠭᠡᠵᠦ ᠠᠰᠠᠭᠤᠭᠰᠠᠨ ᠳᠤ᠂ ︽ᠶᠡᠷᠦ ᠠᠴᠠ ᠭᠡᠮᠰᠢᠵᠦ ᠦᠵᠡᠭᠡ | ᠦᠭᠡᠢ᠂ ᠤᠶᠤᠨ ᠰᠠᠨᠠᠭ᠎ᠠ ᠶᠢ ᠵᠣᠭᠤᠰ ᠮᠥᠩᠭᠦ ᠪᠠᠷ ᠬᠡᠮᠵᠢᠵᠦ ᠪᠣᠯᠬᠤ ᠦᠭᠡᠢ︾ ᠭᠡᠵᠦ ᠢᠦᠢ ᠷᠦᠩ ᠤᠨ | ᠬᠠᠷᠢᠭᠤᠯᠲᠠ ᠲᠣᠪᠴᠢ ᠠᠪᠰᠠᠷᠬᠠᠨ ᠪᠥᠭᠡᠳ ᠡᠷᠡᠰ ᠪᠠᠲᠤ ᠪᠠᠶᠢᠪᠠ᠃ 60 ᠵᠢᠯ ᠤᠨ ᠲᠤᠷᠰᠢ᠂ ᠯᠦᠩ ᠮᠧᠢ᠂ ᠢᠦᠢ | ᠷᠦᠩ ᠣᠯᠠᠨ ᠨᠡᠶᠢᠲᠡ ᠶᠢᠨ ᠠᠰᠠᠷᠠᠮᠵᠢ ᠶᠢᠨ ᠠᠵᠢᠯᠯᠠᠭ᠎ᠠ ᠬᠢᠵᠡᠢ᠃ ᠪᠦᠬᠦ ᠤᠯᠤᠰ ᠤᠨ ᠪᠠᠭᠠᠲᠤᠷ ᠵᠢᠱᠢᠶᠡᠴᠢ | ᠬᠥᠮᠦᠨ ᠪᠣᠯᠤᠭᠰᠠᠨ ᠤ ᠬᠤᠪᠢ ᠳᠤ᠂ ᠲᠡᠳᠡᠨ ᠤ ᠬᠠᠮᠤᠭ ᠤᠨ ᠲᠠᠨᠢᠯ ᠳᠠᠰᠤᠯ ᠪᠣᠯ ᠳᠠᠷᠤᠢ ᠥᠪᠡᠷ ᠤᠨ | ᠦᠯᠢᠭᠡᠷ ᠢᠶᠠᠨ ᠲᠠᠬᠢᠨ ᠳᠠᠪᠲᠠᠨ ᠶᠠᠷᠢᠵᠤ᠂ ᠤᠯᠤᠰ ᠢᠶᠠᠨ ᠬᠠᠶᠢᠷᠠᠯᠠᠬᠤ ᠦᠵᠡᠯ ᠤᠨ ᠵᠣᠷᠢᠭ ᠰᠠᠨᠠᠭ᠎ᠠ ᠶᠢ ᠶᠠᠷᠢᠵᠤ᠂ | ᠪᠠᠭᠠᠲᠤᠷᠯᠢᠭ ᠦᠵᠡᠯ ᠤᠨ ᠵᠣᠷᠢᠭ ᠰᠠᠨᠠᠭ᠎ᠠ ᠶᠢ ᠶᠠᠷᠢᠵᠤ᠂ ᠨᠡᠶᠢᠲᠡᠴᠢ ᠦᠵᠡᠯ ᠤᠨ ᠵᠣᠷᠢᠭ ᠰᠠᠨᠠᠭ᠎ᠠ ᠶᠢ ᠶᠠᠷᠢᠬᠤ | ᠶᠠᠪᠤᠳᠠᠯ ᠪᠣᠯᠤᠨ᠎ᠠ᠃ ᠯᠦᠩ ᠮᠧᠢ ᠨᠢᠭᠡ ᠤᠳᠠᠭᠠᠨ ᠤ ᠢᠯᠡᠳᠭᠡᠯ ᠳᠤ ᠪᠠᠨ᠄ ︽ᠦᠨᠡᠨ ᠳᠡᠭᠡᠨ᠂ ᠲᠡᠷᠡ ᠣᠢᠶ᠎ᠠ ᠳᠤ | ᠪᠢ ᠪᠣᠯᠤᠨ ᠥᠬᠢᠨ ᠳᠡᠭᠦᠦ ᠨᠠᠷ ᠤᠨ ᠪᠣᠳᠣᠯ ᠲᠣᠩ ᠳᠥᠭᠦᠮ᠂ ᠪᠢᠳᠡᠨ ᠤ ᠪᠣᠳᠣᠵᠤ ᠪᠠᠶᠢᠭᠰᠠᠨ ᠪᠣᠯ ᠳᠠᠷᠤᠢ | ᠬᠤᠨᠢᠨ ᠰᠦᠷᠦᠭ ᠪᠤᠯᠤᠨ᠎ᠠ᠂ ᠬᠥᠮᠦᠨ ᠨᠢ ᠪᠠᠶᠢᠪᠠᠯ ᠳᠠᠷᠤᠢ ᠬᠤᠨᠢ ᠪᠠᠶᠢᠨ᠎ᠠ᠃ ᠲᠤᠬᠠᠶ ᠶᠢᠨ ᠦᠶ᠎ᠡ ᠳᠤ ᠪᠦᠬᠦ | ᠤᠯᠤᠰ ᠤᠨ ᠠᠷᠠᠳ ᠲᠦᠮᠡᠨ ᠯᠧᠶ ᠹᠧᠩ ᠠᠴᠠ ᠰᠤᠷᠤᠯᠴᠠᠬᠤ ᠬᠠᠯᠠᠭᠤᠨ ᠥᠷᠨᠢᠯᠲᠡ ᠭᠠᠷᠴᠤ᠂ ᠯᠧᠶ ᠹᠧᠩ ᠠᠴᠠ | ᠰᠤᠷᠤᠯᠴᠠᠨ᠂ ᠤᠯᠤᠰ ᠣᠷᠣᠨ ᠪᠠ ᠬᠠᠮᠲᠤ ᠶᠢᠨ ᠠᠰᠢᠭ ᠲᠤᠰᠠ ᠶᠢ ᠬᠠᠮᠤᠭ ᠤᠨ ᠳᠡᠭᠡᠳᠦ ᠪᠠᠶᠢᠷᠢᠨ ᠳᠤ ᠲᠠᠯᠪᠢᠵᠠᠶ᠂ | ᠡᠨᠡ ᠪᠣᠯ ᠳᠠᠷᠤᠶ ᠮᠠᠨ ᠤ ᠢᠲᠡᠭᠡᠯ ᠮᠥᠨ᠃ ᠢᠲᠡᠭᠡᠯ ᠵᠣᠷᠢᠭ ᠪᠣᠯ ᠬᠠᠮᠤᠭ ᠤᠨ ᠬᠦᠴᠦᠨ ᠲᠠᠢ ᠵᠡᠪᠰᠡᠭ ᠮᠥᠨ︕ | ᠥᠬᠢᠨ ᠳᠡᠭᠦᠦ ᠪᠢᠳᠡ ᠬᠤᠶᠠᠭᠤᠯᠠ ᠶᠠᠭ ᠢᠲᠡᠭᠡᠯ ᠪᠢᠰᠢᠷᠡᠯ ᠤᠨ ᠲᠤᠯᠭᠠᠭᠤᠷᠢᠯᠠᠯ ᠳᠤ ᠲᠦᠰᠢᠭᠯᠡᠨ᠎ᠡ᠂ ᠴᠠᠰᠤ | ᠪᠦᠷᠬᠦᠭᠰᠡᠨ ᠦᠳᠡᠰᠢ ᠂ ᠡᠴᠦᠰ ᠲᠡᠭᠡᠨ ᠥᠯᠥᠰᠬᠦᠯᠡᠩ᠂ ᠬᠠᠬᠢᠷ ᠬᠦᠢᠳᠡᠨ ᠪᠠ ᠭᠡᠯᠮᠡᠭᠳᠡᠯ ᠢ ᠢᠯᠠᠨ ᠳᠠᠪᠠᠵᠤ᠂ ᠴᠠᠰᠤ | ᠰᠢᠭᠤᠷᠭᠠᠨ ᠢ ᠢᠯᠠᠨ ᠳᠠᠪᠠᠵᠤ᠂ ᠬᠠᠮᠲᠤ ᠶᠢᠨ ᠬᠤᠨᠢᠨ ᠰᠦᠷᠦᠭ ᠢ ᠬᠠᠮᠠᠭᠠᠯᠠᠪᠠ᠃ ᠡᠳᠡᠭᠡᠷ ᠠᠷᠢᠭᠤᠨ ᠴᠢᠬᠡᠴᠢ | ᠰᠡᠳᠬᠢᠯᠭᠡ ᠪᠣᠯ ᠳᠠᠷᠤᠶ ᠮᠢᠨᠦ ᠥᠬᠢᠨ ᠳᠡᠭᠦᠤ ᠶᠢᠨ ᠤᠭ ᠰᠠᠨᠠᠭᠠᠨ ᠤ ᠡᠬᠢ ᠰᠤᠷᠪᠤᠯᠵᠢ ᠮᠥᠨ ᠭᠡᠵᠦ ᠬᠡᠯᠡᠵᠦ | ᠪᠣᠯᠤᠨ᠎ᠠ᠃ | ᠥᠭᠡᠷᠡᠴᠢᠯᠡᠯᠲᠡ ᠨᠡᠭᠡᠭᠡᠯᠲᠡ ᠬᠢᠭᠰᠡᠨ ᠤ ᠳᠠᠷᠠᠭ᠎ᠠ᠂ ᠵᠠᠬ᠎ᠠ ᠳᠡᠯᠭᠡᠭᠦᠷ ᠤᠨ ᠠᠵᠤ ᠠᠬᠤᠢ ᠶᠢᠨ ᠶᠡᠭᠡ | ᠤᠷᠤᠰᠬᠠᠯ ᠨᠡᠶᠢᠭᠡᠮ ᠤᠨ ᠡᠯ᠎ᠡ ᠥᠨᠴᠥᠭ ᠲᠤ ᠬᠦᠷᠪᠡ᠃ ᠡᠮᠦᠨᠡᠲᠦ ᠣᠷᠣᠨ ᠤ ᠨᠢᠭᠡᠨ ᠠᠵᠤ ᠠᠬᠤᠶᠢᠯᠠᠯ ᠯᠦᠩ | ᠮᠧᠢ᠂ ᠢᠦᠢ ᠷᠦᠩ ᠢ ᠡᠷᠢᠵᠦ ᠣᠴᠢᠭᠠᠳ ᠶᠡᠭᠡ ᠵᠣᠭᠤᠰ ᠢᠶᠠᠷ ᠲᠡᠳᠡᠨ ᠢ ᠵᠠᠷ ᠣᠷᠣᠯᠠᠨ ᠥᠭᠦᠯᠡᠭᠴᠢ ᠪᠠᠷ ᠤᠷᠢᠵᠤ᠂ | ︽ᠲᠠᠯ᠎ᠠ ᠨᠤᠲᠤᠭ ᠤᠨ ᠪᠢᠴᠢᠬᠠᠨ ᠪᠠᠭᠠᠲᠤᠷ ᠡᠭᠡᠴᠢ ᠥᠬᠢᠨ ᠳᠡᠭᠦᠦ︾ ᠶᠢᠨ ᠨᠡᠷ᠎ᠡ ᠪᠠᠷ ᠲᠡᠳᠡᠨ ᠤ | ᠪᠦᠲᠦᠭᠡᠭᠳᠡᠬᠦᠨ ᠳᠤ ᠪᠠᠨ ᠵᠠᠷ ᠰᠤᠷᠲᠠᠯᠴᠢᠯᠠᠭ᠎ᠠ ᠬᠢᠵᠦ ᠥᠭᠬᠦ ᠶᠢ ᠪᠤᠳᠤᠬᠰᠠᠨ ᠳᠤ ᠡᠭᠡᠴᠢ ᠥᠬᠢᠨ ᠳᠡᠭᠦᠦ | ᠬᠤᠶᠠᠭᠤᠯᠠ ᠡᠪᠲᠡᠶᠢᠬᠡᠨ ᠬᠦᠯᠢᠶᠡᠨ ᠠᠪᠤᠭᠰᠠᠨ ᠦᠭᠡᠢ᠃ ᠤᠴᠢᠷ ᠨᠢ᠂ ᠪᠠᠭᠠᠲᠤᠷᠯᠢᠭ ᠭᠡᠷᠡᠯᠯᠢᠭ ᠴᠠᠭᠠᠷᠢᠭ ᠪᠣᠯ | ᠨᠠᠮ ᠪᠠ ᠠᠷᠠᠳ ᠲᠦᠮᠡᠨ ᠠᠴᠠ ᠲᠡᠳᠡᠨ ᠳᠤ ᠣᠯᠭᠤᠭᠰᠠᠨ ᠡᠷᠬᠢᠮ ᠳᠡᠭᠡᠳᠦ ᠢᠷᠠᠭᠤ ᠠᠯᠳᠠᠷ ᠮᠥᠨ᠂ ᠴᠠᠭ | ᠦᠶ᠎ᠡ ᠶᠢᠨ ᠤᠶᠤᠨ ᠰᠠᠨᠠᠭᠠᠨ ᠤ ᠥᠪ ᠬᠥᠷᠥᠩᠭᠡ ᠮᠥᠨ᠂ ᠥᠴᠥᠬᠡᠨ ᠴᠦ ᠭᠤᠲᠤᠭᠠᠬᠤ ᠪᠠ ᠬᠤᠪᠳᠣᠭᠯᠠᠵᠤ | ᠪᠣᠯᠬᠤ ᠦᠭᠡᠢ ᠭᠡᠳᠡᠭ ᠢ ᠭᠦᠨ ᠣᠶᠢᠯᠠᠭᠠᠵᠤ ᠪᠠᠶᠢᠨ᠎ᠠ᠃ | ᠬᠠᠮᠲᠤ ᠶᠢᠨ ᠦᠵᠡᠯ ᠤᠨ ᠵᠤᠷᠢᠭ ᠰᠠᠨᠠᠭ᠎ᠠ ᠬᠡᠵᠢᠶᠡᠳᠡ ᠴᠠᠭ ᠠᠴᠠ ᠬᠤᠴᠤᠷᠬᠤ ᠦᠭᠡᠢ᠃ ᠬᠠᠮᠲᠤ ᠶᠢᠨ | ᠦᠵᠡᠯ ᠪᠤᠯ ᠨᠢᠭᠡ ᠵᠦᠢᠯ ᠤᠨ ᠨᠡᠶᠢᠭᠡᠮ ᠤᠨ ᠬᠠᠷᠢᠭᠤᠴᠠᠯᠭᠠᠲᠦ ᠰᠡᠳᠬᠢᠯᠭᠡ ᠮᠥᠨ᠃ ᠡᠶᠢᠮᠦ ᠬᠠᠷᠢᠭᠤᠴᠠᠯᠭᠠᠲᠦ | ᠰᠡᠳᠬᠢᠯᠭᠡ ᠨᠢ᠂ ᠪᠢᠳᠡ ᠤᠴᠢᠷ ᠶᠠᠪᠤᠳᠠᠯ ᠳᠤ ᠲᠤᠯᠭᠠᠷᠠᠪᠠᠯ ᠵᠥᠪᠬᠡᠨ ︿ᠨᠠᠮ᠎ᠠ﹀ ᠪᠠᠷ ᠭᠤᠣᠯ ᠪᠣᠯᠭᠠᠵᠤ ᠪᠣᠯᠬᠤ | ᠦᠭᠡᠢ᠃ ᠵᠢᠱᠢᠶᠡᠯᠡᠪᠡᠯ᠂ ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠰᠠᠶᠢᠨ ᠳᠤᠷ᠎ᠠ ᠶᠢᠨ | ᠠᠵᠢᠯᠯᠠᠭᠴᠢ ᠶᠢᠨ ᠵᠣᠷᠢᠭ ᠰᠠᠨᠠᠭ᠎ᠠ᠂ ᠸᠧᠨᠴᠤᠸᠠᠨ ᠤ ᠭᠠᠵᠠᠷ ᠬᠥᠳᠡᠯᠦᠯᠲᠡ ᠶᠢᠨ ᠠᠪᠤᠷᠠᠨ ᠲᠤᠰᠠᠯᠠᠬᠤ ᠵᠣᠷᠢᠭ | ᠰᠠᠨᠠᠭ᠎ᠠ ᠵᠡᠷᠭᠡ ᠤᠳᠤ ᠦᠶ᠎ᠡ ᠶᠢᠨ ᠵᠠᠯᠠᠭᠤᠴᠤᠳ ᠤᠨ ᠪᠡᠶ᠎ᠡ ᠳᠡᠭᠡᠷ᠎ᠡ ᠠᠴᠠ ᠢᠯᠡᠷᠡᠭᠦᠯᠦᠭᠰᠡᠨ ᠴᠢᠩᠭ᠎ᠠ | ᠬᠠᠷᠢᠭᠤᠴᠠᠯᠭᠠᠲᠤ ᠰᠡᠳᠬᠢᠯᠭᠡ ᠪᠣᠯᠤᠨ ᠦᠵᠡᠯ ᠰᠠᠨᠠᠭᠠᠨ ᠤ ᠠᠬᠤᠢ ᠪᠠᠶᠢᠳᠠᠯ ᠨᠢ ᠳᠠᠷᠤᠶ ᠨᠡᠶᠢᠲᠡᠴᠢ ᠦᠵᠡᠯ ᠤᠨ | ᠵᠣᠷᠢᠭ ᠰᠠᠨᠠᠭ᠎ᠠ ᠪᠣᠯᠤᠨ᠎ᠠ᠂ ᠡᠨᠡ ᠬᠦ ᠵᠣᠷᠢᠭ ᠰᠠᠨᠠᠭ᠎ᠠ ᠨᠢ ᠴᠠᠭ ᠠᠴᠠ ᠬᠤᠴᠤᠷᠠᠬᠤ ᠦᠭᠡᠢ ᠮᠥᠷᠲᠡᠭᠡᠨ ᠨᠡᠩ ᠴᠤ | ᠰᠢᠨ᠎ᠡ ᠴᠠᠭ ᠦᠶ᠎ᠡ ᠠᠴᠠ ᠰᠢᠨ᠎ᠡ ᠠᠭᠤᠯᠤᠭᠳᠠᠬᠤᠨ ᠣᠯᠭᠤᠵᠤ᠂ ᠦᠶ᠎ᠡ ᠦᠶ᠎ᠡ ᠶᠢᠨ ᠵᠠᠯᠠᠭᠤᠴᠤᠳ ᠤᠨ ᠡᠷᠡᠭᠦᠯ ᠢᠶᠠᠷ | ᠦᠰᠦᠨ ᠪᠤᠶᠢᠵᠢᠬᠤ ᠶᠢ ᠵᠣᠷᠢᠭᠵᠢᠭᠤᠯᠬᠤ ᠬᠡᠷᠡᠭᠲᠡᠶ︾ ᠭᠡᠵᠦ ᠬᠡᠯᠡᠪᠡ᠃ ︽ᠬᠠᠮᠲᠤᠴᠢ ᠦᠵᠡᠯ ᠤᠨ ᠵᠣᠷᠢᠭ ᠰᠠᠨᠠᠭ᠎ᠠ | ᠮᠠᠨ ᠤ ᠡᠳᠦᠷ ᠲᠤᠳᠤᠮ ᠤᠨ ᠠᠮᠢᠳᠤᠷᠠᠯ ᠳᠤ ᠤᠷᠤᠰᠬᠠᠯ ᠤᠰᠤ ᠮᠡᠲᠦ ᠰᠢᠩᠭᠡᠭᠰᠡᠨ ᠪᠠᠶᠢᠬᠤ ᠶᠣᠰᠣᠲᠠᠢ᠄ | ᠠᠮᠢᠳᠤᠷᠠᠯ ᠤᠨ ᠳᠤᠮᠳᠠ ᠪᠤᠰᠤᠳ ᠢ ᠢᠯᠡᠭᠦᠦ ᠪᠣᠳᠣᠯᠬᠢᠯᠠᠵᠤ ᠥᠪᠡᠷ ᠢ ᠪᠠᠨ ᠳᠤᠲᠠᠭᠤ ᠪᠣᠳᠣᠯᠬᠢᠯᠠᠵᠤ᠂ ᠨᠠᠶᠢᠷ | ᠲᠠᠯᠪᠢᠯᠲᠠ ᠶᠢ ᠢᠯᠡᠭᠦᠦ ᠬᠢᠵᠦ᠂ ᠠᠷᠭ᠎ᠠ ᠪᠣᠳᠣᠯᠭ᠎ᠠ ᠶᠢ ᠪᠠᠭ᠎ᠠ ᠬᠢᠵᠦ᠂ ᠳᠠᠷᠤᠤ ᠬᠢᠴᠢᠶᠡᠩᠭᠦᠢ᠂ ᠪᠠᠴᠢᠮᠳᠠᠨ | ᠪᠠᠴᠢᠮᠳᠠᠬᠤ ᠶᠠᠪᠤᠳᠠᠯ ᠢ ᠪᠠᠭ᠎ᠠ ᠰᠢᠭ᠋ ᠬᠢᠪᠡᠯ᠂ ᠬᠥᠮᠥᠨ ᠬᠥᠮᠥᠨ ᠤ ᠬᠤᠭᠤᠷᠣᠨᠳᠣᠬᠢ ᠬᠠᠷᠢᠴᠠᠭ᠎ᠠ ᠳᠠᠷᠤᠢ ᠮᠠᠰᠢ ᠡᠶ᠎ᠡ | ᠨᠠᠶᠢᠷᠲᠠᠢ ᠪᠣᠯᠬᠤ ᠪᠣᠯᠣᠨ᠎ᠠ︔ ᠴᠢ ᠪᠣᠰᠣᠳ ᠢ ᠬᠠᠪᠰᠤᠷᠤᠭᠰᠠᠨ ᠤ ᠳᠠᠷᠠᠭ᠎ᠠ᠂ ᠥᠨᠥᠳᠥᠷ ᠳᠠᠷᠤᠢ ᠮᠠᠰᠢ ᠤᠳᠬ᠎ᠠ | ᠠᠭᠤᠯᠭ᠎ᠠ ᠲᠠᠢ᠂ ᠬᠦᠴᠢᠷ ᠪᠡᠷᠬᠡ ᠶᠢᠨ ᠨᠤᠭᠤᠷᠠᠯ ᠪᠦᠳᠦᠷᠢᠯ ᠳᠤ ᠤᠴᠠᠷᠠᠪᠠᠯ ᠲᠠᠶᠠᠭᠳᠠᠵᠤ ᠪᠣᠯᠬᠤ ᠦᠭᠡᠢ᠂ ᠡᠮᠦᠨ᠎ᠡ | ᠨᠢᠭᠡ ᠠᠯᠬᠤᠮ ᠪᠣᠯ ᠳᠠᠷᠤᠢ ᠰᠠᠶᠢᠨ ᠰᠠᠶᠢᠬᠠᠨ ᠮᠠᠷᠭᠠᠰᠢ᠂ ᠡᠳᠡᠭᠡᠷ ᠪᠣᠯ ᠪᠦᠷ ᠨᠡᠶᠢᠲᠡᠴᠢ ᠦᠵᠡᠯ ᠤᠨ ᠵᠣᠷᠢᠭ | ᠰᠠᠨᠠᠭ᠎ᠠ ᠮᠥᠨ︾᠃ ᠯᠦᠩ ᠮᠧᠶ᠂ ᠢᠦᠶ ᠷᠦᠩ ᠡᠭᠡᠴᠢ ᠥᠬᠢᠨ ᠳᠡᠭᠦᠦ ᠬᠤᠶᠠᠭᠤᠯᠠ ᠶᠢᠨ ᠬᠠᠮᠲᠤ ᠶᠢᠨ ᠦᠵᠡᠯ | ᠰᠠᠨᠠᠭ᠎ᠠ ᠨᠢ ᠡᠳᠦᠷ ᠲᠤᠲᠤᠮ ᠤᠨ ᠠᠮᠢᠳᠤᠷᠠᠯ ᠲᠠᠢ ᠨᠠᠩ ᠣᠶᠢᠷᠠᠲᠤᠵᠤ᠂ ᠵᠠᠯᠠᠭᠤᠴᠤᠳ ᠳᠤ ᠬᠦᠯᠢᠶᠡᠨ ᠠᠪᠬᠤ ᠴᠠᠭ | ᠦᠶ᠎ᠡ ᠶᠢᠨ ᠠᠭᠤᠯᠤᠭᠳᠠᠬᠤᠨ ᠢ ᠨᠠᠩ ᠣᠶᠢᠯᠠᠭᠠᠭᠤᠯᠪᠠ᠃ | ᠠᠵᠢᠯ ᠳᠤ ᠣᠷᠣᠭᠰᠠᠨ ᠤ ᠲᠠᠷᠠᠭ᠎ᠠ᠂ ᠯᠦᠩ ᠮᠧᠶ᠂ ᠢᠦᠢ ᠷᠦᠩ ᠤᠯᠠᠨ ᠤᠳᠠᠭ᠎ᠠ ᠠᠵᠢᠯ ᠤᠨ ᠪᠠᠶᠢᠷᠢ ᠪᠠᠨ | ᠰᠣᠯᠢᠬᠤ ᠳᠠᠭᠠᠨ ᠴᠥᠮ ᠵᠣᠬᠢᠶᠠᠨ ᠪᠠᠶᠢᠭᠤᠯᠤᠯᠲᠠ ᠶᠢᠨ ᠲᠣᠭᠲᠠᠭᠠᠯ ᠢ ᠰᠣᠨᠣᠰᠴᠤ᠂ ᠶᠡᠷᠦ ᠠᠴᠠ ᠬᠤᠪᠢ ᠬᠥᠮᠥᠨ ᠤ | ᠨᠥᠬᠦᠴᠡᠯ ᠢᠶᠠᠨ ᠳᠤᠷᠠᠳᠳᠠᠭ ᠦᠭᠡᠢ ᠪᠠᠶᠢᠪᠠ᠃ ᠪᠡᠶ᠎ᠡ ᠨᠢ ᠵᠡᠮᠳᠡᠭ ᠪᠣᠯᠪᠠᠴᠤ ᠠᠵᠢᠯ ᠠᠮᠢᠳᠤᠷᠠᠯ ᠤᠨ ᠲᠠᠯ᠎ᠠ ᠪᠠᠷ | ᠶᠡᠷᠦ ᠠᠴᠠ ᠣᠨᠴᠠᠭᠠᠶᠢᠷᠠᠬᠤ ᠦᠭᠡᠢ ᠪᠠᠶᠢᠳᠠᠭ᠃ ᠰᠡᠭᠦᠯᠡᠷ ᠨᠢ ᠡᠭᠡᠴᠢ ᠥᠬᠢᠨ ᠳᠡᠭᠦᠦ ᠬᠤᠶᠠᠭᠤᠯᠠ ᠶᠢᠨ ᠠᠵᠢᠯ | ᠲᠣᠪᠣᠶᠢᠮ᠎ᠠ ᠪᠣᠯᠤᠭᠰᠠᠨ ᠠᠴᠠ ᠴᠥᠮ ᠤᠳᠤᠷᠢᠳᠬᠤ ᠪᠠᠶᠢᠷᠢᠨ ᠳᠤ ᠭᠠᠷᠤᠭᠰᠠᠨ ᠪᠥᠭᠡᠳ ᠴᠥᠮ ᠠᠷᠠᠳ ᠤᠨ ᠤᠯᠤᠰ | ᠲᠦᠷᠤ ᠶᠢᠨ ᠵᠥᠪᠯᠡᠯᠭᠡᠨ ᠳᠤ ᠤᠯᠠᠨ ᠵᠢᠯ ᠠᠵᠢᠯᠯᠠᠭᠰᠠᠨ ᠪᠠᠶᠢᠨ᠎ᠠ᠃ | 1999 ᠣᠨ ᠳᠤ᠂ ᠯᠦᠩ ᠮᠧᠶ ᠪᠤᠭᠤᠲᠤ ᠬᠤᠲᠠ ᠶᠢᠨ ᠳ᠋ᠦᠩ ᠾᠧ ᠲᠣᠭᠤᠷᠢᠭ ᠤᠨ ᠤᠯᠤᠰ ᠲᠥᠷᠥ ᠶᠢᠨ | ᠵᠥᠪᠯᠡᠯᠭᠡᠨ ᠤ ᠬᠤᠭᠤᠴᠠᠭ᠎ᠠ ᠰᠣᠯᠢᠬᠤ ᠰᠣᠩᠭᠤᠭᠤᠯᠢ ᠳᠤ ᠤᠯᠤᠰ ᠲᠥᠷᠥ ᠶᠢᠨ ᠵᠥᠪᠯᠡᠯᠭᠡᠨ ᠤ ᠪᠤᠭᠤᠲᠤ | ᠬᠤᠲᠠ ᠶᠢᠨ ᠳ᠋ᠦᠩ ᠾᠧ ᠲᠣᠭᠤᠷᠢᠭ ᠤᠨ ᠵᠢᠷᠭᠤᠳᠤᠭᠠᠷ ᠬᠤᠭᠤᠴᠠᠭᠠᠨ ᠤ ᠬᠤᠷᠢᠶ᠎ᠠ ᠶᠢᠨ ᠲᠡᠷᠢᠭᠦᠯᠡᠭᠴᠢ ᠪᠠᠷ | ᠰᠣᠩᠭᠤᠭᠳᠠᠪᠠ᠃ ᠯᠦᠩ ᠮᠧᠶ ᠲᠤᠰᠢᠶᠠᠯ ᠡᠭᠦᠷᠭᠡᠯᠡᠬᠦ ᠣᠪᠣᠷ ᠢᠶᠠᠨ ᠢᠯᠡᠳᠬᠡᠬᠦ ᠳᠡᠭᠡᠨ᠄ ︽ᠡᠨᠡ ᠪᠣᠯ ᠪᠤᠭᠤᠲᠤ | ᠬᠤᠲᠠ ᠶᠢᠨ ᠨᠠᠮ ᠤᠨ ᠬᠤᠷᠢᠶ᠎ᠠ ᠪᠠ ᠳ᠋ᠦᠩ ᠾᠧ ᠲᠣᠭᠤᠷᠢᠭ ᠤᠨ ᠪᠥᠬᠦ ᠤᠯᠤᠰ ᠲᠥᠷᠥ ᠶᠢᠨ ᠵᠥᠪᠯᠡᠯᠭᠡᠨ ᠤ | ᠭᠡᠰᠢᠭᠦᠳ ᠤᠨ ᠢᠲᠡᠭᠡᠯ ᠮᠥᠨ᠃ ᠡᠭᠦᠨ ᠠᠴᠠ ᠡᠮᠦᠨ᠎ᠡ᠂ ᠪᠢ ᠨᠢᠭᠡᠨᠲᠡ 7 ᠤᠳᠤᠷᠢᠳᠬᠤ ᠪᠠᠶᠢᠷᠢ ᠳᠡᠭᠡᠷ᠎ᠡ ᠳᠡᠳ᠋ | ᠲᠤᠰᠢᠶᠠᠯ ᠡᠭᠦᠷᠭᠡᠯᠡᠵᠦ ᠥᠩᠭᠡᠷᠡᠭᠰᠡᠨ᠂ ᠭᠡᠪᠡᠴᠦ ᠤᠯᠤᠰ ᠲᠦᠷᠦ ᠶᠢᠨ ᠵᠥᠪᠯᠡᠯᠭᠡᠨ ᠤ ᠲᠡᠷᠢᠭᠦᠯᠡᠭᠴᠢ ᠶᠢᠨ ᠡᠨᠡ ᠬᠦ | ᠲᠤᠰᠢᠶᠠᠯ ᠨᠢ ᠪᠠᠰᠠ ᠮᠢᠨᠦ ᠪᠡᠶᠡᠴᠢ ᠲᠠᠯ᠎ᠠ ᠶᠢᠨ ᠬᠦᠰᠡᠯ ᠡᠷᠡᠮᠡᠯᠵᠡᠯ ᠪᠢᠰᠢ᠃ ᠠᠷᠠᠳ ᠲᠦᠮᠡᠨ ᠤ ᠬᠡᠷᠡᠭᠴᠡᠭᠡ | ᠱᠠᠭᠠᠷᠳᠠᠯᠭ᠎ᠠ ᠲᠠᠢ ᠯᠠ ᠶᠤᠮ ᠪᠣᠯ ᠨᠠᠮ ᠤᠨ ᠵᠣᠬᠢᠶᠠᠨ ᠪᠠᠶᠢᠭᠤᠯᠤᠯᠲᠠ ᠶᠢᠨ ᠲᠤᠬᠢᠷᠠᠭᠤᠯᠤᠯᠳᠠ ᠮᠥᠨ᠂ ᠶᠠᠮᠠᠷᠪᠠ | ᠠᠵᠢᠯ ᠤᠨ ᠪᠠᠶᠢᠷᠢ ᠳᠤ ᠭᠡᠳ ᠴᠥᠮ ᠭᠠᠪᠢᠶ᠎ᠠ ᠪᠠᠶᠢᠭᠤᠯᠵᠤ ᠦᠢᠯᠡᠰ ᠪᠦᠲᠦᠭᠡᠵᠦ ᠴᠢᠳᠠᠨ᠎ᠠ ᠭᠡᠵᠦ ᠪᠢ ᠦᠵᠡᠵᠦ | ᠪᠠᠶᠢᠨ᠎ᠠ︾ ᠭᠡᠵᠦ ᠬᠡᠯᠡᠪᠡ᠃ ᠯᠦᠩ ᠮᠧᠶ ᠤᠳᠤᠷᠢᠳᠬᠤ ᠪᠠᠭ ᠤᠨ ᠬᠤᠷᠠᠯ ᠳᠡᠭᠡᠷ᠎ᠡ᠄ ︽ᠨᠠᠮ ᠤᠨ | ᠤᠳᠤᠷᠢᠳᠤᠯᠭ᠎ᠠ ᠶᠢ ᠢᠮᠠᠭᠲᠠ ᠪᠠᠷᠢᠮᠲᠠᠯᠠᠬᠤ ᠪᠣᠯ ᠠᠷᠠᠳ ᠤᠨ ᠤᠯᠤᠰ ᠲᠦᠷᠦ ᠶᠢᠨ ᠵᠥᠪᠯᠡᠯᠭᠡᠨ ᠤ ᠪᠠᠲᠤ ᠰᠠᠬᠢᠬᠤ | ᠶᠣᠰᠣᠲᠠᠶ ᠴᠢᠬᠤᠯᠠ ᠶᠡᠭᠡ ᠵᠠᠷᠴᠢᠮ ᠮᠥᠨ᠂ ᠪᠠᠰᠠ ᠴᠤ ᠠᠷᠠᠳ ᠤᠨ ᠤᠯᠤᠰ ᠲᠦᠷᠦ ᠶᠢᠨ ᠵᠥᠪᠯᠡᠯᠭᠡᠨ ᠤ | ᠦᠢᠯᠡᠰ ᠤᠨ ᠬᠥᠭᠵᠢᠯᠲᠡ ᠶᠢᠨ ᠤᠷᠤᠭᠰᠢᠯᠠᠯᠲᠠ ᠶᠢᠨ ᠦᠨᠳᠦᠰᠦᠨ ᠪᠠᠲᠤᠯᠠᠭ᠎ᠠ ᠮᠥᠨ᠃ ᠪᠢᠳᠡ ᠬᠤᠳᠠ ᠶᠢᠨ | ᠨᠠᠮ ᠤᠨ ᠬᠤᠷᠢᠶ᠎ᠠ᠂ ᠬᠤᠳᠠ ᠶᠢᠨ ᠵᠠᠰᠠᠭ ᠤᠨ ᠣᠷᠳᠣᠨ ᠤ ᠭᠤᠣᠯ ᠠᠵᠢᠯ ᠤᠨ ᠲᠣᠭᠤᠷᠢᠨ ᠳᠤ ᠤᠯᠤᠰ ᠲᠦᠷᠦ ᠶᠢᠨ | ᠵᠥᠪᠯᠡᠯᠭᠡ ᠬᠢᠬᠦ᠂ ᠠᠷᠠᠳᠴᠢᠯᠠᠯ ᠢᠶᠠᠷ ᠬᠢᠨᠠᠯᠲᠠ ᠲᠠᠯᠪᠢᠬᠤ᠂ ᠵᠠᠰᠠᠭ ᠤᠨ ᠶᠠᠪᠤᠳᠠᠯ ᠳᠤ ᠣᠷᠣᠯᠴᠠᠨ ᠲᠦᠷᠦ ᠶᠢᠨ | ᠬᠡᠷᠡᠭ ᠢ ᠵᠥᠪᠯᠡᠬᠦ ᠡᠭᠦᠷᠭᠡ ᠴᠢᠳᠠᠪᠬᠢ ᠪᠠᠨ ᠰᠠᠶᠢᠲᠤᠷ ᠭᠦᠢᠴᠡᠳᠬᠡᠬᠦ ᠬᠡᠷᠡᠭᠲᠡᠶ︾ ᠬᠡᠵᠡᠢ᠃ ᠤᠯᠤᠰ ᠲᠥᠷᠥ ᠶᠢᠨ | ᠵᠥᠪᠯᠡᠯᠭᠡᠨ ᠤ ᠪᠤᠭᠤᠲᠤ ᠬᠤᠲᠠ ᠶᠢᠨ ᠳ᠋ᠦᠩ ᠾᠧ ᠲᠣᠭᠤᠷᠢᠭ ᠤᠨ ᠵᠢᠷᠭᠤᠳᠤᠭᠠᠷ ᠬᠤᠭᠤᠴᠠᠭᠠᠨ ᠤ ᠬᠤᠷᠢᠶ᠎ᠠ ᠨᠢ | ᠠᠵᠤ ᠠᠬᠤᠶ ᠶᠢᠨ ᠠᠵᠢᠯ ᠭᠡᠬᠦ ᠡᠨᠡ ᠬᠦ ᠭᠤᠤᠯᠳᠠᠯᠭ᠎ᠠ ᠶᠢᠨ ᠲᠣᠭᠤᠷᠢᠨ ᠳᠤ᠂ ᠤᠯᠤᠰ ᠲᠥᠷᠥ ᠶᠢᠨ ᠵᠥᠪᠯᠡᠯᠭᠡᠨ ᠤ | ᠪᠠᠶᠢᠩᠭᠤ ᠶᠢᠨ ᠬᠤᠷᠢᠶ᠎ᠠ ᠪᠠ ᠲᠡᠷᠢᠭᠦᠯᠡᠭᠴᠢᠳ ᠤᠨ ᠬᠤᠷᠠᠯ ᠢᠶᠠᠷ ᠳᠡᠮᠵᠢᠨ᠂ ᠵᠠᠰᠠᠭ ᠤᠨ ᠣᠷᠳᠣᠨ ᠤ ᠬᠤᠯᠪᠣᠭᠳᠠᠯ | ᠪᠥᠬᠦᠶ ᠰᠠᠯᠠᠭ᠎ᠠ ᠮᠥᠴᠢᠷ ᠤᠨ ᠠᠵᠢᠯ ᠤᠨ ᠮᠡᠳᠡᠭᠦᠯᠦᠯᠲᠡ ᠶᠢ 68 ᠤᠳᠠᠭ᠎ᠠ ᠰᠣᠨᠣᠰᠴᠤ᠂ ᠵᠠᠰᠠᠭ ᠤᠨ ᠣᠷᠳᠣᠨ ᠤ | ᠬᠤᠯᠪᠣᠭᠳᠠᠯ ᠪᠥᠬᠦᠶ ᠰᠠᠯᠠᠭ᠎ᠠ ᠮᠥᠴᠢᠷ ᠤᠨ ᠠᠵᠢᠯ ᠤᠨ ᠵᠠᠷᠯᠠᠯ ᠢ ᠰᠣᠨᠣᠰᠴᠤ ᠦᠨᠡᠯᠡᠨ᠂ ᠵᠠᠰᠠᠭ ᠤᠨ ᠣᠷᠳᠣᠨ ᠤ | ᠠᠵᠢᠯ ᠳᠤ ᠪᠦᠲᠦᠮᠵᠢᠲᠡᠶ ᠠᠷᠠᠳᠴᠢᠯᠠᠯ ᠢᠶᠠᠷ ᠬᠢᠨᠠᠯᠲᠠ ᠲᠠᠯᠪᠢᠬᠤ ᠶᠢ ᠬᠡᠷᠡᠭᠵᠢᠭᠦᠯᠵᠦ᠂ ᠵᠠᠰᠠᠭ ᠤᠨ ᠣᠷᠳᠣᠨ ᠵᠢᠴᠢ | ᠬᠤᠯᠪᠣᠭᠳᠠᠯ ᠪᠥᠬᠦᠶ ᠰᠠᠯᠠᠭ᠎ᠠ ᠮᠥᠴᠢᠷ ᠤᠨ ᠠᠵᠢᠯ ᠢᠶᠠᠨ ᠰᠠᠶᠢᠵᠢᠷᠠᠭᠤᠯᠬᠤ᠂ ᠠᠵᠢᠯ ᠤᠨ ᠦᠷ᠎ᠡ ᠪᠦᠲᠦᠮᠵᠢ ᠪᠠᠨ | ᠳᠡᠭᠡᠭᠰᠢᠯᠡᠭᠦᠯᠬᠦ ᠶᠢ ᠠᠬᠢᠭᠤᠯᠬᠤ ᠳᠤ ᠢᠳᠡᠪᠬᠢᠲᠡᠶ ᠦᠢᠯᠡᠳᠦᠯ ᠦᠵᠡᠭᠦᠯᠪᠡ᠃ ᠠᠵᠢᠯ ᠳᠤᠪᠤᠶᠢᠮ᠎ᠠ ᠪᠣᠯᠬᠤᠷ᠂ ᠣᠯᠠᠨ | ᠲᠦᠮᠡᠨ ᠳᠤ ᠮᠡᠳᠡᠷᠡᠭᠳᠡᠵᠦ᠂ 2004 ᠣᠨ ᠳᠤ᠂ ᠯᠦᠩ ᠮᠧᠢ ᠤᠯᠤᠰ ᠲᠥᠷᠥ ᠶᠢᠨ ᠵᠥᠪᠯᠡᠯᠭᠡᠨ ᠤ ᠳ᠋ᠦᠩ ᠾᠧ | ᠲᠣᠭᠤᠷᠢᠭ ᠤᠨ ᠳᠣᠯᠣᠳᠤᠭᠠᠷ ᠬᠤᠭᠤᠴᠠᠭᠠᠨ ᠤ ᠬᠤᠷᠢᠶᠠᠨ ᠤ ᠲᠡᠷᠢᠭᠦᠯᠡᠭᠴᠢ ᠪᠠᠷ ᠳᠠᠬᠢᠨᠲᠠ ᠰᠣᠩᠭᠤᠭᠳᠠᠪᠠ᠃ | ᠲᠡᠭᠦᠨ ᠤ ᠳᠠᠭᠠᠭᠤᠯᠭ᠎ᠠ ᠳᠣᠣᠷ᠎ᠠ᠂ ᠳ᠋ᠦᠩ ᠾᠧ ᠲᠣᠭᠤᠷᠢᠭ ᠤᠨ ᠤᠯᠤᠰ ᠲᠦᠷᠦ ᠶᠢᠨ ᠵᠥᠪᠯᠡᠯᠭᠡᠨ ᠤ ᠰᠠᠨᠠᠯ | ᠳᠤᠷᠠᠳᠤᠯᠭ᠎ᠠ ᠶᠢᠨ ᠠᠵᠢᠯ ᠲᠠᠬᠢᠨ ᠰᠢᠨ᠎ᠡ ᠳᠡᠭᠲᠡᠷ ᠲᠤ ᠭᠠᠷᠴᠤ᠂ ᠪᠦᠬᠦ ᠤᠯᠤᠰ ᠲᠦᠷᠦ ᠶᠢᠨ ᠵᠥᠪᠯᠡᠯᠭᠡᠨ ᠤ | ᠭᠡᠰᠢᠭᠦᠳ ᠤᠨ ᠵᠠᠰᠠᠭ ᠤᠨ ᠶᠠᠪᠤᠳᠠᠯ ᠳᠤ ᠣᠷᠣᠯᠴᠠᠨ ᠲᠦᠷᠦ ᠶᠢᠨ ᠬᠡᠷᠡᠭ ᠢ ᠵᠥᠪᠯᠡᠬᠦ ᠳᠡᠭᠡᠳᠦ ᠬᠡᠮᠵᠢᠶᠡᠨ ᠤ | ᠬᠠᠯᠠᠭᠤᠨ ᠰᠡᠳᠬᠢᠯᠭᠡ ᠪᠠ ᠡᠭᠦᠷᠭᠡ ᠲᠤᠰᠢᠶᠠᠯ ᠢᠶᠠᠨ ᠭᠦᠢᠴᠡᠳᠬᠡᠬᠦ ᠴᠢᠳᠠᠪᠤᠷᠢ ᠶᠢ ᠢᠯᠡᠷᠡᠭᠦᠯᠵᠦ᠂ ᠨᠠᠮ ᠤᠨ ᠬᠤᠷᠢᠶ᠎ᠠ | ᠵᠠᠰᠠᠭ ᠤᠨ ᠣᠷᠳᠣᠨ ᠤ ᠰᠢᠨᠵᠢᠯᠡᠬᠦ ᠤᠬᠠᠭᠠᠨᠴᠢ ᠪᠠᠷ ᠰᠢᠢᠳᠪᠦᠷᠢᠲᠦ ᠪᠤᠳᠤᠯᠭ᠎ᠠ ᠲᠣᠭᠲᠠᠭᠠᠬᠤ ᠳᠤ ᠪᠦᠲᠦᠮᠵᠢᠲᠡᠢ | ᠦᠨᠳᠦᠰᠦᠯᠡᠯ ᠬᠠᠩᠭᠠᠵᠠᠢ᠃ 2007 ᠣᠨ ᠳᠤ᠂ ︽ᠳ᠋ᠦᠩ ᠾᠧ ᠲᠣᠭᠤᠷᠢᠭ ᠤᠨ ᠳᠤᠮᠳᠠᠳᠤ ᠪᠠᠭ᠎ᠠ | ᠰᠤᠷᠭᠠᠭᠤᠯᠢ ᠶᠢᠨ ᠵᠢᠭᠠᠨ ᠰᠤᠷᠭᠠᠬᠤ ᠨᠤᠷᠠᠬᠤ ᠠᠶᠤᠯᠲᠠᠶ ᠬᠡᠷ ᠪᠠᠶᠢᠰᠢᠩ ᠢ ᠥᠭᠡᠷᠡᠴᠢᠯᠡᠬᠦ ᠲᠤᠬᠠᠶ ᠰᠠᠨᠠᠭᠤᠯᠭ᠎ᠠ︾ ᠶᠢ | ᠯᠦᠩ ᠮᠧᠶ ᠴᠢᠬᠤᠯᠠᠴᠢᠯᠠᠨ ᠦᠵᠡᠪᠡ᠃ ᠲᠡᠷᠡ ᠤᠯᠤᠰ ᠲᠦᠷᠦ ᠶᠢᠨ ᠵᠥᠪᠯᠡᠯᠭᠡᠨ ᠤ ᠭᠡᠰᠢᠭᠦᠳ ᠢ ᠳᠠᠭᠠᠭᠤᠯᠤᠨ | ᠤᠯᠠᠨ ᠤᠳᠠᠭ᠎ᠠ ᠲᠤᠬᠠᠢ ᠶᠢᠨ ᠲᠠᠯᠠᠪᠤᠷ ᠲᠤ ᠭᠦᠨᠵᠡᠭᠡᠶᠢᠷᠡᠨ ᠪᠠᠶᠢᠴᠠᠭᠠᠨ ᠰᠤᠳᠤᠯᠤᠯᠲᠠ ᠬᠢᠵᠦ᠂ ᠠᠰᠠᠭᠤᠳᠠᠯ ᠢ | ᠦᠨᠡᠨ ᠮᠥᠨ ᠢᠶᠠᠷ ᠨᠢ ᠪᠤᠰᠤᠳᠴᠢ ᠪᠠᠷ ᠲᠤᠰᠬᠠᠪᠠ᠃ ᠲᠣᠰ ᠰᠠᠨᠠᠯ ᠳᠤᠷᠠᠳᠤᠯᠭ᠎ᠠ ᠮᠠᠰᠢ ᠲᠦᠷᠭᠡᠨ ᠢᠶᠠᠷ ᠪᠤᠭᠤᠲᠤ | ᠬᠤᠲᠠ ᠶᠢᠨ ᠨᠠᠮ ᠵᠠᠰᠠᠭ ᠤᠨ ᠤᠳᠤᠷᠢᠳᠤᠯᠭ᠎ᠠ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠡᠴᠦᠰ ᠲᠡᠭᠡᠨ | 1200 ᠲᠦᠮᠡᠨ ᠲᠥᠭᠦᠷᠢᠭ ᠵᠣᠭᠤᠰ ᠰᠠᠯᠭᠠᠨ ᠥᠭᠴᠦ᠂ ᠳ᠋ᠦᠩ ᠾᠧ ᠲᠣᠭᠤᠷᠢᠭ ᠤᠨ ᠳᠤᠮᠳᠠᠳᠤ ᠪᠠᠭ᠎ᠠ | ᠰᠤᠷᠭᠠᠭᠤᠯᠢ ᠶᠢᠨ ᠨᠤᠷᠠᠬᠤ ᠠᠶᠤᠯᠲᠠᠶ ᠬᠡᠷ ᠪᠠᠶᠢᠰᠢᠩ ᠢ ᠥᠭᠡᠷᠡᠴᠢᠯᠡᠨ ᠵᠠᠰᠠᠬᠤ ᠠᠰᠠᠭᠤᠳᠠᠯ ᠢ ᠰᠢᠢᠳᠪᠦᠷᠢᠯᠡᠪᠡ᠃ | ᠯᠦᠩ ᠮᠧᠶ ᠳ᠋ᠦᠩ ᠾᠧ ᠲᠣᠭᠤᠷᠢᠭ ᠤᠨ ᠤᠯᠤᠰ ᠲᠥᠷᠥ ᠶᠢᠨ ᠵᠥᠪᠯᠡᠯᠭᠡᠨ ᠤ ᠲᠡᠷᠢᠭᠦᠯᠡᠭᠴᠢ ᠶᠢᠨ ᠲᠤᠰᠢᠶᠠᠯ ᠢ | ᠡᠭᠦᠷᠭᠡᠯᠡᠭᠰᠡᠨ ᠠᠴᠠ ᠨᠠᠭᠠᠰᠢ᠂ ᠢᠮᠠᠭᠲᠠ ᠠᠰᠪᠤᠷ ᠰᠢᠯᠤᠭᠤᠨ᠂ ᠲᠥᠪ ᠭᠤᠤᠯᠴᠢ ᠠᠷᠢᠭᠤᠨ ᠴᠢᠬᠡᠴᠢ᠂ ᠠᠵᠢᠯᠴᠢ | ᠬᠢᠴᠢᠶᠡᠩᠭᠦᠶ ᠪᠠᠷ ᠵᠠᠰᠠᠭ ᠪᠠᠷᠢᠵᠤ ᠪᠣᠳᠠᠲᠠᠶ ᠶᠢ ᠡᠷᠬᠢᠮᠯᠡᠬᠦ ᠮᠥᠨ ᠴᠢᠨᠠᠷ ᠢ ᠪᠠᠷᠢᠮᠲᠠᠯᠠᠪᠠ᠃ ᠲᠡᠳᠡ ᠨᠠᠷ ᠪᠦᠬᠦ | ᠭᠡᠷ ᠢᠶᠠᠷ ᠢᠶᠠᠨ ᠴᠠᠬᠢᠯᠭᠠᠨ ᠱᠠᠲᠤ ᠪᠠᠶᠢᠬᠤ ᠦᠭᠡᠢ ᠰᠠᠭᠤᠭᠠᠯᠢ ᠠᠷᠠᠳ ᠤᠨ ᠠᠰᠠᠷ ᠲᠤ ᠰᠠᠭᠤᠵᠤ᠂ ᠭᠡᠷ | ᠪᠠᠶᠢᠰᠢᠩ ᠤᠨ ᠲᠠᠯᠠᠪᠠᠢ ᠨᠢ ᠵᠥᠪᠬᠡᠨ 60 ᠭᠠᠷᠤᠶ ᠲᠡᠭᠰᠢ ᠳᠥᠷᠪᠡᠯᠵᠢᠨ ᠮᠧᠲᠷ ᠪᠠᠶᠢᠵᠤ᠂ ᠭᠡᠷ ᠪᠦᠯᠢ ᠶᠢᠨ ᠳᠡᠯᠭᠡᠨ | ᠦᠵᠡᠭᠦᠯᠭᠡ ᠨᠢ ᠴᠦ ᠮᠠᠰᠢ ᠳᠥᠭᠦᠮ ᠪᠠᠶᠢᠳᠠᠭ᠃ ᠠᠵᠢᠯ ᠳᠤ ᠭᠠᠷᠬᠤ ᠪᠠ ᠠᠵᠢᠯ ᠠᠴᠠ ᠪᠠᠭᠤᠬᠤ ᠳᠠᠭᠠᠨ ᠲᠡᠷᠡ | ᠶᠡᠷᠦ ᠠᠴᠠ ᠪᠠᠶᠢᠭᠤᠯᠭ᠎ᠠ ᠶᠢᠨ ᠢᠶᠠᠨ ᠲᠡᠷᠭᠡ ᠪᠠᠷ ᠲᠣᠰᠴᠤ ᠬᠦᠷᠭᠡᠳᠡᠭ ᠦᠭᠡᠢ᠂ ᠪᠦᠷ ᠨᠡᠶᠢᠲᠡ ᠶᠢᠨ ᠮᠠᠰᠢᠨ | ᠲᠡᠷᠭᠡᠨ ᠳᠤ ᠰᠠᠭᠤᠬᠤ ᠪᠤᠶᠤ ᠲᠦᠷᠢᠶᠡᠰᠦᠨ ᠮᠠᠰᠢᠨ ᠲᠡᠷᠭᠡᠨ ᠳᠤ ᠰᠠᠭᠤᠳᠠᠭ᠃ ᠵᠡᠷᠭᠡᠯᠡᠳᠡᠭᠡ ᠠᠶᠢᠯ ᠤᠨ ᠬᠢᠨᠢ | ᠲᠡᠭᠦᠨ ᠤ ᠣᠷᠣᠵᠤ ᠭᠠᠷᠬᠤ ᠳᠤ ᠳᠥᠭᠦᠮ ᠦᠭᠡᠢ ᠪᠠᠶᠢᠬᠤ ᠶᠢ ᠦᠵᠡᠭᠡᠳ᠂ ᠵᠣᠬᠢᠶᠠᠨ ᠪᠠᠶᠢᠭᠤᠯᠤᠯᠲᠠ ᠠᠴᠠ | ᠱᠠᠭᠠᠷᠳᠠᠯᠭ᠎ᠠ ᠳᠤᠷᠠᠳᠴᠤ᠂ ᠴᠠᠬᠢᠯᠭᠠᠨ ᠱᠠᠲᠤᠨ ᠤ ᠠᠰᠠᠷ ᠢ ᠰᠣᠯᠢᠵᠤ ᠰᠠᠭᠤᠯᠭᠠᠬᠤ ᠪᠠᠷ ᠢᠳᠬᠠᠪᠠ᠃ ᠯᠦᠩ ᠮᠧᠢ | ᠬᠡᠵᠢᠶᠡᠳᠡ ᠭᠠᠷ ᠢᠶᠠᠨ ᠰᠠᠵᠢᠨ ᠢᠨᠢᠶᠡᠮᠰᠦᠭᠯᠡᠭᠰᠡᠭᠡᠷ᠄ ︽ᠮᠢᠨᠦ ᠣᠳᠣ ᠶᠢᠨ ᠠᠯᠢᠪᠠ ᠪᠦᠬᠦᠨ ᠴᠥᠮ ᠨᠠᠮ ᠪᠠ ᠠᠷᠠᠳ | ᠲᠦᠮᠡᠨ ᠤ ᠥᠭᠭᠦᠭᠰᠡᠨ ᠶᠤᠮ᠂ ᠪᠢ ᠵᠣᠬᠢᠶᠠᠨ ᠪᠠᠶᠢᠭᠤᠯᠤᠯᠲᠠ ᠳᠤ ᠶᠠᠮᠠᠷ ᠴᠤ ᠱᠠᠭᠠᠷᠳᠠᠯᠭ᠎ᠠ ᠳᠤᠷᠠᠳᠴᠤ ᠪᠣᠯᠬᠤ | ᠦᠭᠡᠢ᠃ ᠡᠨᠡ ᠵᠢᠭᠠᠬᠠᠨ ᠢ ᠬᠦᠴᠢᠷ ᠪᠡᠷᠬᠡᠰᠢᠶᠡᠯ ᠭᠡᠵᠦ ᠪᠣᠳᠣᠬᠤ ᠦᠭᠡᠢ︾ ᠭᠡᠪᠡ᠃ ᠳ᠋ᠦᠩ ᠾᠧ ᠲᠣᠭᠤᠷᠢᠭ ᠪᠣᠯ | ᠪᠤᠭᠤᠲᠤ ᠬᠤᠳᠠ ᠶᠢᠨ ᠠᠷᠠᠳ ᠤᠨ ᠡᠵᠡᠩᠨᠡᠯᠲᠡ ᠶᠢᠨ ᠠᠵᠤ ᠠᠬᠤᠢ ᠬᠥᠭᠵᠢᠭᠰᠡᠨ ᠭᠠᠵᠠᠷ ᠣᠷᠣᠨ ᠤ ᠨᠢᠭᠡ ᠪᠣᠯᠣᠨ᠎ᠠ | ᠂ ᠲᠣᠭᠤᠷᠢᠭ ᠤᠨ ᠤᠳᠤᠷᠢᠳᠬᠤ ᠺᠠᠳ᠋ᠷ ᠪᠣᠯᠤᠭᠰᠠᠨ ᠤ ᠬᠤᠪᠢ ᠳᠤ᠂ ᠪᠠᠰᠠ ᠪᠦᠬᠦ ᠤᠯᠤᠰ ᠤᠨ ᠪᠠᠭᠠᠲᠤᠷ ᠵᠢᠱᠢᠶᠡᠴᠢ | ᠬᠥᠮᠥᠰ ᠪᠣᠯᠣᠨ᠎ᠠ᠂ ᠯᠦᠩ ᠮᠧᠢ ᠲᠠᠢ ︽ᠬᠠᠷᠢᠴᠠᠭ᠎ᠠ ᠪᠠᠨ ᠣᠶᠢᠷᠠᠲᠤᠭᠤᠯᠬᠤ︾ ᠰᠠᠨᠠᠭᠠᠲᠠᠢ ᠠᠷᠠᠳ ᠤᠨ | ᠡᠵᠡᠩᠨᠡᠯᠲᠡ ᠶᠢᠨ ᠠᠵᠤ ᠠᠬᠤᠶᠢᠯᠠᠯ ᠴᠥᠭᠡᠨ ᠪᠤᠰᠤ ᠪᠠᠶᠢᠨ᠎ᠠ᠃ ᠯᠦᠩ ᠮᠧᠢ ᠡᠷᠬᠡ ᠶᠢ ᠨᠡᠷᠡᠨ ᠭᠡᠷᠡᠯᠲᠦ ᠠᠵᠢᠯᠯᠠᠭ᠎ᠠ | ᠪᠣᠯᠭᠠᠬᠤ ᠶᠢ ᠢᠮᠠᠭᠲᠠ ᠪᠠᠷᠢᠮᠲᠠᠯᠠᠵᠤ᠂ ᠠᠵᠤ ᠠᠬᠤᠢ ᠶᠢᠨ ᠡᠲᠡᠭᠡᠳ ᠤᠨ ᠭᠡᠰᠢᠭᠦᠨ ᠲᠠᠢ ᠦᠨᠡᠨᠴᠢ ᠪᠠᠷ ᠶᠠᠪᠤᠯᠴᠠᠵᠤ᠂ | ᠨᠠᠮ ᠤᠨ ᠰᠠᠬᠢᠯᠭ᠎ᠠ ᠤᠯᠤᠰ ᠤᠨ ᠬᠠᠤᠯᠢ ᠶᠢᠨ ᠬᠤᠷᠢᠭ᠎ᠠ ᠱᠤᠭᠤᠮ ᠢ ᠡᠷᠡᠰ ᠬᠥᠨᠳᠡᠬᠦ ᠦᠭᠡᠢ ᠪᠠᠶᠢᠬᠤ ᠶᠢ | ᠱᠠᠭᠠᠷᠳᠠᠬᠤ ᠶᠢᠨ ᠬᠠᠮᠲᠤ ᠪᠠᠰᠠ ᠠᠵᠤ ᠠᠬᠤᠶᠢᠯᠠᠯ ᠤᠨ ᠭᠡᠰᠢᠭᠦᠨ ᠢ ᠰᠠᠬᠢᠯᠭ᠎ᠠ ᠪᠠᠲᠤ ᠶᠢ ᠵᠢᠷᠤᠮᠯᠠᠨ ᠬᠠᠤᠯᠢ ᠶᠢ | ᠰᠠᠬᠢᠵᠤ᠂ ᠴᠢᠳᠠᠪᠤᠷᠢ ᠪᠣᠯᠤᠨ ᠪᠣᠳᠠᠲᠤ ᠠᠮᠵᠢᠯᠲᠠ ᠪᠠᠷ ᠢᠶᠠᠨ ᠳ᠋ᠦᠩ ᠾᠧ ᠲᠣᠭᠤᠷᠢᠭ ᠤᠨ ᠠᠵᠤ ᠠᠬᠤᠢ | ᠨᠡᠶᠢᠭᠡᠮ ᠤᠨ ᠬᠥᠭᠵᠢᠯᠲᠡ ᠳᠤ ᠥᠪᠡᠷ ᠤᠨ ᠦᠵᠡᠭᠦᠯᠪᠡᠰᠦ ᠵᠣᠬᠢᠬᠤ ᠬᠤᠪᠢ ᠨᠡᠮᠡᠷᠢ ᠪᠠᠨ ᠦᠵᠡᠭᠦᠯᠬᠦ ᠶᠢ ᠱᠠᠭᠠᠷᠳᠠᠪᠠ | ᠃ | 2003 ᠣᠨ ᠳᠤ ᠢᠦᠢ ᠷᠦᠩ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠤᠰ | ᠲᠥᠷᠥ ᠶᠢᠨ ᠵᠥᠪᠯᠡᠯᠭᠡᠨ ᠤ ᠠᠯᠪᠠᠨ ᠲᠢᠩᠬᠢᠮ ᠤᠨ ᠳᠡᠳ᠋ ᠡᠷᠬᠢᠯᠡᠭᠴᠢ ᠶᠢᠨ ᠲᠤᠰᠢᠶᠠᠯ ᠳᠤ ᠲᠣᠮᠢᠯᠠᠭᠳᠠᠪᠠ᠃ ᠡᠨᠡ | ᠵᠢᠯ ᠲᠡᠷᠡ 48 ᠨᠠᠰᠤᠲᠠᠢ᠃ ︽ᠡᠭᠦᠨ ᠠᠴᠠ ᠡᠮᠦᠨ᠎ᠡ ᠪᠢ ᠥᠪᠡᠷᠲᠡᠭᠡᠨ ᠵᠠᠰᠠᠬᠤ ᠣᠷᠣᠨ ᠤ ᠵᠡᠮᠳᠡᠭᠴᠦᠳ ᠤᠨ | ᠬᠤᠯᠪᠣᠭ᠎ᠠ ᠳᠤ ᠠᠵᠢᠯᠯᠠᠵᠤ᠂ ᠠᠯᠪᠠᠨ ᠭᠡᠷ ᠤᠨ ᠠᠵᠢᠯ ᠢ ᠰᠠᠶᠢᠨ ᠮᠡᠳᠡᠬᠦ ᠦᠭᠡᠢ᠂ ᠪᠠᠶᠢᠭᠤᠯᠭ᠎ᠠ ᠶᠢᠨ | ᠦᠢᠯᠡᠴᠢᠯᠡᠭᠡᠨ ᠤ ᠤᠬᠠᠮᠰᠠᠷ ᠨᠢ ᠴᠦ ᠲᠡᠶᠢᠮᠦ ᠴᠢᠩᠭ᠎ᠠ ᠪᠢᠰᠢ ᠪᠠᠶᠢᠵᠠᠢ᠃ ᠪᠢ ᠡᠷᠬᠡᠪᠰᠢ ᠠᠵᠢᠯ ᠤᠨ ᠳᠦᠷᠢ ᠪᠠᠨ | ᠲᠦᠷᠭᠡᠨ ᠬᠤᠪᠢᠷᠠᠭᠤᠯᠵᠤ ᠴᠢᠳᠠᠮᠠᠨᠵᠢᠨ ᠰᠠᠶ᠋ᠢ ᠠᠵᠢᠯ ᠢᠶᠠᠨ ᠰᠠᠶᠢᠲᠤᠷ ᠥᠷᠨᠢᠭᠦᠯᠵᠦ ᠴᠢᠳᠠᠨ᠎ᠠ᠃ ᠤᠯᠤᠰ | ᠲᠥᠷᠥ ᠶᠢᠨ ᠵᠥᠪᠯᠡᠯᠭᠡᠨ ᠤ ᠠᠯᠪᠠᠨ ᠲᠢᠩᠬᠢᠮ ᠨᠢ ᠤᠯᠤᠰ ᠲᠥᠷᠥ ᠶᠢᠨ ᠵᠥᠪᠯᠡᠯᠭᠡᠨ ᠤ ᠪᠠᠶᠢᠭᠤᠯᠭ᠎ᠠ ᠶᠢᠨ ᠳᠤᠮᠳᠠ | ᠭᠤᠤᠯ ᠪᠠᠶᠢᠷᠢᠨ ᠳᠤ ᠪᠠᠶᠢᠵᠤ᠂ ᠶᠡᠭᠡ ᠬᠡᠮᠵᠢᠶᠡᠨ ᠤ ᠤᠯᠤᠰ ᠲᠥᠷᠥ ᠶᠢᠨ ᠵᠥᠪᠯᠡᠯᠭᠡᠨ ᠤ ᠪᠠᠶᠢᠭᠤᠯᠭ᠎ᠠ ᠶᠢᠨ ᠡᠳᠦᠷ | ᠲᠤᠲᠤᠮ ᠤᠨ ᠵᠠᠰᠠᠭ ᠤᠨ ᠶᠠᠪᠤᠳᠠᠯ ᠪᠣᠯᠤᠨ ᠬᠡᠷᠡᠭ ᠶᠠᠪᠤᠳᠠᠯ ᠢ ᠡᠭᠦᠷᠭᠡᠯᠡᠵᠦ ᠪᠠᠶᠢᠭ᠎ᠠ ᠪᠥᠭᠡᠳ ᠡᠯ᠎ᠡ ᠤᠳᠤᠷᠢᠳᠤᠯᠭ᠎ᠠ᠂ | ᠡᠯ᠎ᠡ ᠲᠤᠰᠬᠠᠶ ᠺᠣᠮᠢᠰ ᠤᠨ ᠴᠢᠬᠤᠯᠠ ᠡᠭᠦᠷᠭᠡ ᠴᠢᠳᠠᠪᠤᠷᠢ ᠶᠢ ᠨᠢᠭᠡᠳᠦᠯᠲᠡᠶ ᠲᠥᠯᠥᠪᠯᠡᠨ ᠵᠣᠬᠢᠴᠠᠭᠤᠯᠬᠤ ᠪᠣᠯᠤᠨ᠎ᠠ᠃ | ᠦᠢᠯᠡᠴᠢᠯᠡᠭᠡᠨ ᠤ ᠨᠠᠷᠢᠨ ᠵᠦᠢᠯᠡᠰ ᠢ ᠡᠷᠬᠢᠮᠯᠡᠨ᠎ᠡ᠃ ᠢᠦᠢ ᠷᠦᠩ ᠨᠠᠷᠢᠨ ᠵᠦᠢᠯᠡᠰ ᠢ ᠴᠢᠬᠤᠯᠠᠴᠢᠯᠠᠵᠤ ᠠᠯᠪᠠᠨ | ᠲᠢᠩᠬᠢᠮ ᠳᠤ ᠨᠡᠷ᠎ᠡ ᠭᠠᠷᠴᠠᠢ᠃ ᠶᠡᠭᠡ ᠠᠴᠠ ᠡᠯ᠎ᠡ ᠲᠥᠷᠥᠯ ᠤᠨ ᠬᠤᠷᠠᠯ᠂ ᠠᠵᠢᠯᠯᠠᠭᠠᠨ ᠤ ᠲᠥᠰᠦᠪᠯᠡᠯᠲᠡ ᠶᠢᠨ | ᠲᠣᠬᠢᠷᠠᠭᠤᠯᠤᠯᠲᠠ᠂ ᠤᠳᠤᠷᠢᠳᠤᠯᠭ᠎ᠠ ᠵᠢᠴᠢ ᠪᠤᠰᠤᠳ ᠰᠠᠯᠠᠭ᠎ᠠ ᠮᠥᠴᠢᠷ ᠤᠨ ᠵᠣᠬᠢᠴᠠᠭᠤᠯᠭ᠎ᠠ ᠨᠡᠪᠲᠡᠷᠡᠯᠴᠡᠭᠡ᠂ | ᠪᠠᠭ᠎ᠠ ᠠᠴᠠ ᠨᠢᠭᠡ ᠬᠠᠷᠠᠯᠲᠠᠲᠤ ᠡᠯᠭᠦᠬᠦ᠂ ᠨᠢᠭᠡ ᠴᠠᠢ ᠶᠢᠨ ᠴᠣᠮᠣ ᠶᠢ ᠴᠡᠪᠡᠷᠯᠡᠨ ᠤᠬᠢᠶᠠᠬᠤ᠂ ᠨᠢᠭᠡ ᠶᠠᠷᠢᠭᠤᠷ | ᠲᠦᠩᠰᠡ ᠶᠢ ᠤᠭᠰᠠᠷᠠᠬᠤ ᠵᠡᠷᠭᠡ ᠬᠦᠷᠲᠡᠯ᠎ᠡ᠂ ᠢᠦᠶ ᠷᠦᠩ ᠴᠥᠮ ᠲᠣᠮᠣ ᠨᠠᠷᠢᠯᠢᠭ ᠪᠠᠶᠢᠵᠤ᠂ ᠦᠷᠭᠦᠯᠵᠢ ᠴᠠᠭ | ᠨᠡᠮᠡᠵᠦ ᠠᠵᠢᠯᠯᠠᠨ᠂ ᠶᠠᠳᠠᠷᠠᠭᠠᠳ ᠪᠣᠰᠴᠤ ᠳᠡᠶᠢᠯᠬᠦ ᠦᠭᠡᠢ ᠪᠣᠯᠳᠠᠭ᠃ ᠲᠡᠷᠡ ᠶᠡᠷᠦᠨᠢ ᠪᠤᠰᠤᠳ ᠠᠴᠠ ᠡᠷᠲᠡ | ᠪᠠᠶᠢᠭᠤᠯᠭ᠎ᠠ ᠳᠤ ᠬᠦᠷᠴᠦ᠂ ᠥᠷᠯᠥᠭᠡ ᠶᠢᠨ ᠴᠠᠭ ᠢᠶᠠᠨ ᠠᠰᠢᠭᠯᠠᠨ ᠨᠢᠭᠡ ᠡᠳᠦᠷ ᠤᠨ ᠠᠵᠢᠯ ᠢᠶᠠᠨ ᠨᠠᠷᠢᠨ ᠨᠢᠮᠪᠠᠢ | ᠲᠣᠬᠢᠷᠠᠭᠤᠯᠳᠠᠭ᠃ ᠣᠷᠣᠢ ᠳᠠᠭᠠᠨ ᠲᠡᠷᠡ ᠪᠠᠰᠠ ᠠᠵᠢᠯ ᠠᠴᠠ ᠪᠠᠨ ᠣᠷᠣᠢ ᠪᠠᠭᠤᠵᠤ᠂ ᠨᠢᠭᠡ ᠡᠳᠦᠷ ᠤᠨ ᠬᠢᠵᠦ | ᠳᠠᠭᠤᠰᠬᠠᠭᠰᠠᠨ ᠠᠵᠢᠯ ᠢᠶᠠᠨ ᠨᠠᠷᠢᠨ ᠬᠢᠨᠠᠮᠠᠭᠠᠢ ᠡᠮᠬᠢᠯᠡᠵᠦ᠂ ᠶᠠᠮᠠᠷ ᠶᠠᠮᠠᠷ ᠠᠵᠢᠯ ᠢ ᠣᠷᠬᠢᠭᠳᠠᠭᠤᠯᠵᠤ᠂ | ᠤᠳᠤᠷᠢᠳᠤᠯᠭ᠎ᠠ ᠪᠠ ᠪᠠᠶᠢᠭᠤᠯᠭ᠎ᠠ ᠳᠠᠭᠠᠨ ᠬᠡᠷᠡᠭ ᠦᠭᠡᠢ ᠶᠠᠷᠰᠢᠭ ᠲᠦᠪᠡᠭ ᠪᠠ ᠬᠤᠬᠢᠷᠠᠯ ᠤᠴᠠᠷᠠᠭᠤᠯᠬᠤ ᠠᠴᠠ | ᠪᠣᠯᠭᠤᠮᠵᠢᠯᠠᠳᠠᠭ᠃ ᠵᠠᠷᠢᠮ ᠬᠠᠮᠲᠤ ᠠᠵᠢᠯᠯᠠᠭᠰᠠᠳ ᠨᠢ᠄ ︽ᠲᠠᠨ ᠤ ᠪᠡᠶ᠎ᠡ ᠶᠢᠨ ᠪᠠᠶᠢᠳᠠᠯ ᠢ ᠤᠳᠤᠷᠢᠳᠤᠯᠭ᠎ᠠ ᠨᠠᠷ | ᠪᠦᠷ ᠣᠶᠢᠯᠠᠭᠠᠵᠤ ᠪᠠᠶᠢᠨ᠎ᠠ᠂ ᠲᠠ ᠢᠩᠭᠢᠵᠦ ᠵᠦᠳᠡᠷᠡᠭᠰᠡᠨ ᠤ ᠬᠡᠷᠡᠭ ᠦᠭᠡᠢ ᠰᠢᠸ︾ ᠭᠡᠵᠦ ᠰᠠᠶᠢᠨ ᠰᠠᠨᠠᠭᠠᠨ ᠤ | ᠡᠭᠦᠳᠡᠨ ᠠᠴᠠ ᠢᠳᠬᠠᠭᠰᠠᠨ ᠪᠠᠶᠢᠨ᠎ᠠ᠃ ︽ᠪᠢ ᠪᠣᠯ ᠤᠳᠤᠷᠢᠳᠬᠤ ᠺᠠᠳ᠋ᠷ ᠮᠥᠨ᠂ ᠪᠢ ᠬᠡᠷᠪᠡ ᠡᠳᠦᠷ ᠪᠦᠷᠢ | ᠥᠪᠡᠷ ᠤᠨ ᠪᠡᠶ᠎ᠡ ᠵᠡᠮᠳᠡᠭ ᠲᠡᠭᠡᠨ ᠡᠷᠳᠦᠵᠦ᠂ ᠭᠠᠪᠢᠶᠠᠨ ᠤ ᠳᠡᠪᠲᠡᠷ ᠳᠡᠭᠡᠷ᠎ᠡ ᠪᠠᠨ ᠬᠡᠪᠲᠡᠭᠡᠳ ᠤᠨᠲᠠᠬᠤ ᠳᠤ ᠬᠦᠷᠪᠡᠯ | ᠂ ᠪᠤᠰᠤᠳ ᠬᠠᠮᠲᠤ ᠠᠵᠢᠯᠯᠠᠭᠰᠠᠳ ᠨᠢ ᠪᠠᠰᠠ ᠠᠵᠢᠯ ᠬᠢᠬᠦ ᠳᠤᠷᠠᠲᠠᠢ ᠦᠦ︾ ᠭᠡᠵᠦ ᠢᠤᠢ ᠷᠦᠩ ᠢᠨᠢᠶᠡᠮᠰᠦᠭᠯᠡᠨ | ᠬᠠᠷᠢᠭᠤᠯᠪᠠ᠃ | 2008 ᠣᠨ ᠳᠤ ᠢᠦᠢ ᠷᠦᠩ ᠥᠪᠡᠷᠲᠡᠭᠡᠨ ᠵᠠᠰᠠᠬᠤ ᠣᠷᠣᠨ ᠤ ᠤᠯᠤᠰ ᠲᠥᠷᠥ ᠶᠢᠨ ᠵᠥᠪᠯᠡᠭᠡᠨ ᠤ | ᠦᠨᠳᠦᠰᠦᠲᠡᠨ ᠱᠠᠰᠢᠨ ᠰᠤᠷᠲᠠᠬᠤᠨ ᠤ ᠵᠥᠪᠯᠡᠯ ᠤᠨ ᠡᠷᠬᠢᠯᠡᠭᠴᠢ ᠪᠥᠭᠡᠳ ᠤᠯᠤᠰ ᠲᠥᠷᠥ ᠶᠢᠨ ᠵᠥᠪᠯᠡᠭᠡᠨ ᠤ | ᠪᠠᠶᠢᠩᠭᠤ ᠶᠢᠨ ᠭᠡᠰᠢᠭᠦᠨ ᠢᠶᠠᠷ ᠰᠣᠩᠭᠤᠭᠳᠠᠪᠠ᠃ ᠲᠡᠷᠡ ᠨᠠᠮ ᠤᠨ ᠦᠨᠳᠦᠰᠦᠲᠡᠨ ᠤ ᠤᠨᠤᠯ ᠪᠣᠯᠤᠨ ᠴᠢᠭᠯᠡᠯᠲᠡ | ᠲᠦᠷᠦ ᠶᠢᠨ ᠪᠤᠳᠤᠯᠭ᠎ᠠ ᠶᠢ ᠨᠠᠷᠢᠨ ᠬᠢᠨᠠᠮᠠᠭᠠᠢ ᠰᠤᠷᠤᠯᠴᠠᠵᠤ᠂ ᠦᠨᠳᠦᠰᠦᠲᠡᠨ ᠤ ᠠᠵᠢᠯ ᠪᠣᠯᠤᠨ ᠱᠠᠰᠢᠨ | ᠰᠤᠷᠲᠠᠬᠤᠨ ᠤ ᠠᠵᠢᠯ ᠤᠨ ᠰᠡᠳᠬᠢᠴᠡ ᠪᠣᠯᠤᠨ ᠠᠷᠭ᠎ᠠ ᠶᠢ ᠭᠦᠨᠵᠡᠭᠡᠢ ᠰᠤᠳᠤᠯᠵᠤ᠂ ᠦᠨᠳᠦᠰᠦᠲᠡᠨ ᠪᠣᠯᠤᠨ ᠱᠠᠰᠢᠨ | ᠰᠤᠷᠲᠠᠬᠤᠨ ᠤ ᠡᠲᠡᠭᠡᠳ ᠤᠨ ᠢᠯᠭᠠᠯ ᠤᠨ ᠭᠡᠰᠢᠭᠦᠳ ᠢ ᠳᠠᠭᠠᠭᠤᠯᠤᠨ ᠴᠥᠭᠡᠨ ᠲᠣᠭᠠᠲᠤ ᠦᠨᠳᠦᠰᠦᠲᠡᠨ ᠤ ᠭᠠᠵᠠᠷ | ᠣᠷᠣᠨ ᠪᠣᠯᠤᠨ ᠱᠠᠰᠢᠨ ᠰᠤᠷᠲᠠᠬᠤᠨ ᠤ ᠠᠵᠢᠯᠯᠠᠭ᠎ᠠ ᠶᠢᠨ ᠲᠠᠯᠠᠪᠤᠷ ᠲᠤ ᠤᠯᠠᠨ ᠤᠳᠠᠭ᠎ᠠ ᠭᠦᠨᠵᠡᠭᠡᠶᠢᠷᠡᠨ ᠪᠠᠶᠢᠴᠠᠭᠠᠨ | ᠰᠤᠳᠤᠯᠤᠯᠲᠠ ᠬᠢᠵᠦ᠂ ᠨᠠᠮ ᠪᠣᠯᠤᠨ ᠵᠠᠰᠠᠭ ᠤᠨ ᠣᠷᠳᠣᠨ ᠤ ᠭᠤᠣᠯ ᠠᠵᠢᠯ ᠪᠣᠯᠤᠨ ᠦᠨᠳᠦᠰᠦᠲᠡᠨ ᠨᠦᠭᠦᠳ ᠤᠨ | ᠤᠯᠠᠨ ᠲᠦᠮᠡᠨ ᠤ ᠠᠩᠬᠠᠷᠴᠤ ᠪᠠᠶᠢᠭ᠎ᠠ ᠬᠠᠯᠠᠮᠰᠢᠯ ᠴᠡᠭ᠂ ᠲᠥᠪᠯᠡᠷᠡᠯ ᠤᠨ ᠠᠰᠠᠭᠤᠳᠠᠯ ᠵᠢᠴᠢ ᠬᠤᠯᠪᠣᠭᠳᠠᠯ ᠪᠦᠬᠦᠢ | ᠤᠯᠤᠰ ᠢᠶᠠᠨ ᠬᠠᠶᠢᠷᠠᠯᠠᠬᠤ ᠨᠢᠭᠡᠳᠦᠮᠡᠯ ᠹᠷᠣᠨᠲ ᠤᠨ ᠴᠢᠬᠤᠯᠠ ᠶᠡᠭᠡ ᠠᠰᠠᠭᠤᠳᠠᠯ ᠳᠤ ᠠᠩᠬᠠᠷᠤᠯ ᠢᠶᠠᠨ | ᠲᠥᠪᠯᠡᠷᠡᠭᠦᠯᠦᠨ ᠰᠠᠨᠠᠯ ᠵᠥᠪᠯᠡᠯᠭᠡ ᠪᠣᠯᠤᠨ ᠪᠠᠶᠢᠴᠠᠭᠠᠨ ᠰᠤᠳᠤᠯᠤᠯᠲᠠ ᠶᠢᠨ ᠮᠡᠳᠡᠭᠦᠯᠦᠯᠲᠡ ᠪᠢᠴᠢᠪᠡ᠃ ᠲᠤᠰᠬᠠᠶ | ᠵᠦᠪᠯᠡᠯ ᠤᠨ ᠲᠤᠰᠢᠶᠠᠯ ᠡᠭᠦᠷᠭᠡᠯᠡᠬᠦ ᠬᠤᠭᠤᠴᠠᠭᠠᠨ ᠳᠤ᠂ ᠢᠦᠶ ᠷᠦᠩ ᠬᠤᠪᠢ ᠬᠥᠮᠦᠨ ︽ᠮᠠᠨ ᠤ ᠣᠷᠣᠨ ᠤ ᠬᠢᠯᠢ | ᠬᠢᠵᠠᠭᠠᠷ ᠣᠷᠣᠨ ᠤ ︿ᠮᠠᠯ ᠠᠵᠤ ᠠᠬᠤᠶ᠂ ᠮᠠᠯᠵᠢᠬᠤ ᠣᠷᠣᠨ᠂ ᠮᠠᠯᠴᠢᠨ﹀ ᠤ ᠠᠰᠠᠭᠤᠳᠠᠯ ᠢ ᠳᠡᠭᠡᠳᠦ ᠬᠡᠮᠵᠢᠶ᠎ᠡ ᠪᠠᠷ | ᠠᠩᠬᠠᠷᠬᠤ ᠲᠤᠬᠠᠶ ᠰᠠᠨᠠᠭᠤᠯᠭ᠎ᠠ︾᠂ ︽ᠰᠦᠯᠵᠢᠶ᠎ᠡ ᠪᠠ ᠰᠢᠨ᠎ᠡ ᠵᠠᠭᠤᠴᠢᠯᠠᠭᠤᠷ ᠤᠨ ᠣᠷᠴᠢᠨ ᠲᠣᠭᠤᠷᠢᠨ ᠢ | ᠴᠡᠪᠡᠷᠰᠢᠭᠦᠯᠵᠦ᠂ ᠵᠠᠯᠠᠭᠤᠴᠤᠳ ᠪᠠᠭᠠᠴᠤᠳ ᠤᠨ ᠡᠷᠡᠭᠦᠯ ᠢᠶᠠᠷ ᠦᠰᠦᠨ ᠪᠤᠶᠢᠵᠢᠬᠤ ᠶᠢ ᠠᠬᠢᠭᠤᠯᠬᠤ ᠲᠤᠬᠠᠶ | ᠰᠠᠨᠠᠭᠤᠯᠭ᠎ᠠ︾᠂ ︽ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠠᠨᠳᠤᠯ ᠬᠢᠯᠢ ᠶᠢᠨ ᠪᠣᠭᠤᠮᠲᠠ ᠶᠢ | ᠤᠯᠤᠰ ᠤᠨ ᠮᠢᠬᠠᠨ ᠤ ᠵᠦᠢᠯ ᠢ ᠭᠠᠳᠠᠭᠠᠳᠤ ᠠᠴᠠ ᠣᠷᠣᠭᠤᠯᠬᠤ ᠶᠢ ᠵᠢᠭᠠᠨ ᠲᠣᠭᠲᠠᠭᠠᠭᠰᠠᠨ ᠪᠣᠭᠤᠮᠲᠠ ᠪᠠᠷ | ᠲᠣᠭᠲᠠᠭᠠᠬᠤ ᠲᠤᠬᠠᠶ ᠰᠠᠨᠠᠭᠤᠯᠭ᠎ᠠ︾ ᠵᠡᠷᠭᠡ 13 ᠰᠠᠨᠠᠯ ᠳᠤᠷᠠᠳᠤᠯᠭ᠎ᠠ ᠶᠢ ᠲᠤᠭᠤᠷᠪᠢᠪᠠ᠃ ᠢᠦᠶ ᠷᠦᠩ ᠤᠨ | ᠳᠠᠭᠠᠭᠤᠯᠭ᠎ᠠ ᠳᠣᠤᠷ᠎ᠠ᠂ ᠥᠪᠡᠷᠲᠡᠭᠡᠨ ᠵᠠᠰᠠᠬᠤ ᠣᠷᠣᠨ ᠤ ᠤᠯᠤᠰ ᠲᠥᠷᠥ ᠶᠢᠨ ᠵᠥᠪᠯᠡᠯᠭᠡᠨ ᠤ ᠦᠨᠳᠦᠰᠦᠲᠡᠨ ᠪᠠ | ᠱᠠᠰᠢᠨ ᠰᠤᠷᠲᠠᠬᠤᠨ ᠤ ᠵᠥᠪᠯᠡᠯ ᠠᠴᠠ ︽ᠮᠠᠨ ᠤ ᠣᠷᠣᠨ ᠤ ᠱᠠᠰᠢᠨ ᠰᠤᠷᠲᠠᠬᠤᠨ ᠤ ᠪᠠᠭᠰᠢ ᠠᠵᠢᠯᠲᠠᠨ ᠤ | ᠨᠡᠶᠢᠭᠡᠮ ᠤᠨ ᠪᠠᠲᠤᠯᠠᠭ᠎ᠠ ᠶᠢ ᠲᠦᠷᠭᠡᠳᠬᠡᠬᠦ ᠠᠰᠠᠭᠤᠳᠠᠯ ᠤᠨ ᠲᠤᠬᠠᠶ ᠰᠠᠨᠠᠭᠤᠯᠭ᠎ᠠ︾᠂ ︽ᠮᠠᠨ ᠤ ᠣᠷᠣᠨ ᠤ | ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠬᠥᠮᠦᠵᠢᠯ ᠢ ᠭᠦᠨᠵᠡᠭᠡᠶᠢᠷᠡᠭᠦᠯᠵᠦ᠂ ᠳᠤᠮᠳᠠᠳᠤ ᠶᠢᠨ | ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠶ᠎ᠠ︾ ᠵᠡᠷᠭᠡ 9 ᠰᠠᠨᠠᠯ ᠳᠤᠷᠠᠳᠤᠯᠭ᠎ᠠ ᠶᠢ | ᠨᠠᠶᠢᠷᠠᠭᠤᠯᠤᠨ ᠳᠡᠪᠰᠢᠭᠦᠯᠪᠡ᠃ ᠡᠭᠦᠨ ᠳᠤ᠂ ︽ᠮᠠᠨ ᠤ ᠣᠷᠣᠨ ᠤ ᠬᠢᠯᠢ ᠬᠢᠵᠠᠭᠠᠷ ᠣᠷᠣᠨ ᠤ ︿ᠮᠠᠯ ᠠᠵᠤ ᠠᠬᠤᠶ | ᠂ ᠮᠠᠯᠵᠢᠬᠤ ᠣᠷᠣᠨ᠂ ᠮᠠᠯᠴᠢᠨ﹀ ᠤ ᠠᠰᠠᠭᠤᠳᠠᠯ ᠢ ᠳᠡᠭᠡᠳᠦ ᠬᠡᠮᠵᠢᠶ᠎ᠡ ᠪᠠᠷ ᠠᠩᠬᠠᠷᠬᠤ ᠲᠤᠬᠠᠶ ᠰᠠᠨᠠᠭᠤᠯᠭ᠎ᠠ︾ ᠶᠢ | ᠲᠤᠭᠤᠷᠪᠢᠨ ᠪᠢᠴᠢᠬᠦ ᠶᠠᠪᠤᠴᠠ ᠳᠤ᠂ ᠢᠦᠶ ᠷᠦᠩ ᠶᠠᠳᠠᠷᠠᠯ ᠵᠦᠳᠡᠷᠡᠯ ᠢ ᠬᠠᠶᠢᠬᠤᠷᠤᠯ ᠥᠬᠡᠶ ᠪᠠᠷ ᠪᠥᠬᠦ ᠣᠷᠣᠨ ᠤ | 20 ᠭᠠᠷᠤᠶ ᠬᠢᠯᠢ ᠬᠢᠵᠠᠭᠠᠷ ᠤᠨ ᠬᠤᠰᠢᠭᠤ ᠬᠤᠲᠠ ᠲᠣᠭᠤᠷᠢᠭ ᠢ ᠲᠤᠬᠠᠶ ᠶᠢᠨ ᠭᠠᠵᠠᠷ ᠲᠤᠨᠢ ᠪᠥᠬᠦ ᠲᠠᠯ᠎ᠠ ᠪᠠᠷ | ᠪᠠᠶᠢᠴᠠᠭᠠᠨ ᠰᠤᠳᠤᠯᠤᠯᠲᠠ ᠬᠢᠵᠦ᠂ ᠣᠷᠣᠨ ᠨᠤᠲᠤᠭ ᠤᠨ ᠡᠳ᠋ ᠤᠨ ᠵᠠᠰᠠᠭ ᠤᠨ ᠣᠷᠣᠯᠭ᠎ᠠ᠂ ᠰᠠᠭᠤᠷᠢ | ᠲᠥᠬᠦᠭᠡᠷᠦᠮᠵᠢ ᠶᠢᠨ ᠪᠥᠲᠥᠭᠡᠨ ᠪᠠᠶᠢᠭᠤᠯᠤᠯᠲᠠ᠂ ᠰᠢᠨᠵᠢᠯᠡᠬᠦ ᠤᠬᠠᠭᠠᠨᠴᠢ ᠪᠠᠷ ᠮᠠᠯ ᠲᠡᠵᠢᠭᠡᠬᠦ᠂ ᠮᠠᠯᠴᠢᠳ ᠤᠨ | ᠠᠮᠢᠳᠤᠷᠠᠯ ᠵᠡᠷᠭᠡ ᠠᠯᠢ ᠣᠯᠠᠨ ᠪᠠᠶᠢᠳᠠᠯ ᠢ ᠣᠶᠢᠯᠠᠭᠠᠪᠠ᠃ ᠲᠤᠰ ᠰᠠᠨᠠᠯ ᠵᠥᠪᠯᠡᠯᠭᠡ ᠶᠢ ᠥᠪᠡᠷᠲᠡᠭᠡᠨ ᠵᠠᠰᠠᠬᠤ | ᠣᠷᠣᠨ ᠤ ᠣᠯᠠᠨ ᠰᠠᠯᠠᠭ᠎ᠠ ᠮᠥᠴᠢᠷ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠭᠰᠡᠨ ᠪᠥᠭᠡᠳ ᠴᠠᠭ ᠲᠤᠬᠠᠢ ᠳᠤᠨᠢ | ᠰᠢᠢᠳᠪᠦᠷᠢᠯᠡᠵᠦ ᠬᠠᠷᠢᠭᠤᠯᠲᠠ ᠥᠭᠴᠡᠢ᠃ | ︽60 ᠵᠢᠯ ᠤᠨ ᠡᠮᠦᠨ᠎ᠡ᠂ ᠪᠢ ᠡᠭᠡᠴᠢ ᠯᠦᠩ ᠮᠧᠢ ᠲᠠᠢ ᠬᠠᠮᠲᠤ ᠨᠡᠶᠢᠲᠡ ᠶᠢᠨ ᠡᠳ᠋ ᠬᠥᠷᠥᠩᠭᠡ ᠶᠢ | ᠬᠠᠮᠠᠭᠠᠯᠠᠬᠤ ᠶᠢᠨ ᠲᠥᠯᠥᠭᠡ ᠡᠳᠦᠷ ᠰᠥᠨᠢ ᠦᠭᠡᠢ ᠲᠡᠮᠡᠴᠡᠵᠦ᠂ ︿ᠲᠠᠯ᠎ᠠ ᠨᠤᠲᠤᠭ ᠤᠨ ᠪᠢᠴᠢᠬᠠᠨ ᠡᠭᠡᠴᠢ ᠥᠬᠢᠨ | ᠳᠡᠭᠦᠦ﹀ ᠭᠡᠵᠦ ᠠᠯᠳᠠᠷᠰᠢᠵᠠᠢ᠃ ᠡᠨᠡ ᠪᠣᠯ ᠨᠠᠮ ᠪᠠ ᠠᠷᠠᠳ ᠲᠦᠮᠡᠨ ᠤ ᠪᠢᠳᠡᠨ ᠳᠤ ᠣᠯᠭᠤᠭᠰᠠᠨ ᠬᠠᠮᠤᠭ ᠤᠨ | ᠳᠡᠭᠡᠳᠦ ᠢᠷᠠᠭᠤ ᠠᠯᠳᠠᠷ ᠮᠥᠨ᠂ ᠪᠢᠳᠡᠨ ᠤ ᠦᠰᠦᠨ ᠪᠤᠶᠢᠵᠢᠯᠲᠠ ᠪᠣᠯ ᠨᠡᠩ ᠴᠤ ᠨᠠᠮ ᠪᠠ ᠠᠷᠠᠳ ᠲᠦᠮᠡᠨ ᠤ | ᠬᠠᠶᠢᠷ᠎ᠠ ᠬᠠᠯᠠᠮᠵᠢ ᠶᠢ ᠣᠯᠤᠭᠰᠠᠨ ᠶᠠᠪᠤᠳᠠᠯ ᠮᠥᠨ᠃ 60 ᠵᠢᠯ ᠤᠨ ᠲᠤᠷᠰᠢ᠂ ᠪᠢ ᠥᠩᠭᠡᠷᠡᠭᠰᠡᠨ ᠳᠤ ᠤᠯᠠᠨ | ᠤᠳᠠᠭ᠎ᠠ ᠠᠵᠢᠯ ᠢᠶᠠᠨ ᠰᠣᠯᠢᠵᠤ᠂ ᠬᠠᠮᠢᠭ᠎ᠠ ᠣᠴᠢᠭᠰᠠᠨ ᠴᠤ ᠥᠪᠡᠷ ᠤᠨ ᠪᠡᠶ᠎ᠡ ᠪᠠᠨ ᠴᠢᠩᠭ᠎ᠠ ᠱᠠᠭᠠᠷᠳᠠᠵᠤ᠂ ︿ | ᠨᠡᠷᠡᠲᠦ ᠬᠥᠮᠦᠨ﹀ ᠢᠶᠠᠷ ᠪᠡᠶ᠎ᠡ ᠪᠠᠨ ᠪᠠᠷᠢᠬᠤ ᠦᠭᠡᠢ ᠪᠠᠶᠢᠵᠤ᠂ ᠬᠠᠮᠤᠭ ᠤᠨ ᠡᠩ ᠤᠨ ᠬᠥᠮᠦᠨ ᠠᠴᠠ ᠡᠬᠢᠯᠡᠨ ᠬᠢᠵᠦ᠂ | ᠨᠢᠭᠡ ᠠᠵᠢᠯ ᠬᠢᠵᠦ᠂ ᠨᠢᠭᠡ ᠠᠵᠢᠯ ᠢᠶᠠᠨ ᠬᠠᠶᠢᠷᠠᠯᠠᠨ᠎ᠠ᠃ ᠢᠷᠡᠭᠡᠳᠦᠢ ᠪᠣᠯ ᠥᠪᠡᠷ ᠤᠨ ᠲᠠᠰᠤᠷᠠᠯᠳᠠ ᠦᠭᠡᠢ | ᠴᠢᠷᠮᠠᠶᠢᠯᠭ᠎ᠠ ᠳᠠᠭᠠᠨ ᠲᠦᠰᠢᠭᠯᠡᠨ᠎ᠡ᠂ ᠣᠨᠴᠠᠭᠠᠶᠢᠯᠠᠨ ᠤᠯᠤᠰ ᠲᠦᠷᠦ ᠶᠢᠨ ᠵᠥᠪᠯᠡᠯᠭᠡᠨ ᠤ ᠨᠢᠭᠡᠨ ᠭᠡᠰᠢᠭᠦᠨ | ᠪᠣᠯᠤᠭᠰᠠᠨ ᠤ ᠬᠤᠪᠢ ᠳᠤ᠂ ᠤᠯᠤᠰ ᠲᠦᠷᠦ ᠶᠢᠨ ᠵᠥᠪᠯᠡᠯᠭᠡᠨ ᠤ ᠠᠵᠢᠯᠳᠠᠨ ᠨᠡᠩ ᠴᠤ ᠥᠪᠡᠷ ᠢ ᠪᠠᠨ ᠲᠠᠰᠤᠷᠠᠯᠲᠠ | ᠦᠭᠡᠢ ᠲᠡᠭᠦᠯᠳᠡᠷᠵᠢᠭᠦᠯᠵᠦ᠂ ᠨᠢᠭᠡ ᠨᠠᠰᠤ ᠪᠠᠷ ᠢᠶᠠᠨ ᠠᠷᠠᠳ ᠲᠦᠮᠡᠨ ᠳᠤ ᠠᠰᠢᠭᠲᠠᠢ ᠠᠵᠢᠯ ᠬᠢᠪᠡᠯ ᠰᠠᠶ᠋ᠢ ᠨᠡᠯᠢᠶᠡᠳ | ᠲᠡᠭᠦᠯᠳᠡᠷᠵᠢᠭᠰᠡᠨ ᠬᠥᠮᠦᠨ ᠪᠤᠯᠵᠤ ᠴᠢᠳᠠᠨ᠎ᠠ ᠭᠡᠳᠡᠭ ᠢ ᠪᠢ ᠭᠦᠨ ᠣᠶᠢᠯᠠᠭᠠᠨ᠎ᠠ᠃ ᠥᠪᠡᠷᠲᠡᠭᠡᠨ ᠵᠠᠰᠠᠬᠤ ᠣᠷᠣᠨ ᠤ | ᠤᠯᠤᠰ ᠲᠥᠷᠥ ᠶᠢᠨ ᠵᠥᠪᠯᠡᠯᠭᠡᠨ ᠤ ᠠᠵᠢᠯ ᠤᠨ ᠬᠤᠭᠤᠴᠠᠭᠠᠨ ᠳᠤ᠂ ᠢᠦᠶ ᠷᠦᠩ ᠥᠪᠡᠷ ᠤᠨ ᠪᠣᠳᠠᠲᠤ | ᠠᠵᠢᠯᠯᠠᠭ᠎ᠠ ᠪᠠᠷ ᠢᠶᠠᠨ ᠡᠨᠡ ᠬᠦ ᠦᠭᠡ ᠶᠢ ᠠᠮᠢᠳᠤᠯᠢᠭ ᠢᠶᠠᠷ ᠲᠠᠶᠢᠯᠪᠤᠷᠢᠯᠠᠪᠠ᠃ | ︽ᠰᠢᠩᠭᠡᠬᠦ ᠨᠠᠷᠠᠨ ᠢ ᠵᠢᠷᠭᠠᠯ᠎ᠠ ᠬᠡᠮᠡᠨ ᠪᠢᠲᠡᠭᠡᠢ ᠪᠤᠳᠤ᠂ ᠰᠢᠵᠢᠷ ᠲᠤᠶᠠᠭ᠎ᠠ ᠨᠢ ᠤᠭᠲᠠᠷᠭᠤᠢ ᠲᠦᠭᠦᠷᠡᠩ | ᠰᠠᠴᠤᠷᠠᠨ᠎ᠠ︾᠃ 60 ᠵᠢᠯ ᠤᠨ ᠲᠤᠷᠰᠢ᠂ ︽ᠲᠠᠯ᠎ᠠ ᠨᠤᠲᠤᠭ ᠤᠨ ᠪᠢᠴᠢᠬᠠᠨ ᠪᠠᠭᠠᠲᠤᠷ ᠡᠭᠡᠴᠢ ᠥᠬᠢᠨ ᠳᠡᠭᠦᠤ︾ | ᠶᠢᠨ ᠵᠣᠷᠢᠭ ᠰᠠᠨᠠᠭ᠎ᠠ ᠨᠢ ᠥᠪᠥᠷ ᠮᠣᠩᠭᠤᠯ ᠤᠨ ᠲᠠᠯ᠎ᠠ ᠨᠤᠲᠤᠭ ᠲᠤ ᠪᠤᠶᠢᠵᠢᠭᠤᠯᠤᠭᠰᠠᠨ ᠬᠤᠪᠢᠰᠬᠠᠯᠲᠤ ᠦᠷ᠎ᠡ | ᠪᠣᠯᠤᠭᠰᠠᠨ ᠤ ᠬᠤᠪᠢ ᠳᠤ᠂ ᠥᠪᠥᠷ ᠮᠣᠩᠭᠤᠯ ᠤᠨ ᠰᠢᠯᠢᠳᠡᠭ ᠤᠯᠠᠮᠵᠢᠯᠠᠯᠲᠤ ᠰᠣᠶᠣᠯ ᠪᠣᠯᠤᠨ ᠨᠡᠶᠢᠲᠡᠴᠢ | ᠦᠵᠡᠯ ᠤᠨ ᠵᠣᠷᠢᠭ ᠰᠠᠨᠠᠭ᠎ᠠ ᠶᠢ ᠠᠮᠢᠳᠤᠯᠢᠭ ᠤᠶᠠᠯᠳᠤᠭᠤᠯᠤᠭᠰᠠᠨ ᠤ ᠪᠡᠯᠭᠡ ᠲᠡᠮᠳᠡᠭ ᠪᠣᠯᠤᠭᠰᠠᠨ ᠪᠥᠭᠡᠳ ᠪᠦᠬᠦ | ᠤᠯᠤᠰ ᠤᠨ ᠡᠯ᠎ᠡ ᠭᠠᠵᠠᠷ ᠲᠤ ᠦᠨᠳᠦᠰᠦᠯᠡᠭᠦᠯᠦᠨ ᠴᠡᠴᠡᠭᠯᠡᠵᠦ᠂ ᠦᠶ᠎ᠡ ᠦᠶ᠎ᠡ ᠶᠢᠨ ᠳᠤᠮᠳᠠᠳᠤ ᠶᠢᠨ ᠬᠥᠪᠡᠭᠦᠳ | ᠥᠬᠢᠳ ᠤᠨ ᠡᠭᠦᠷᠭᠡ ᠲᠤᠰᠢᠶᠠᠯ ᠢᠶᠠᠨ ᠬᠢᠴᠢᠶᠡᠩᠭᠦ᠋ᠢᠯᠡᠨ ᠭᠦᠢᠴᠡᠳᠬᠡᠵᠦ᠂ ᠰᠠᠬᠢᠨ ᠪᠠᠷᠠᠯᠠᠵᠤ ᠬᠠᠷᠢᠯᠴᠠᠨ | ᠬᠠᠪᠰᠤᠷᠤᠯᠴᠠᠵᠤ᠂ ᠡᠷᠡᠮᠡᠬᠡᠶᠢᠯᠡᠨ ᠤᠷᠤᠭᠰᠢᠯᠠᠬᠤ ᠶᠢ ᠵᠣᠷᠢᠭᠵᠢᠭᠤᠯᠬᠤ ᠪᠣᠯ ᠦᠨᠳᠦᠰᠦᠲᠡᠨ ᠤ ᠵᠣᠷᠢᠭ ᠰᠠᠨᠠᠭ᠎ᠠ | ᠪᠣᠯᠤᠨ ᠴᠠᠭ ᠦᠶ᠎ᠡ ᠶᠢᠨ ᠵᠣᠷᠢᠭ ᠰᠠᠨᠠᠭ᠎ᠠ ᠶᠢ ᠠᠭᠤᠰᠤᠯᠴᠠᠭᠤᠯᠤᠭᠰᠠᠨ ᠪᠠᠯᠠᠷᠠᠰᠢ ᠦᠭᠡᠢ ᠬᠥᠰᠢᠶ᠎ᠡ ᠪᠣᠯᠤᠨ᠎ᠠ᠃ |