ᠬᠦᠴᠦ ᠪᠠᠨ ᠨᠢᠭᠡᠳᠭᠡᠵᠦ ᠬᠦᠳᠡᠯᠮᠦᠷᠢ ᠪᠠᠨ ᠬᠠᠮᠳᠤᠳᠬᠠᠭᠰᠠᠨ ᠪᠠᠶᠠᠠᠪᠤᠯᠠᠭ ᠤᠨ ᠬᠢᠨ
ᠨᠡᠶᠢᠲᠡᠯᠡᠭᠰᠡᠨ ᠴᠠᠭ᠄
2023/6/20
      ᠮᠠᠯᠵᠢᠬᠤ ᠤᠷᠤᠨ ᠳᠤ ᠬᠠᠪᠤᠷ᠂ ᠵᠤᠨ ᠤ ᠤᠯᠠᠷᠢᠯ ᠪᠤᠯᠤᠭᠰᠠᠭᠠᠷ ᠰᠠᠮᠨᠠᠭᠤᠷ ᠬᠢᠷᠭᠠᠭᠠᠨ ᠤ ᠶᠠᠭᠠᠷᠠᠯᠳᠠᠢ ᠠᠵᠢᠯ  ᠤᠨ ᠴᠠᠭ ᠪᠤᠯᠳᠠᠭ᠃ ᠵᠠᠯᠠᠭᠤᠴᠣᠳ ᠨᠢ ᠰᠤᠷᠭᠠᠭᠤᠯᠢ ᠰᠤᠶᠤᠯ ᠤᠨ ᠮᠦᠷ ᠬᠦᠭᠡᠭᠡᠵᠦ ᠬᠤᠳᠠ ᠤᠷᠤᠭᠰᠠᠨ᠂ ᠪᠦᠰᠡᠭᠦᠶᠢᠴᠤᠳ ᠨᠢ ᠬᠡᠥᠬᠡᠳ ᠢᠶᠠᠨ ᠪᠢᠴᠢᠭ ᠦᠵᠡᠭᠦᠯᠬᠦ ᠵᠡᠷᠭᠡ ᠰᠢᠯᠳᠠᠭᠠᠨ ᠢᠶᠠᠷ ᠬᠤᠰᠢᠭᠤᠨ ᠲᠦᠪ ᠲᠤ ᠰᠠᠭᠤᠭ᠎ᠠ  ᠠᠴᠠ ᠬᠦᠳᠡᠭᠡ ᠤᠷᠤᠨ ᠨᠤᠳᠤᠭ ᠲᠤ ᠬᠦᠳᠡᠯᠮᠦᠷᠢ ᠬᠦᠴᠦ ᠲᠤᠳᠠᠵᠦ᠂ ᠠᠵᠢᠯ ᠤᠨ ᠶᠠᠭᠠᠷᠠᠥ ᠴᠠᠭ ᠢᠶᠠᠷ ᠭᠠᠷ ᠨᠤᠬᠤᠯᠠᠨ ᠭᠠᠴᠢᠭᠳᠠᠳᠠᠭ ᠪᠤᠯᠬᠤᠷ ᠤᠷᠴᠢᠮ ᠤᠨ ᠵᠢᠯ ᠠᠴᠠ ᠪᠠᠶ᠋ᠬᠠᠤᠪᠤᠭ᠎ᠠ ᠰᠤᠮᠤᠨ ᠤ ᠪᠠᠶᠠᠠᠪᠤᠯᠠᠭ ᠭᠠᠴᠭᠠᠠᠨ ᠤ ᠬᠤᠷᠢᠭᠠᠳ ᠡᠷᠦᠬᠡ ᠮᠠᠯᠴᠢᠳ᠂ ᠬᠦᠴᠦ ᠪᠠᠨ ᠨᠢᠭᠡᠳᠭᠡᠨ ᠬᠦᠳᠡᠯᠮᠦᠷᠢ ᠪᠠᠨ ᠬᠠᠮᠳᠤᠳᠬᠠᠵᠦ᠂ ᠠᠶᠢᠯ ᠠᠴᠠ ᠠᠶᠢᠯ ᠲᠠᠮᠵᠢᠨ᠂ ᠠᠵᠢᠯ ᠬᠦᠳᠡᠯᠮᠦᠷᠢ ᠪᠠᠷ ᠢᠶᠠᠨ ᠠᠶᠢᠯ ᠰᠠᠭᠠᠬᠠᠯᠳᠠ ᠳᠠᠭᠠᠨ ᠲᠠᠮ ᠪᠤᠯᠵᠦ ᠪᠠᠶᠢᠨ᠎ᠠ᠃      ᠵᠠᠯᠠᠭᠤᠴᠣᠳ ᠤᠯᠠᠩᠭᠢ ᠲᠤᠭ᠎ᠠ ᠶᠢ ᠡᠵᠡᠯᠡᠭᠰᠡᠨ ᠬᠤᠷᠢᠭᠠᠳ ᠡᠷᠦᠬᠡ ᠶᠢᠨ ᠭᠤᠴᠢᠭᠠᠳ ᠮᠠᠯᠴᠢᠳ ᠮᠠᠨᠢ ᠰᠡᠳᠭᠢᠯ ᠢᠶᠠᠨ ᠬᠤᠯᠪᠤ᠂ ᠬᠡᠨ ᠠᠯᠢᠨ ᠳᠠᠭᠠᠨ ᠲᠤᠰᠠ ᠪᠤᠯᠬᠤ ᠡᠭᠦᠳᠡᠨ ᠠᠴᠠ ᠬᠠᠪᠤᠷ ᠤᠨ ᠬᠢᠷᠭᠠᠭᠠᠨ ᠤ ᠠᠵᠢᠯ ᠡᠬᠢᠯᠡᠮᠡᠭᠴᠡ ᠬᠠᠮᠳᠦ ᠪᠠᠷ ᠬᠦᠳᠡᠯᠦᠯᠴᠡᠵᠦ ᠬᠦᠮᠦᠨ ᠤᠯᠠᠨ ᠬᠦᠴᠦ ᠶᠡᠭᠡ ᠲᠠᠪᠠᠭᠤᠯᠢᠭ ᠲᠤ ᠪᠠᠨ ᠲᠦᠰᠢᠭᠯᠡᠨ ᠨᠢᠭᠡ ᠡᠳᠦᠷ ᠨᠢᠭᠡ ᠡᠷᠦᠬᠡ ᠶᠢᠨ ᠬᠤᠨᠢ ᠶᠢ ᠬᠠᠶᠢᠴᠢᠯᠠᠵᠦ ᠲᠤᠭᠤᠰᠬᠠᠬᠤ ᠪᠠᠷ ᠰᠢᠭᠤᠷᠬᠠᠢ ᠠᠵᠢᠯᠯᠠᠵᠦ᠂ ᠬᠠᠮᠤᠭ ᠤᠯᠠᠨ  ᠳᠤ ᠪᠠᠨ ᠨᠢᠭᠡ ᠡᠳᠦᠷ ᠲᠤ ᠭᠤᠷᠪᠠᠨ ᠵᠠᠭᠤᠭᠠᠳ ᠬᠤᠨᠢ ᠶᠢ ᠬᠠᠶᠢᠴᠢᠯᠠᠨ ᠲᠠᠭᠤᠰᠬᠠᠵᠦ᠂ ᠭᠠᠭᠴᠠ ᠬᠤᠶᠠᠷ ᠬᠦᠮᠦᠨ ᠪᠦᠯᠢ ᠲᠠᠢ ᠠᠶᠢᠯ ᠤᠨ ᠰᠠᠷ᠎ᠠ ᠬᠤᠷᠢ ᠬᠤᠨᠤᠭ ᠤᠨ ᠠᠵᠢᠯ ᠢ ᠬᠠᠮᠳᠤᠪᠠᠷ ᠬᠠᠪᠰᠤᠷᠤᠯᠴᠠᠨ ᠭᠠᠭᠴᠠ ᠡᠳᠦᠷ ᠲᠤ ᠬᠢᠵᠦ ᠲᠠᠭᠤᠰᠬᠠᠨ᠂ ᠴᠠᠭ ᠬᠦᠳᠡᠯᠮᠦᠷᠢ ᠬᠦᠴᠦ ᠶᠢ ᠵᠡᠷᠭᠡᠳᠡ ᠨᠢ ᠠᠷᠪᠢᠯᠠᠵᠦ ᠴᠢᠳᠠᠳᠠᠭ ᠪᠠᠶᠢᠨ᠎ᠠ᠃
微信图片_20230620145527.png
      ᠠᠶᠢᠯ ᠠᠶᠢᠮᠠᠭ ᠤᠨ ᠠᠮᠢ ᠨᠢᠬᠡ ᠭᠡᠳᠡᠭ ᠢᠶᠠᠷ ᠲᠡᠳᠡ ᠸᠢᠴᠠᠲ ᠬᠤᠯᠪᠤᠭᠠᠨ ᠤ ᠲᠠᠪᠠᠭᠤᠯᠢᠭ ᠢ ᠠᠰᠢᠭᠯᠠᠨ᠂ ᠠᠶᠢᠯ ᠤᠰᠤ ᠪᠠᠷ ᠢᠶᠠᠨ ᠸᠢᠴᠠᠲ ᠬᠤᠯᠪᠤᠭ᠎ᠠ ᠪᠠᠶᠢᠭᠤᠯᠤᠨ ᠬᠡᠨ ᠨᠢ ᠠᠵᠢᠯ ᠶᠠᠪᠤᠳᠠᠯ ᠲᠠᠢ ᠪᠤᠯ ᠬᠠᠮᠳᠤᠪᠠᠷ ᠲᠤᠰᠠᠯᠠᠯᠴᠠᠨ᠂ ᠮᠠᠯᠠᠭᠠᠢ ᠠᠪᠬᠤ ᠵᠠᠪ ᠦᠭᠡᠢ ᠶᠠᠭᠠᠷᠠᠯᠳᠤᠵᠠᠭᠠᠨ᠎ᠠ᠂ ᠡᠨᠡ ᠮᠡᠳᠦᠴᠢᠯᠡᠨ ᠡᠳᠡᠭᠡᠷ ᠮᠠᠯᠴᠢᠳ ᠮᠠᠨᠢ ᠵᠢᠯ  ᠤᠨ ᠲᠦᠷᠪᠡᠨ ᠤᠯᠠᠷᠢᠯ ᠤᠨ ᠲᠤᠷᠰᠢ ᠨᠢᠭᠡ ᠨᠢᠭᠡᠨ ᠤ ᠪᠠᠨ ᠠᠵᠢᠯ ᠳᠤ ᠲᠤᠰᠠ ᠲᠡᠮ ᠪᠤᠯᠵᠦ᠂ ᠠᠮᠢᠳᠤᠷᠠᠯ ᠤᠨᠳᠤᠷᠤᠯᠭ᠎ᠠ ᠪᠠᠨ ᠦᠭᠡᠳᠡ ᠨᠢ ᠲᠠᠳᠠᠳᠠᠭ ᠪᠠᠶᠢᠨ᠎ᠠ᠃      ᠬᠤᠳᠠ ᠤᠰᠤ ᠪᠠᠷ ᠢᠶᠠᠨ ᠡᠶ᠎ᠡ ᠨᠡᠶᠢᠷᠳᠡᠢ ᠨᠦᠬᠦᠷᠰᠡᠭ ᠶᠠᠪᠤᠯᠴᠠᠵᠦ᠂ ᠬᠠᠷᠢᠯᠴᠠᠨ ᠠᠵᠢᠯ ᠠᠮᠢᠳᠤᠷᠠᠯ ᠳᠤ  ᠪᠠᠨ ᠲᠤᠰᠠ ᠲᠡᠮᠵᠢᠯᠭᠡ ᠪᠤᠯᠵᠦ ᠶᠠᠪᠤᠭ᠎ᠠ ᠪᠠᠶᠠᠠᠪᠤᠯᠠᠭ ᠤᠨ ᠬᠢᠨ ᠰᠢᠨ᠎ᠡ ᠴᠠᠭ ᠤᠨ ᠰᠤᠳᠤᠨ ᠮᠠᠯᠴᠢᠳ ᠤᠨ ᠢᠷᠠᠭᠤ ᠲᠠᠭᠤᠯᠠᠯ ᠢ ᠡᠭᠡᠰᠢᠭᠯᠡᠵᠦ᠂ ᠰᠢᠨ᠎ᠡ ᠬᠦᠳᠡᠭᠡ ᠨᠤᠳᠤᠭ ᠤᠨ ᠬᠦᠭᠵᠢᠯᠳᠡ ᠶᠢᠨ ᠵᠠᠮ ᠢ ᠲᠤᠷᠠᠶᠢᠯᠭᠠᠵᠦ ᠪᠠᠶᠢᠨ᠎ᠠ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号