ᠦᠬᠡᠷ ᠤᠨ ᠰᠠᠯᠪᠤᠷᠢ ᠮᠥᠭᠡᠷᠰᠦᠨ ᠬᠤᠭᠤᠯᠠᠢ ᠶᠢᠨ ᠦᠷᠪᠢᠰᠦᠯ ᠢ ᠮᠥᠭᠡᠷᠰᠦᠨ ᠬᠤᠭᠤᠯᠠᠢ᠂ ᠰᠠᠯᠪᠤᠷᠢ | ᠮᠥᠭᠡᠷᠰᠦᠨ ᠬᠤᠭᠤᠯᠠᠢ ᠶᠢᠨ ᠰᠠᠯᠢᠰᠤᠲᠤ ᠪᠦᠷᠬᠦᠪᠴᠢ ᠶᠢᠨ ᠥᠩᠭᠡᠨ ᠳᠠᠪᠬᠤᠷᠭ᠎ᠠ ᠪᠤᠶᠤ ᠭᠦᠨ ᠳᠠᠪᠬᠤᠷᠭ᠎ᠠ ᠶᠢᠨ | ᠦᠷᠪᠢᠰᠦᠯ᠂ ᠲᠦᠷᠭᠡᠨ ᠴᠢᠨᠠᠷᠲᠠᠢ ᠪᠠ ᠤᠳᠠᠭᠠᠨ ᠴᠢᠨᠠᠷᠲᠠᠢ ᠭᠡᠵᠦ ᠬᠤᠶᠠᠷ ᠵᠦᠢᠯ ᠬᠤᠪᠢᠶᠠᠳᠠᠭ᠃ ᠡᠮᠴᠢᠯᠡᠭᠡᠨ | ᠳᠡᠭᠡᠷ᠎ᠡ ᠬᠠᠨᠢᠶᠠᠬᠤ᠂ ᠨᠢᠰᠤ ᠭᠤᠭᠤᠵᠢᠬᠤ ᠪᠠ ᠰᠠᠯᠪᠤᠷᠢ ᠮᠥᠭᠡᠷᠰᠦᠨ ᠬᠤᠭᠤᠯᠠᠢ ᠶᠢᠨ ᠬᠡᠷᠴᠢᠭᠢᠨᠡᠬᠦ ᠲᠠᠭᠤᠨ ᠢᠶᠠᠷ | ᠭᠤᠣᠯᠯᠠᠳᠠᠭ᠃ ᠬᠠᠪᠤᠷ ᠡᠷᠲᠡ᠂ ᠨᠠᠮᠤᠷ ᠤᠨ ᠰᠡᠭᠦᠯᠴᠢ ᠵᠢᠴᠢ ᠠᠭᠤᠷ ᠠᠮᠢᠰᠬᠤᠯ ᠬᠤᠪᠢᠷᠠᠯᠲᠠ ᠶᠡᠬᠡᠲᠡᠢ ᠦᠶ᠎ᠡ ᠳᠤ | ᠠᠮᠠᠷᠬᠠᠨ ᠡᠭᠦᠰᠳᠡᠭ᠃ | ᠡᠪᠡᠳᠴᠢᠨ ᠤ ᠰᠢᠨᠵᠢ᠃ ᠲᠤᠰ ᠡᠪᠡᠳᠴᠢᠨ ᠳᠤ ᠲᠦᠷᠭᠡᠨ ᠴᠢᠨᠠᠷᠲᠠᠢ ᠪᠠ ᠤᠳᠠᠭᠠᠨ ᠴᠢᠨᠠᠷᠲᠠᠢ ᠭᠡᠵᠦ | ᠬᠤᠶᠠᠷ ᠵᠦᠢᠯ ᠪᠠᠶᠢᠳᠠᠭ᠃ ᠲᠦᠷᠭᠡᠨ ᠴᠢᠨᠠᠷᠲᠠᠢ ᠰᠠᠯᠪᠤᠷᠢ ᠮᠥᠭᠡᠷᠰᠦᠨ ᠬᠤᠭᠤᠯᠠᠢ ᠶᠢᠨ ᠦᠷᠪᠢᠰᠦᠯ ᠨᠢ | ᠬᠠᠭᠤᠷᠠᠢ ᠪᠠᠷ ᠬᠠᠨᠢᠶᠠᠬᠤ᠂ ᠪᠠᠶᠢᠨ ᠳᠠᠬᠢᠨ ᠬᠠᠨᠢᠶᠠᠬᠤ ᠮᠥᠷᠲᠡᠭᠡᠨ ᠡᠪᠡᠳᠴᠦ᠂ ᠳᠠᠷᠠᠭ᠎ᠠ ᠨᠢ ᠨᠦᠢᠲᠠᠨ ᠬᠠᠨᠢᠶᠠᠵᠤ᠂ | ᠴᠢᠩᠨᠠᠨ ᠣᠨᠣᠰᠢᠯᠠᠬᠤ ᠳᠤ ᠰᠠᠯᠪᠤᠷᠢ ᠮᠥᠭᠡᠷᠰᠦᠨ ᠬᠤᠭᠤᠯᠠᠢ ᠶᠢᠨ ᠬᠡᠷᠴᠢᠭᠢᠨᠡᠬᠦ ᠳᠠᠭᠤᠨ ᠢᠯᠡᠷᠡᠨ᠎ᠡ᠃ ᠡᠪᠡᠳᠴᠢᠨ ᠤ | ᠡᠬᠢᠨ ᠤ ᠬᠤᠭᠤᠴᠠᠭᠠᠨ ᠳᠤ ᠪᠡᠶ᠎ᠡ ᠶᠢᠨ ᠬᠠᠯᠠᠭᠤᠨ ᠨᠢ 0.5℃~1℃ ᠳᠡᠭᠡᠭᠰᠢᠯᠡᠵᠦ᠂ ᠪᠡᠶ᠎ᠡ ᠶᠢᠨ ᠬᠠᠯᠠᠭᠤᠨ ᠨᠢ | ᠲᠣᠭᠲᠠᠪᠤᠷᠢ ᠦᠭᠡᠢ ᠪᠠᠶᠢᠳᠠᠭ᠃ ᠡᠪᠡᠳᠴᠢᠨ ᠨᠢ ᠬᠦᠨᠳᠦᠷᠡᠭᠡᠳ ᠨᠡᠯᠦᠩᠬᠡᠢ ᠴᠢᠨᠠᠷᠲᠠᠢ ᠰᠠᠯᠪᠤᠷᠢ ᠮᠥᠭᠡᠷᠰᠦᠨ | ᠬᠤᠭᠤᠯᠠᠢ ᠶᠢᠨ ᠦᠷᠪᠢᠰᠦᠯ ᠪᠣᠯᠬᠤ ᠳᠤ᠂ ᠪᠡᠶ᠎ᠡ ᠶᠢᠨ ᠳᠤᠯᠠᠭᠠᠨ ᠨᠢ ᠦᠷᠭᠦᠯᠵᠢᠯᠡᠨ ᠳᠡᠭᠡᠭᠰᠢᠯᠡᠵᠦ᠂ ᠰᠤᠳᠠᠯ ᠤᠨ | ᠯᠤᠭᠰᠢᠯᠲᠠ ᠨᠢ ᠲᠦᠷᠭᠡᠰᠦᠨ᠂ ᠠᠮᠢᠰᠬᠤᠯ ᠨᠢ ᠴᠢᠬᠤᠯᠳᠠᠵᠤ᠂ ᠴᠤᠭ ᠰᠦᠯᠳᠡ ᠠᠯᠳᠠᠨ᠂ ᠢᠳᠡᠭᠡᠨ ᠤ ᠳᠤᠷᠠᠰᠢᠯ | ᠮᠠᠭᠤᠳᠠᠬᠤ ᠪᠤᠶᠤ ᠢᠳᠡᠬᠦ ᠦᠭᠡᠢ ᠪᠣᠯᠵᠤ᠂ ᠬᠡᠪᠢᠬᠦ ᠨᠢ ᠪᠠᠭᠠᠰᠬᠤ ᠪᠤᠶᠤ ᠵᠣᠭᠰᠣᠵᠤ᠂ ᠰᠦ ᠭᠠᠷᠬᠤ ᠬᠡᠮᠵᠢᠶ᠎ᠡ ᠨᠢ | ᠳᠣᠷᠣᠭᠰᠢᠯᠠᠳᠠᠭ᠃ ᠨᠢᠰᠤ ᠨᠢ ᠡᠭᠡᠳᠡᠩ ᠰᠢᠩᠭᠡᠨ ᠤ ᠬᠡᠯᠪᠡᠷᠢ ᠲᠠᠢ ᠪᠠᠶᠢᠭᠰᠠᠨ ᠠᠴᠠ ᠪᠠᠨ ᠨᠢᠯᠴᠠᠭᠠᠶ ᠰᠢᠩᠭᠡᠨ | ᠪᠣᠯᠵᠤ ᠬᠤᠪᠢᠷᠠᠳᠠᠭ᠃ | ᠰᠡᠷᠭᠡᠶᠢᠯᠡᠨ ᠵᠠᠰᠠᠬᠤ ᠠᠷᠭ᠎ᠠ᠃ ᠲᠤᠰ ᠡᠪᠡᠳᠴᠢᠨ ᠳᠤ ᠡᠸᠦ᠋ᠷᠦᠫᠡ ᠡᠮ ᠢᠶᠠᠷ ᠵᠠᠰᠠᠬᠤ ᠠᠷᠭ᠎ᠠ ᠪᠠ ᠬᠢᠲᠠᠳ | ᠡᠮᠨᠡᠯᠭᠡ ᠪᠠᠷ ᠵᠠᠰᠠᠬᠤ ᠠᠷᠭ᠎ᠠ ᠭᠡᠵᠦ ᠬᠤᠶᠠᠷ ᠵᠦᠢᠯ ᠪᠠᠶᠢᠳᠠᠭ᠃ | 1. ᠡᠸᠦ᠋ᠷᠦᠫᠡ ᠡᠮ ᠢᠶᠠᠷ ᠵᠠᠰᠠᠬᠤ᠄ ᠪᠠᠶᠢᠨ ᠳᠠᠬᠢᠨ ᠬᠠᠨᠢᠶᠠᠵᠤ ᠪᠠᠶᠢᠭ᠎ᠠ ᠡᠪᠡᠳᠴᠢᠨ ᠲᠠᠢ ᠦᠬᠡᠷ ᠲᠤ | ᠬᠠᠨᠢᠶᠠᠳᠤ ᠶᠢ ᠵᠣᠭᠰᠤᠭᠠᠬᠤ ᠡᠮ ᠬᠡᠷᠡᠭᠯᠡᠵᠦ ᠪᠣᠯᠣᠨ᠎ᠠ᠄ ᠾᠯᠣᠷᠲᠤ ᠠᠮᠮᠤᠨᠢ 15 ᠭᠷᠡᠮ᠂ ᠬᠦᠢᠯᠡᠰᠦᠨ ᠴᠥᠮ᠎ᠡ ᠶᠢᠨ | ᠤᠰᠤ 35 ᠮᠢᠯᠢᠯᠢᠳ᠋ᠷ᠂ ᠶᠤᠸᠠᠨ ᡁᠢ ᠳ᠋ᠢᠩ 30 ᠮᠢᠯᠢᠯᠢᠳ᠋ᠷ᠂ ᠪᠦᠯᠢᠶᠡᠨ ᠤᠰᠤ 500 ᠮᠢᠯᠢᠯᠢᠳ᠋ᠷ ᠨᠢᠭᠡ ᠤᠳᠠᠭ᠎ᠠ | ᠤᠤᠭᠤᠯᠭᠠᠨ᠎ᠠ᠃ ᠡᠰᠡᠬᠦᠯ᠎ᠡ ᠾᠯᠣᠷᠲᠤ ᠠᠮᠮᠤᠨᠢ 20 ᠭᠷᠡᠮ᠂ ᠢᠣᠳ᠋ᠲᠤ ᠺᠠᠯᠢ 2 ᠭᠷᠡᠮ᠂ ᠶᠤᠸᠠᠨ ᡁᠢ ᠮᠦᠸᠧ 30 | ᠭᠷᠡᠮ᠂ ᠪᠦᠯᠢᠶᠡᠨ ᠤᠰᠤ 500 ᠮᠢᠯᠢᠯᠢᠳ᠋ᠷ᠂ ᠨᠢᠭᠡ ᠤᠳᠠᠭ᠎ᠠ ᠤᠤᠭᠤᠯᠭᠠᠨ᠎ᠠ᠃ ᠡᠭᠦᠨ ᠤ ᠬᠠᠮᠲᠤ ᠦᠷᠪᠢᠰᠦᠯ ᠢ | ᠳᠠᠷᠤᠬᠤ ᠶᠢᠨ ᠲᠥᠯᠥᠭᠡ ᠮᠢᠺᠷᠣᠪ ᠡᠰᠡᠷᠭᠦᠴᠡᠭᠴᠢ ᠡᠳ᠋ ᠪᠤᠶᠤ ᠬᠦᠬᠦᠷᠯᠢᠭ ᠠᠮᠢᠨ ᠤ ᠲᠥᠷᠥᠯ ᠤᠨ ᠡᠮ ᠢ ᠬᠡᠷᠡᠭᠯᠡᠵᠦ | ᠪᠣᠯᠣᠨ᠎ᠠ᠃ ᠵᠢᠱᠢᠶᠡᠯᠡᠪᠡᠯ ᠫᠧᠨᠢᠼᠢᠯᠢᠨ᠂ ᠯᠢᠶᠠᠨ ᠮᠧᠶ ᠰᠦ᠋ ᠲᠤᠰ ᠪᠦᠷᠢ 100~200 ᠲᠦᠮᠡᠨ ᠨᠢᠭᠡᠴᠢ᠂ | ᠪᠤᠯᠴᠢᠩ ᠳᠤᠨᠢ ᠲᠠᠷᠢᠨ᠎ᠠ᠃ 10% ᠶᠢᠨ ᠬᠦᠬᠦᠷᠯᠢᠭ ᠠᠮᠢᠨ ᠤ ᠫᠢᠷᠢᠮᠢᠳᠢᠨ ᠨᠠᠳ᠋ᠷᠢ ᠶᠢᠨ ᠠᠭᠤᠰᠤᠮᠠᠯ | 100~150 ᠮᠢᠯᠢᠯᠢᠳ᠋ᠷ ᠢ ᠨᠠᠮᠵᠢᠭᠤᠨ ᠰᠤᠳᠠᠯ ᠢᠶᠠᠷ ᠲᠠᠷᠢᠨ᠎ᠠ᠃ ᠡᠰᠡᠬᠦᠯ᠎ᠡ ᠲᠧᠳ᠋ᠷᠠᠼᠢᠺᠯᠢᠨ᠂ ᠺᠠᠨᠠᠮᠢᠽᠢᠨ᠂ | ᠭᠧᠨ᠋ᠲ᠋ᠠᠮᠢᠼᠢᠨ ᠵᠡᠷᠭᠡ ᠶᠢ ᠬᠡᠷᠡᠭᠯᠡᠵᠦ ᠪᠣᠯᠣᠨ᠎ᠠ᠃ ᠰᠢᠭᠤᠳ ᠮᠥᠭᠡᠷᠰᠦᠨ ᠬᠤᠭᠤᠯᠠᠢ ᠳᠤ ᠨᠢᠶᠠᠨ ᠳᠠᠷᠤᠭᠴᠢ ᠶᠢ | ᠣᠷᠣᠭᠤᠯᠪᠠᠯ ᠦᠷ᠎ᠡ ᠳ᠋ᠦᠩ ᠨᠢ ᠨᠡᠯᠢᠶᠡᠳ ᠰᠠᠶᠢᠨ ᠪᠠᠶᠢᠳᠠᠭ᠃ ᠶᠡᠷᠦ ᠳᠡᠭᠡᠨ ᠫᠧᠨᠢᠼᠢᠯᠢᠨ ᠢ 320 ᠲᠦᠮᠡᠨ | ᠨᠢᠭᠡᠴᠢ᠂ ᠯᠢᠶᠠᠨ ᠮᠧᠶ ᠰᠦ᠋ 2 ᠭᠷᠡᠮ ᠢ 15~20 ᠮᠢᠯᠢᠯᠢᠳ᠋ᠷ ᠨᠡᠷᠡᠮᠡᠯ ᠤᠰᠤᠨ ᠳᠤ ᠠᠭᠤᠰᠬᠠᠵᠤ᠂ ᠮᠥᠭᠡᠷᠰᠦᠨ | ᠬᠤᠭᠤᠯᠠᠢ ᠪᠠᠷ ᠡᠳᠦᠷ ᠲᠤ ᠨᠢᠭᠡ ᠤᠳᠠᠭ᠎ᠠ ᠬᠢᠵᠦ᠂ 5~6 ᠤᠳᠠᠭ᠎ᠠ ᠦᠷᠭᠦᠯᠵᠢᠯᠡᠨ ᠨᠢᠭᠡ ᠡᠮᠴᠢᠯᠡᠭᠡᠨ ᠤ | ᠬᠤᠭᠤᠴᠠᠭ᠎ᠠ ᠪᠣᠯᠭᠠᠨ᠎ᠠ᠃ ᠠᠮᠢᠰᠬᠤᠯ ᠴᠢᠬᠤᠯᠳᠠᠵᠤ ᠪᠠᠶᠢᠭ᠎ᠠ ᠦᠬᠡᠷ ᠲᠤ 1~2 ᠭᠷᠡᠮ ᠢ ᠨᠢᠭᠡ ᠤᠳᠠᠭ᠎ᠠ ᠳᠤ | ᠪᠤᠯᠴᠢᠩ ᠳᠤᠨᠢ ᠲᠠᠷᠢᠵᠤ ᠥᠭᠭᠦᠨ᠎ᠡ᠂ ᠠᠮᠢᠨᠤᠹᠢᠯᠢᠨ ᠤ ᠱᠦᠯᠲᠦ ᠶᠢ ᠨᠢᠭᠡ ᠤᠳᠠᠭ᠎ᠠ ᠳᠤ ᠨᠢᠭᠡ ᠤᠳᠠᠭ᠎ᠠ | ᠪᠤᠯᠴᠢᠩ ᠳᠤᠨᠢ ᠲᠠᠷᠢᠵᠤ ᠥᠭᠭᠦᠨ᠎ᠡ᠃ ᠡᠰᠡᠬᠦᠯ᠎ᠡ 5% ᠶᠢᠨ ᠵᠡᠭᠡᠷᠭᠡᠨ᠎ᠡ ᠶᠢᠨ ᠡᠳ᠋ ᠤᠨ ᠠᠭᠤᠰᠤᠮᠠᠯ 4~10 | ᠮᠢᠯᠢᠯᠢᠳ᠋ᠷ ᠢ ᠨᠢᠭᠡ ᠤᠳᠠᠭ᠎ᠠ ᠠᠷᠠᠰᠤᠨ ᠳᠣᠣᠷ᠎ᠠ ᠲᠠᠷᠢᠨ᠎ᠠ᠃ | 2. ᠬᠢᠲᠠᠳ ᠡᠮᠨᠡᠯᠭᠡ ᠶᠢᠨ ᠠᠷᠭ᠎ᠠ᠄ ᠡᠪᠦᠯ ᠤᠨ ᠴᠠᠭᠠᠨ ᠴᠡᠴᠡᠭ ᠤᠨ ᠲᠠᠯᠬ᠎ᠠ ᠶᠢ ᠬᠡᠷᠡᠭᠯᠡᠵᠦ᠂ ᠬᠠᠯᠠᠭᠤᠨ ᠢ | ᠪᠠᠭᠤᠷᠠᠭᠤᠯᠤᠨ᠂ ᠬᠠᠨᠢᠶᠠᠳᠤ ᠶᠢ ᠵᠣᠭᠰᠣᠭᠠᠵᠤ ᠴᠡᠷ ᠢ ᠨᠢ ᠠᠷᠢᠯᠭᠠᠨ᠎ᠠ᠃ ᠵᠣᠷ᠄ ᠤᠯᠠᠭᠠᠨ ᠡᠪᠦᠯ ᠤᠨ ᠴᠡᠴᠡᠭ 30 | ᠭᠷᠡᠮ᠂ ᠲᠠᠤᠯᠠᠢ ᠶᠢᠨ ᠮᠠᠩᠭᠢᠷ᠂ ᠨᠤᠭᠲᠤᠷᠤ ᠲᠤᠰ ᠪᠦᠷᠢ 24 ᠭᠷᠡᠮ᠂ ᠬᠥᠭᠡᠨ᠎ᠡ ᠡᠪᠡᠰᠦ᠂ ᠬᠤᠷᠳᠤᠨ ᠴᠠᠭᠠᠨ᠂ | ᠭᠦᠢᠯᠡᠰᠦᠨ ᠴᠥᠮ᠎ᠡ᠂ ᠬᠤᠣᠰ ᠴᠡᠴᠡᠭ᠂ ᠢᠯᠠᠮ᠎ᠠ ᠶᠢᠨ ᠬᠠᠯᠢᠰᠤ᠂ ᠰᠢᠷ᠎ᠠ ᠡᠮ ᠤᠨ ᠦᠷ᠎ᠡ᠂ ᠠᠯᠲᠠᠨ ᠵᠤᠯᠠ ᠲᠤᠰ | ᠪᠦᠷᠢ 18~20 ᠭᠷᠡᠮ ᠢ ᠨᠤᠨᠳᠠᠭᠯᠠᠵᠤ᠂ ᠪᠤᠴᠠᠯᠤᠭᠰᠠᠨ ᠤᠰᠤ ᠪᠠᠷ ᠪᠦᠷᠢᠵᠦ ᠪᠦᠯᠢᠶᠡᠨ ᠤᠤᠭᠤᠯᠭᠠᠨ᠎ᠠ᠃ | ᠤᠷᠢᠳᠴᠢᠯᠠᠨ ᠰᠡᠷᠭᠡᠶᠢᠯᠡᠬᠦ᠃ ᠲᠡᠵᠢᠭᠡᠨ ᠠᠷᠠᠴᠢᠯᠠᠬᠤ ᠬᠠᠮᠢᠶᠠᠷᠤᠯᠲᠠ ᠪᠠᠨ ᠴᠢᠩᠭᠠᠳᠬᠠᠵᠤ᠂ ᠦᠬᠡᠷ ᠤᠨ | ᠬᠠᠰᠢᠶ᠎ᠠ ᠶᠢ ᠬᠠᠭᠤᠷᠠᠢ ᠰᠠᠯᠬᠢ ᠨᠡᠪᠲᠡᠷᠡᠭᠦᠯᠬᠦ ᠶᠢ ᠪᠠᠲᠤᠯᠠᠵᠤ᠂ ᠲᠠᠭᠰᠢᠭᠤᠷ ᠲᠤ ᠨᠡᠷᠪᠡᠭᠳᠡᠬᠦ ᠠᠴᠠ ᠰᠡᠷᠭᠡᠶᠢᠯᠡᠬᠦ | ᠬᠡᠷᠡᠭᠲᠡᠢ᠃ |