ᠳᠠᠷᠬᠠᠨ ᠮᠣᠣᠮᠢᠩᠭᠠᠨ ᠬᠤᠯᠪᠤᠭᠠᠲᠤ ᠬᠤᠰᠢᠭᠤᠨ ᠤ ᠠᠷᠪᠠᠳᠤᠭᠠᠷ ᠬᠤᠭᠤᠴᠠᠭᠠᠨ ᠤ ᠰᠤᠶᠤᠯ | ᠵᠢᠭᠤᠯᠴᠢᠯᠠᠯ ᠤᠨ ᠨᠠᠶᠢᠷ ᠵᠢᠴᠢ ᠭᠤᠴᠢᠨ ᠭᠤᠷᠪᠠᠳᠤᠭᠠᠷ ᠬᠤᠭᠤᠴᠠᠭᠠᠨ ᠤ ᠨᠠᠭᠠᠳᠣᠮ ᠤᠨ ᠶᠡᠭᠡ ᠬᠤᠷᠠᠯ ᠤᠨ ᠤᠶᠢᠷ᠎ᠠ | ᠭᠠᠵᠠᠷ ᠤᠨ ᠮᠤᠷᠢᠨ ᠤ ᠤᠷᠤᠯᠳᠤᠭᠠᠨ ᠨᠢ 7 ᠰᠠᠷᠠᠶᠢᠨ 29 ᠠᠴᠠ 31 ᠤ ᠡᠳᠦᠷ ᠪᠤᠯᠲᠠᠯ᠎ᠠ᠂ ᠪᠠᠲᠤᠬᠠᠭᠠᠯᠭ᠎ᠠ | ᠨᠠᠭᠠᠳᠤᠮ ᠤᠨ ᠰᠤᠶᠤᠯ ᠤᠨ ᠠᠵᠤ ᠦᠢᠯᠡᠰ ᠤᠨ ᠬᠦᠷᠢᠶᠡᠯᠡᠩ ᠲᠤᠭᠤᠷᠢᠭ ᠲᠤ ᠠᠮᠵᠢᠯᠲᠠ ᠲᠠᠢ ᠶᠠᠪᠤᠭᠳᠠᠵᠤ | ᠦᠨᠳᠤᠷᠯᠡᠯᠡ᠃ | ᠲᠤᠰ ᠤᠳᠠᠭᠠᠨ ᠤ ᠤᠷᠤᠯᠳᠤᠭᠠᠨ ᠳᠤ 2600 ᠮᠧᠲᠷ ᠤᠨ ᠵᠢᠷᠤᠭ᠎ᠠ ᠮᠤᠷᠢᠨ ᠤ ᠤᠷᠤᠯᠳᠤᠭᠠᠨ᠂ 3200 | ᠮᠧᠲᠷ ᠤᠨ ᠵᠢᠷᠤᠭ᠎ᠠ ᠮᠤᠷᠢᠨ ᠤ ᠤᠷᠤᠯᠳᠤᠭᠠᠨ᠂ 9600 ᠮᠧᠲᠷ ᠤᠨ ᠬᠤᠷᠳᠤᠨ ᠮᠤᠷᠢᠨ ᠤ ᠤᠷᠤᠯᠳᠤᠭᠠᠨ ᠵᠡᠷᠭᠡ | ᠲᠤᠯᠤᠭᠠᠨ ᠲᠦᠷᠦᠯ ᠤᠨ ᠤᠷᠤᠯᠳᠣᠭᠠᠨ ᠶᠠᠪᠤᠬᠳᠠᠵᠤ᠂ ᠲᠤᠩᠯᠢᠶᠤᠤ ᠬᠤᠳᠠ᠂ ᠤᠯᠠᠭᠠᠨᠬᠠᠳᠠ ᠬᠤᠳᠠ᠂ ᠤᠷᠳᠤᠰ | ᠬᠤᠳᠠ᠂ ᠰᠢᠯᠢ ᠶᠢᠨ ᠭᠤᠤᠯ ᠠᠶᠢᠮᠠᠭ ᠵᠡᠷᠭᠡ ᠭᠠᠵᠠᠷ ᠤᠷᠤᠨ ᠠᠴᠠ ᠵᠠᠭᠤ ᠭᠠᠷᠤᠢ ᠬᠤᠷᠳᠤᠨ ᠬᠦᠯᠦᠭ ᠤᠳ | ᠴᠤᠭᠯᠠᠷᠠᠵᠤ᠂ ᠲᠤᠰ ᠤᠳᠠᠭᠠᠨ ᠤ ᠨᠠᠭᠠᠳᠤᠮ ᠢ ᠦᠡᠭᠬᠡᠯᠡᠭᠰᠡᠨ ᠪᠠᠶᠢᠨ᠎ᠠ᠃ | | ᠡᠬᠦᠨ ᠳᠤ ᠠᠶᠢᠪᠠᠭ᠎ᠠ ᠶᠢᠨ ᠬᠤᠷᠳᠤ ᠭᠠᠯ ᠤᠶᠠᠭᠠᠨ ᠤ 3200 ᠮᠧᠲᠷ ᠤᠨ ᠵᠢᠷᠤᠭ᠎ᠠ ᠮᠤᠷᠢᠨ ᠤ | ᠤᠷᠤᠯᠳᠤᠭᠠᠨ︵ᠮᠤᠷᠢᠨ ᠤ ᠲᠦᠷᠦᠯ ᠢᠯᠭᠠᠬᠤ ᠦᠭᠡᠢ︶ ᠳᠤ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ | ᠰᠢᠷᠠᠮᠦ᠋ᠷᠡᠨ ᠪᠠᠯᠭᠠᠰᠤᠨ ᠤ ᠵᠠᠩ ᠪᠦᠭᠡ ᠶᠢᠨ ᠭᠡᠭᠡᠷ ᠮᠤᠷᠢ ᠲᠡᠷᠢᠭᠦᠯᠡᠵᠦ᠂ 2600 ᠮᠧᠲᠷ ᠤᠨ ᠵᠢᠷᠤᠭ᠎ᠠ ᠮᠤᠷᠢᠨ ᠤ | ᠤᠷᠤᠯᠳᠤᠭᠠᠨ ︵ᠮᠤᠷᠢᠨ ᠤ ᠲᠦᠷᠦᠯ ᠢᠯᠭᠠᠬᠤ ᠦᠭᠡᠢ︶ ᠳᠤ ᠤᠷᠳᠤᠰ ᠬᠤᠳᠠ ᠶᠢᠨ ᠲᠠᠯᠠᠳ ᠬᠤᠰᠢᠭᠤᠨ ᠤ ᠶᠦᠨ | ᠱᠤᠤ ᠵᠢᠶᠦ᠋ᠨ ᠤ ᠪᠤᠷᠤ ᠮᠤᠷᠢ ᠲᠡᠷᠢᠬᠦᠯᠡᠵᠠᠢ᠃ | 1.4 ᠮᠧᠲᠷ ᠤᠨ ᠬᠤᠷᠳᠤᠨ ᠮᠤᠷᠢᠨ ᠤ 9600 ᠮᠧᠲᠷ ᠤᠨ ᠤᠷᠤᠯᠳᠤᠭᠠᠨ ᠳᠤ ᠰᠢᠯᠢ ᠶᠢᠨ ᠭᠤᠤᠯ | ᠠᠶᠢᠮᠠᠭ ᠤᠨ ᠬᠦᠪᠡᠭᠡᠳᠦ ᠰᠢᠷ᠎ᠠ ᠬᠤᠰᠢᠭᠤᠨ ᠤ ᠵᠠᠮᠢᠶᠠᠨᠵᠠᠪ ᠤᠨ ᠬᠦᠷᠡᠩ ᠮᠤᠷᠢ ᠲᠡᠷᠢᠭᠦᠯᠡᠵᠦ᠂ 1.4 ᠮᠧᠲᠷ ᠤᠨ | ᠬᠤᠷᠳᠤᠨ ᠮᠤᠷᠢᠨ ᠤ 6400 ᠮᠧᠲᠷ ᠤᠨ ᠤᠷᠤᠯᠳᠤᠭᠠᠨ ᠳᠤ ᠤᠷᠳᠤᠰ ᠬᠤᠳᠠ ᠶᠢᠨ ᠬᠠᠩᠬᠢᠨ ᠬᠤᠰᠢᠭᠤᠨ ᠤ | ᠪᠦᠭᠡᠵᠡᠶᠠᠭᠠ ᠶᠢᠨ ᠭᠡᠭᠡᠷ ᠮᠤᠷᠢ ᠲᠡᠷᠢᠭᠦᠯᠡᠵᠦ᠂ 3200 ᠮᠧᠲᠷ ᠤᠨ ᠵᠢᠷᠤᠭ᠎ᠠ ᠮᠤᠷᠢᠨ ᠤ ᠤᠷᠤᠯᠳᠤᠭᠠᠨ ︵ | ᠮᠤᠷᠢᠨ ᠤ ᠲᠦᠷᠦᠯ ᠢᠯᠭᠠᠬᠤ ᠦᠭᠡᠢ︶ ᠳᠤ ᠤᠷᠳᠤᠰ ᠬᠤᠳᠠ ᠶᠢᠨ ᠲᠠᠯᠠᠳ ᠬᠤᠰᠢᠭᠤᠨ ᠤ ᠶᠦᠨ ᠱᠤᠤ ᠵᠢᠶᠦ᠋ᠨ ᠤ | ᠭᠡᠭᠡᠷ ᠮᠤᠷᠢ ᠲᠡᠷᠢᠬᠦᠯᠡᠵᠦ᠂ 4800 ᠮᠧᠲᠷ ᠤᠨ ᠬᠤᠷᠳᠤᠨ ᠮᠤᠷᠢᠨ ᠤ ᠤᠷᠤᠯᠳᠤᠭᠠᠨ ︵ᠮᠤᠷᠢᠨ ᠤ ᠲᠦᠷᠦᠯ | ᠢᠯᠭᠠᠬᠤ ᠦᠭᠡᠢ︶ ᠳᠤ ᠤᠷᠳᠤᠰ ᠬᠤᠳᠠ ᠶᠢᠨ ᠰᠠᠶᠢᠨᠪᠠᠶᠠᠷ ᠤᠨ ᠬᠤᠷᠳᠤᠨ ᠬᠦᠯᠦᠭ ᠦᠵᠦᠭᠦᠷᠯᠡᠭᠰᠡᠨ ᠪᠠᠶᠢᠨ᠎ᠠ᠃ | | | | | | ᠠᠶᠢᠪᠠᠭ᠎ᠠ ᠶᠢᠨ ᠬᠤᠷᠳᠤ ᠭᠠᠯ ᠤᠶᠠᠭᠠᠨ ᠤ 3200 ᠮᠧᠲᠷ ᠤᠨ ᠬᠤᠷᠳᠤᠨ ᠮᠤᠷᠢᠨ ᠤ ᠤᠷᠤᠯᠳᠤᠭᠠᠨ ︵ | ᠮᠤᠷᠢᠨ ᠤ ᠲᠦᠷᠦᠯ ᠢᠯᠭᠠᠬᠤ ᠦᠭᠡᠢ︶ ᠳᠤ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠪᠠᠶ᠋ᠬᠠᠤᠪᠤᠭ᠎ᠠ | ᠰᠤᠮᠤᠨ ᠤ ᠸᠠᠩ ᠴᠢᠶᠤᠤ ᠴᠢᠤᠸᠠᠨ ᠤ ᠬᠦᠷᠡᠩ ᠮᠤᠷᠢ ᠵᠡᠷᠭᠡ ᠮᠤᠷᠢᠳ ᠮᠠᠩᠨᠠᠢ ᠳᠤ ᠪᠠᠨ ᠲᠤᠭᠤᠰᠤ ᠦᠭᠡᠢ | ᠬᠤᠷᠳᠤᠯᠠᠵᠤ᠂ ᠤᠶᠠᠭᠰᠠᠨ ᠡᠵᠡᠨ ᠤᠨᠤᠭᠠᠴᠢ ᠬᠡᠤᠬᠡᠳ᠂ ᠨᠠᠭᠠᠳᠤᠮᠴᠢᠨ ᠤᠯᠠᠨ ᠢᠶᠠᠨ ᠪᠠᠶᠠᠰᠬᠠᠬᠰᠠᠨ ᠪᠠᠶᠢᠨ᠎ᠠ᠃ | | | | | | | | | | | | | | | | | |