︽ᠲᠤᠷᠭᠠᠨ ᠵᠤᠳᠤᠭ︾ ᠮᠤᠩᠭᠤᠯ ᠪᠦᠬᠡ ᠶᠢᠨ ᠺᠯᠦ᠋ᠪ ᠤᠨ2023 ᠤᠨ ᠤ ᠰᠢᠷᠢᠰ ᠪᠠᠷᠢᠯᠳᠤᠭᠠᠨ ᠤ ᠲᠤᠯᠤᠳᠤᠭᠠᠷ ᠪᠠᠷᠢᠯᠳᠤᠭᠠᠨ ᠤᠷᠮ᠎ᠠ ᠲᠠᠢ ᠰᠠᠶᠢᠬᠠᠨ ᠶᠠᠪᠤᠭᠳᠠᠯ᠎ᠠ
ᠨᠡᠶᠢᠲᠡᠯᠡᠭᠰᠡᠨ ᠴᠠᠭ᠄
2023/8/29
      8 ᠰᠠᠷ᠎ᠡ ᠶᠢᠨ 27 ᠤ ᠡᠳᠤᠷ᠂ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ︽ᠲᠣᠷᠭᠠᠨ ᠵᠤᠳᠤᠭ︾ ᠮᠤᠩᠭᠤᠯ ᠪᠦᠬᠡ ᠶᠢᠨ ᠺᠯᠦ᠋ᠪ ᠤᠨ 2023 ᠣᠨ ᠤ ᠰᠢᠷᠢᠰ ᠪᠠᠷᠢᠯᠳᠤᠭᠠᠨ ᠤ ᠲᠤᠯᠤᠳᠤᠭᠠᠷ ᠲᠠᠯᠠᠪᠤᠷ ᠪᠠᠷᠢᠯᠳᠤᠭᠠᠨ ᠢ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠰᠤᠶᠤᠯ ᠲᠠᠮᠢᠷ ᠵᠢᠭᠤᠯᠴᠢᠯᠠᠯ ᠤᠨ ᠠᠵᠤ ᠤᠶᠢᠯᠡᠰ ᠤᠨ ᠬᠦᠭᠵᠢᠬᠦᠯᠤᠯᠳᠡ ᠶᠢᠨ ᠲᠦᠪ ᠤᠨ ᠬᠢᠨ ᠲᠡᠳᠬᠦᠨ ᠲᠡᠮᠵᠢᠵᠤ ᠡᠷᠬᠢᠯᠡᠨ ᠶᠠᠪᠤᠭᠳᠠᠭᠤᠯᠤᠭᠰᠠᠨ ᠪᠠᠶᠢᠨ᠎ᠠ᠃
微信图片_20230829091458_1.jpg
      ᠲᠤᠰ ᠤᠳᠠᠭᠠᠨ ᠤ ᠪᠠᠷᠢᠯᠳᠤᠭᠠᠨ ᠳᠤ 32 ᠢᠳᠡᠷ ᠲᠤᠮᠤᠴᠤᠤᠯ ᠤᠨ ᠪᠦᠬᠡ ᠪᠠᠷᠢᠯᠳᠤᠵᠤ᠂ ᠪᠠᠶ᠋ᠬᠠᠤᠪᠤᠭ᠎ᠠ‌‍ᠰᠤᠮᠤᠨ ᠤ ᠬᠠᠶᠢᠷᠬᠠᠨ ᠲᠡᠷᠢᠭᠦᠯᠡᠵᠤ᠂ ᠴᠠᠭᠠᠨᠬᠠᠳᠡ ᠰᠤᠮᠤᠨ ᠤ ᠪᠠᠳᠮᠠᠬᠦᠤ ᠲᠡᠳ᠋ᠯᠡᠵᠤ᠂ ᠴᠠᠭᠠᠨᠬᠠᠳᠡ ᠰᠤᠮᠤᠨ ᠤ ᠰᠡᠴᠡᠨᠪᠢᠯᠢᠭ ᠭᠤᠷᠪᠡ ᠳᠤ᠂ ᠳᠦᠭᠦᠷᠡᠩᠬᠤᠪᠤᠭ᠎ᠠ ᠰᠤᠮᠤᠨ ᠤ ᠮᠦᠩᠬᠦᠨᠬᠦᠤ ᠲᠦᠷᠪᠡᠳᠤᠭᠡᠷ ᠲᠤ ᠲᠤᠳᠤᠷᠠᠭᠰᠠᠨ ᠪᠠᠶᠢᠨ᠎ᠠ᠃ ᠡᠯ᠎ᠡ ᠰᠤᠮᠤ ᠪᠠᠯᠭᠠᠰᠤ ᠪᠠᠷ ᠨᠢᠭᠡᠴᠡᠯᠡᠭᠰᠡᠨ ᠨᠢᠭᠡᠴᠡ ᠶᠢᠨ ᠪᠠᠷᠢᠯᠳᠤᠭᠠᠨ ᠳᠤ ᠪᠠᠶᠠᠨᠬᠤᠸᠡ ᠪᠠᠯᠭᠠᠰᠤ ᠲᠡᠷᠢᠬᠦᠯᠡᠵᠤ᠂ ᠴᠠᠭᠠᠨᠬᠠᠳᠡ ᠰᠤᠮᠤ ᠲᠡᠳ᠋ᠯᠡᠵᠤ᠂ ᠳᠦᠭᠦᠷᠡᠩᠬᠤᠪᠤᠭ᠎ᠠ ᠰᠤᠮᠤ ᠭᠤᠷᠪᠡ ᠳᠤ᠂ ᠮᠠᠨᠳᠤᠯ ᠪᠠᠯᠭᠠᠰᠤ ᠲᠦᠷᠪᠡ ᠳᠤ ᠲᠤᠳᠤᠷᠠᠵᠠᠢ᠃ ᠲᠤᠰ ᠤᠳᠠᠭᠠᠨ ᠤ ᠪᠠᠷᠢᠯᠳᠤᠭᠠᠨ ᠳᠤ ᠪᠠᠰᠡ ᠪᠦᠬᠦᠯᠢ 8 ᠠᠴᠠ ᠪᠦᠬᠦᠯᠢ 12 ᠨᠠᠰᠤᠨ ᠤ ᠬᠡᠤᠬᠡᠳ ᠤᠨ ᠪᠦᠬᠡ ᠶᠢᠨ ᠪᠠᠷᠢᠯᠳᠤᠭᠠᠨ ᠪᠠ ᠪᠦᠬᠦᠯᠢ 13 ᠠᠴᠠ ᠪᠦᠬᠦᠯᠢ 16 ᠨᠠᠰᠤᠨ ᠤ ᠦᠰᠪᠤᠷᠢ ᠶᠢᠨ ᠪᠦᠬᠡ ᠶᠢᠨ ᠪᠠᠷᠢᠯᠳᠤᠭᠠᠨ ᠶᠠᠪᠤᠭᠳᠠᠭᠤᠯᠵᠠᠢ᠃
微信图片_20230829091505_1.jpg
微信图片_20230829091506_2.jpg
微信图片_20230829091459_1.png
微信图片_20230829091506_1.png
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号