| 8 ᠰᠠᠷ᠎ᠡ ᠶᠢᠨ1 ᠤ ᠡᠳᠦᠷ᠂ ᠳᠠᠷᠬᠠᠨ ᠮᠣᠣᠮᠢᠩᠭᠠᠨ ᠬᠤᠯᠪᠤᠭᠠᠲᠤ ᠬᠤᠰᠢᠭᠤᠨ ᠤ ᠠᠷᠪᠠᠳᠤᠭᠠᠷ | ᠬᠤᠭᠤᠴᠠᠭᠠᠨ ᠤ ᠰᠤᠶᠤᠯ ᠵᠢᠭᠤᠯᠴᠢᠯᠠᠯ ᠤᠨ ᠨᠠᠶᠢᠷ ᠵᠢᠴᠢ ᠭᠤᠴᠢᠨ ᠭᠤᠷᠪᠠᠳᠤᠭᠠᠷ ᠬᠤᠭᠤᠴᠠᠭᠠᠨ ᠤ ᠨᠠᠭᠠᠳᠣᠮ ᠤᠨ | ᠶᠡᠭᠡ ᠬᠤᠷᠠᠯ ᠤᠨ ᠲᠦᠴᠢᠨ ᠭᠠᠵᠠᠷ ᠤᠨ ᠬᠤᠯᠠ ᠶᠢᠨ ᠮᠤᠷᠢᠨ ᠤ ᠤᠷᠤᠯᠳᠤᠭᠠᠨ ᠪᠠᠷᠠᠭᠤᠨ ᠠᠮᠠ ᠶᠢᠨ ᠨᠠᠭᠠᠳᠤᠮ ᠤᠨ | ᠬᠤᠷᠠᠯ ᠤᠨ ᠲᠠᠯᠠᠪᠠᠢ ᠳᠤ ᠶᠠᠪᠤᠬᠳᠠᠬᠰᠠᠨ ᠪᠠᠶᠢᠨ᠎ᠠ᠃ | ᠨᠠᠭᠠᠳᠤᠮ ᠤᠨ ᠬᠤᠷᠠᠯ ᠡᠬᠢᠯᠡᠭᠰᠡᠨ ᠠᠴᠠ ᠬᠤᠶᠢᠰᠢ ᠳᠠᠷᠬᠠᠨ ᠮᠣᠣᠮᠢᠩᠭᠠᠨ ᠬᠤᠯᠪᠤᠭᠠᠲᠤ ᠬᠤᠰᠢᠭᠤ ᠪᠠᠷ | ᠨᠠᠷᠠ ᠬᠤᠷ᠎ᠠ ᠲᠡᠩᠴᠡᠭᠰᠡᠨ ᠰᠠᠶᠢᠬᠠᠨ ᠡᠳᠦᠷ ᠤᠳ ᠦᠷᠬᠦᠯᠵᠢᠯᠠᠵᠤ᠂ ᠲᠦᠴᠢᠨ ᠭᠠᠵᠠᠷ ᠤᠨ ᠬᠤᠯᠠ ᠶᠢᠨ ᠮᠤᠷᠢᠨ ᠤ | ᠤᠷᠤᠯᠳᠤᠭᠠᠨ ᠨᠢ ᠡᠬᠦᠯᠳᠡᠷ ᠢᠯᠭᠠᠬᠤ ᠦᠭᠡᠢ᠂ ᠦᠨᠳᠤᠷ ᠢ ᠬᠡᠮᠵᠢᠬᠦ ᠦᠭᠡᠢ ᠲᠦᠷᠢᠮ ᠢᠶᠠᠷ ᠤᠷᠤᠯᠳᠤᠵᠤ᠂ | ᠰᠢᠯᠢ ᠶᠢᠨ ᠭᠤᠤᠯ ᠠᠶᠢᠮᠠᠭ᠂ ᠪᠠᠶᠠᠨᠨᠠᠭᠤᠷ ᠬᠤᠲᠠ᠂ ᠲᠤᠩᠯᠢᠶᠤᠤ ᠬᠤᠳᠠ ᠵᠡᠷᠭᠡ ᠠᠶᠢᠮᠠᠭ ᠬᠤᠳᠠ ᠶᠢᠨ ᠭᠤᠴᠢᠭᠠᠳ | ᠰᠢᠨᠲᠠᠰᠤᠲᠤ ᠬᠦᠯᠦᠭ ᠭᠠᠷᠤᠭᠠᠨ ᠤ ᠭᠠᠵᠠᠷ ᠠᠴᠠ ᠨᠡᠷ᠎ᠡ ᠪᠦᠷᠢᠳᠭᠡᠭᠦᠯᠦᠨ ᠬᠤᠷᠳᠤᠯᠠᠵᠤ᠂ ᠲᠤᠭᠤᠢ ᠬᠡ ᠲᠠᠢ | ᠨᠠᠭᠠᠳᠤᠮ ᠤᠨ ᠲᠤᠭᠤᠷᠢᠭ ᠢ ᠡᠪ ᠤᠬᠠᠭᠠᠨ ᠤ ᠡᠷᠴᠢ ᠪᠠᠷ ᠡᠪᠬᠡᠵᠤ᠂ ᠲᠦᠴᠢᠨ ᠭᠠᠵᠠᠷ ᠢ ᠲᠦᠳᠦᠬᠡᠨ ᠲᠤᠭᠤᠯᠵᠤ᠂ | ᠰᠢᠯᠢ ᠶᠢᠨ ᠭᠤᠤᠯ ᠠᠶᠢᠮᠠᠭ ᠤᠨ ᠪᠠᠷᠠᠭᠤᠨ ᠰᠦᠨᠢᠳ ᠬᠤᠰᠢᠭᠤᠨ ᠤ ᠡᠯᠪᠡᠭᠪᠠᠶᠠᠷ ᠤᠨ ᠬᠠᠯᠵᠢᠨ ᠬᠦᠷᠡᠩ ᠮᠤᠷᠢ | ᠵᠢᠷᠤᠬᠠᠢ ᠵᠦᠰᠤᠨ ᠮᠠᠩᠨᠠᠢ ᠳᠤ ᠪᠠᠨ ᠲᠤᠭᠤᠰᠤ ᠦᠭᠡᠢ ᠬᠤᠷᠳᠤᠯᠠᠵᠤ᠂ ᠤᠶᠠᠭᠰᠠᠨ ᠡᠵᠡᠨ᠂ ᠤᠨᠤᠭᠰᠠᠨ ᠬᠡᠤᠬᠡᠳ᠂ | ᠦᠵᠡᠭᠴᠢ ᠲᠦᠮᠡᠨ ᠢᠶᠠᠨ ᠪᠠᠶᠠᠰᠬᠠᠨ᠂ ᠤᠰᠤ ᠨᠤᠲᠤᠭ ᠤᠨ ᠢᠶᠠᠨ ᠠᠯᠳᠠᠷ ᠨᠡᠷ᠎ᠡ ᠶᠢ ᠳᠠᠷᠬᠠᠨ ᠳᠠᠶᠠᠭᠠᠷ ᠲᠤ ᠡᠷᠭᠦᠵᠦ | ᠂ ᠲᠠᠪᠤᠨ ᠬᠤᠰᠢᠭᠤ ᠮᠠᠯ ᠢᠶᠠᠷ ᠮᠢᠯᠢᠶᠠᠯᠭᠠᠭᠰᠠᠨ ᠪᠠᠶᠢᠨ᠎ᠠ᠃ ᠲᠦᠩᠯᠢᠶᠤᠤ ᠬᠤᠲᠠ ᠶᠢᠨ ᠴᠤᠯᠮᠤᠨ ᠤ ᠬᠠᠷ᠎ᠠ ᠮᠤᠷᠢ | ᠠᠮᠠᠨ ᠬᠦᠵᠤᠬᠦᠳᠡᠵᠤ᠂ ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ ᠤ ᠴᠠᠭᠠᠨᠬᠠᠳᠠ ᠰᠤᠮᠤᠨ ᠤ ᠠᠳᠢᠶ᠎ᠠ ᠶᠢᠨ | ᠰᠠᠷ᠎ᠠ ᠲᠠᠢ ᠬᠦᠷᠡᠩ ᠮᠤᠷᠢ᠂ ᠰᠢᠯᠢ ᠶᠢᠨ ᠭᠤᠤᠯ ᠠᠶᠢᠮᠠᠭ ᠤᠨ ᠵᠡᠬᠦᠨ ᠰᠦᠨᠢᠳ ᠬᠤᠰᠢᠭᠤᠨ ᠤ ᠵᠠᠭᠤᠨᠨᠠᠰᠤᠲᠤ ᠶᠢᠨ | ᠬᠡᠬᠡᠷ ᠮᠤᠷᠢ᠂ ᠰᠢᠯᠢ ᠶᠢᠨ ᠭᠤᠤᠯ ᠠᠶᠢᠮᠠᠭ ᠤᠨ ᠪᠠᠷᠠᠭᠤᠨ ᠰᠦᠨᠢᠳ ᠬᠤᠰᠢᠭᠤᠨ ᠤ ᠠᠯᠲᠠᠨᠰᠦ᠋ᠭᠡ ᠶᠢᠨ ᠬᠦᠷᠡᠩ | ᠮᠤᠷᠢ ᠲᠤᠰ ᠲᠤᠰ ᠠᠶᠢᠷᠠᠭᠳᠠᠵᠤ᠂ ᠪᠤᠳᠠ ᠮᠠᠯ ᠢᠶᠠᠷ ᠱᠠᠩᠨᠠᠬᠳᠠᠬᠰᠠᠨ ᠪᠠᠶᠢᠨ᠎ᠠ᠃ | | | | | | | ᠲᠦᠴᠢᠨ ᠭᠠᠵᠠᠷ ᠤᠨ ᠬᠤᠯᠠ ᠶᠢᠨ ᠮᠤᠷᠢᠨ ᠤ ᠤᠷᠤᠯᠳᠤᠭᠠᠨ ᠨᠢ ᠲᠤᠰ ᠤᠳᠠᠭᠠᠨ ᠤ ᠬᠤᠰᠢᠭᠤ | ᠨᠠᠭᠠᠳᠤᠮ ᠤᠨ ᠨᠢᠭᠡᠨ ᠤᠨᠴᠠᠭᠠᠢ ᠦᠩᠭᠡ ᠪᠤᠯᠤᠨ ᠲᠤᠳᠤᠷᠠᠵᠤ᠂ ᠬᠦᠷᠦᠯᠴᠡᠨ ᠢᠷᠡᠭᠰᠡᠨ ᠦᠵᠡᠭᠴᠢ ᠲᠦᠮᠡᠨ ᠤ ᠪᠠᠨ | ᠬᠡᠶᠢᠮᠤᠷᠢ ᠶᠢ ᠰᠡᠷᠭᠦᠬᠡᠵᠦ᠂ ᠨᠠᠭᠠᠳᠤᠮᠴᠢᠨ ᠲᠦᠮᠡᠨ ᠮᠠᠨᠢ ᠲᠡᠨᠵᠢ ᠬᠤᠲᠦᠶᠢᠲᠠᠯᠠ ᠲᠡᠯᠬᠡᠷ ᠰᠠᠶᠢᠬᠠᠨ ᠨᠠᠭᠠᠳᠤᠯ᠎ᠠ᠃ | | | | | | | |