ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠮᠤᠩᠭᠤᠯ ᠦᠨᠳᠦᠰᠦᠳᠡᠨ ᠤ ᠰᠤᠷᠭᠠᠭᠤᠯᠢ ᠶᠢᠨ ᠠᠷᠪᠠᠨ ᠶᠢᠰᠦᠳᠦᠭᠡᠷ ᠬᠤᠭᠤᠴᠠᠭᠠᠨ ᠤ ᠰᠤᠷᠭᠠᠭᠤᠯᠢ ᠶᠢᠨ ᠬᠦᠷᠢᠶᠡᠨ ᠤ ᠤᠷᠠᠯᠢᠭ ᠤᠨ ᠨᠠᠶᠢᠷ ᠤᠨ ᠴᠤᠭᠯᠠᠭᠠᠨ ᠬᠦᠭᠵᠢᠶᠡᠨᠳᠡᠢ ᠶᠠᠪᠤᠭᠳᠠᠯ᠎ᠠ
ᠨᠡᠶᠢᠲᠡᠯᠡᠭᠰᠡᠨ ᠴᠠᠭ᠄
2023/6/2
      ᠰᠤᠷᠭᠠᠭᠤᠯᠢ ᠶᠢᠨ ᠬᠦᠷᠢᠶᠡᠨ ᠤ ᠪᠤᠯᠪᠠᠰᠤᠨ ᠤ ᠪᠦᠳᠦᠭᠡᠨ ᠪᠠᠶᠢᠭᠤᠯᠤᠯᠳᠠ ᠶᠢ ᠠᠬᠢᠭᠤᠯᠤᠨ᠂ ᠰᠤᠶᠤᠯ ᠤᠨ ᠠᠭᠤᠯᠠᠭᠳᠠᠬᠤᠨ ᠢ ᠪᠠᠶᠠᠯᠢᠭᠵᠢᠭᠤᠯᠵᠦ᠂ ᠡᠪ ᠪᠦᠯᠬᠦᠮᠳᠡᠯ ᠲᠠᠢ ᠡᠷᠡᠭᠦᠯ ᠡᠩᠭᠡ ᠪᠤᠯᠪᠠᠰᠤᠨ ᠰᠤᠷᠭᠠᠭᠤᠯᠢ ᠶᠢᠨ ᠬᠦᠷᠢᠶᠡᠨ ᠤ ᠰᠤᠶᠤᠯ ᠠᠮᠢᠳᠤᠷᠠᠯ ᠢ ᠪᠤᠢ ᠪᠤᠯᠭᠠᠬᠤ ᠪᠠᠷ6 ᠰᠠᠷ᠎ᠠ ᠶᠢᠨ1 ᠤ ᠡᠳᠦᠷ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠮᠤᠩᠭᠤᠯ ᠦᠨᠳᠦᠰᠦᠳᠡᠨ ᠤ ᠰᠤᠷᠭᠠᠭᠤᠯᠢ ᠨᠢ ᠠᠷᠪᠠᠨ ᠶᠢᠰᠦᠳᠦᠭᠡᠷ ᠬᠤᠭᠤᠴᠠᠭᠠᠨ ᠤ ᠰᠤᠷᠭᠠᠭᠤᠯᠢ ᠶᠢᠨ ᠬᠦᠷᠢᠶᠡᠨ ᠤ ᠤᠷᠠᠯᠢᠭ ᠤᠨ ᠨᠠᠶᠢᠷ ᠤᠨ ᠴᠤᠭᠯᠠᠭᠠᠨ ᠢᠶᠠᠨ ᠰᠤᠷᠭᠠᠭᠤᠯᠢ ᠶᠢᠨ ᠢᠶᠠᠨ ᠲᠠᠮᠢᠷ ᠤᠨ ᠤᠷᠳᠤᠨ ᠳᠤ ᠬᠦᠭᠵᠢᠶᠡᠨᠳᠡᠢ ᠶᠠᠪᠤᠭᠳᠠᠭᠤᠯᠤᠭᠰᠠᠨ ᠪᠠᠶᠢᠨ᠎ᠠ᠃      ᠠᠩᠬ᠎ᠠ ᠲᠤᠮᠳᠠᠳᠦ ᠶᠢᠨ ᠰᠤᠷᠤᠭᠴᠢᠳ ᠤᠨ ︽ᠲᠠᠯ᠎ᠠ ᠨᠤᠳᠤᠭ ᠲᠤ ᠮᠦᠩᠭᠡ ᠶᠢᠨ ᠨᠠᠷᠠ ᠮᠠᠨᠳᠤᠯ᠎ᠠ︾ ︽ᠨᠤᠳᠤᠭ ᠤᠨ ᠲᠠᠭᠤᠤ ᠪᠠᠨ ᠨᠠᠮ ᠳᠤ ᠪᠠᠨ ᠡᠷᠭᠦᠶ᠎ᠡ︾ ︽ᠶᠤᠬᠤᠷ︾ ︽ᠮᠢᠨᠤ ᠮᠤᠩᠭᠤᠯ ᠰᠤᠷᠭᠠᠭᠤᠯᠢ︾ ᠵᠡᠷᠭᠡ ᠨᠠᠶᠢᠷᠠᠯ ᠲᠠᠭᠤᠤ᠂ ᠪᠠᠭ᠎ᠠ ᠰᠤᠷᠭᠠᠭᠤᠯᠢ ᠶᠢᠨ ᠰᠤᠷᠤᠭᠴᠢᠳ ᠤᠨ ︽56 ᠦᠨᠳᠦᠰᠦᠳᠡᠨ ᠨᠦᠭᠡ ᠭᠡᠷ ᠪᠦᠯᠢ︾ ︽ᠬᠡᠥᠬᠡᠳ ᠤᠨ ᠪᠠᠶᠠᠷ︾ ︽ᠪᠠᠭ᠋ᠠᠷᠤᠯᠳᠤ ᠰᠠᠶᠢᠬᠠᠨ ᠪᠠᠭ᠎ᠠ ᠨᠠᠰᠤ︾ ︽ᠨᠡᠭᠦᠳᠡᠯ ᠮᠠᠯᠵᠢᠯ ᠤᠨ ᠤᠶᠠᠩᠭᠠᠯᠠᠯ︾ ︽ᠰᠢᠨ᠎ᠡ ᠡᠷᠢᠨ ᠤ ᠪᠠᠭᠠᠴᠤᠳ︾ ᠵᠡᠷᠭᠡ ᠲᠤᠭᠯᠠᠯᠳᠠ ᠨᠢ ᠪᠠᠭᠰᠢ ᠪᠠ ᠭᠡᠷ ᠤᠨ ᠠᠬᠠᠮᠠᠳ ᠤᠨ ᠬᠠᠯᠠᠭᠤᠨ ᠠᠯᠠᠭ᠎ᠠ ᠲᠠᠰᠢᠯᠳᠠ ᠶᠢ ᠤᠯᠵᠦ᠂ ᠬᠢᠨᠠᠭᠴᠢ ᠪᠠᠭᠰᠢ ᠠᠴᠠ ᠲᠠᠯᠠᠪᠠᠢ ᠳᠤ ᠬᠤᠪᠢ ᠦᠭᠴᠦ ᠨᠢᠭᠡ ᠬᠤᠶᠠᠷ ᠭᠤᠷᠪᠠᠳᠤᠭᠠᠷ ᠨᠡᠷᠡᠰ ᠂ ᠰᠢᠯᠢᠳᠡᠭ ᠨᠡᠷᠡᠰ ᠢ ᠰᠢᠯᠭᠠᠷᠠᠭᠤᠯᠵᠦ ᠱᠠᠩᠨᠠᠯ ᠭᠠᠷᠳᠠᠭᠤᠯᠵᠦ᠂ ᠪᠠᠰᠠ2022 ᠣᠨ ᠠᠴᠠ2023 ᠤᠨ ᠤ ᠰᠢᠯᠢᠳᠡᠭ ᠰᠤᠷᠤᠭᠴᠢᠳ ᠢ ᠬᠦᠬᠢᠭᠦᠯᠦᠨ ᠱᠠᠩᠨᠠᠭᠰᠠᠨ ᠪᠠᠶᠢᠨ᠎ᠠ᠃      ᠲᠤᠰ ᠤᠳᠠᠭᠠᠨ ᠤ ᠤᠷᠠᠯᠢᠭ ᠤᠨ ᠨᠠᠶᠢᠷ ᠤᠨ ᠴᠤᠭᠯᠠᠭᠠᠨ ᠨᠢ ᠰᠤᠷᠤᠭᠴᠢᠳ ᠤᠨ ᠤᠷᠠᠯᠠᠵᠦ ᠲᠤᠭᠯᠠᠬᠤ ᠴᠢᠳᠠᠪᠤᠷᠢ ᠶᠢ ᠨᠢ ᠪᠠᠯᠪᠠᠰᠤᠷᠠᠭᠤᠯᠵᠦ᠂ ᠠᠮᠤᠷ ᠲᠦᠪᠰᠢᠨ᠂ ᠬᠡᠪ ᠪᠤᠯᠪᠠᠰᠤᠨ ᠲᠠᠢ᠂ ᠡᠶ᠎ᠡ ᠨᠠᠶᠢᠷᠠᠮᠳᠠᠭᠤ᠂ ᠲᠤᠳᠤᠨᠤᠰᠤᠭ ᠴᠤᠭ ᠵᠢᠪᠬᠤᠭᠠᠳᠦ ᠰᠤᠷᠭᠠᠭᠤᠯᠢ ᠶᠢᠨ ᠬᠦᠷᠢᠶᠡᠨ ᠤ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠤᠭᠰᠠᠨ ᠪᠠᠶᠢᠨ᠎ᠠ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号