ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤ ᠬᠠᠪᠤᠷ ᠤᠨ ᠲᠠᠷᠢᠶᠠᠯᠠᠭ᠎ᠠ ᠳᠤ ᠵᠢᠯᠤᠭᠤᠴᠢ ᠦᠭᠡᠢ ᠲᠷᠠᠺᠲ᠋ᠤᠷ ᠬᠡᠷᠡᠭᠯᠡᠵᠦ ᠦᠷ᠎ᠡ ᠠᠰᠢᠭ ᠢᠶᠠᠨ ᠨᠡᠮᠡᠭᠳᠡᠭᠦᠯᠵᠦ ᠪᠠᠶᠢᠨ᠎ᠠ
ᠨᠡᠶᠢᠲᠡᠯᠡᠭᠰᠡᠨ ᠴᠠᠭ᠄
2023/5/11
      5 ᠰᠠᠷ᠎ᠠ ᠶᠢᠨ8 ᠤ ᠡᠳᠦᠷ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠲᠠᠷᠢᠶᠠᠯᠠᠩ ᠮᠠᠯ ᠠᠵᠦ ᠠᠬᠤᠢ ᠶᠢᠨ ᠲᠤᠪᠴᠢᠶ᠎ᠠ ᠶᠢᠨ ᠠᠵᠢᠯᠳᠠᠳ ᠰᠢᠪᠡᠷᠬᠦ᠋ᠷᠢᠶ᠎ᠡ ᠪᠠᠯᠭᠠᠰᠤᠨ ᠤ ᠮᠧᠩ ᠱᠧᠩ ᠲᠠᠷᠢᠶᠠᠯᠠᠩ ᠮᠠᠯ ᠠᠵᠦ ᠠᠬᠤᠢ ᠶᠢᠨ ᠲᠤᠰᠬᠠᠢ ᠬᠤᠷᠰᠢᠶᠠᠵᠢᠯ ᠳᠤ ᠬᠦᠷᠴᠦ ᠪᠸᠢ ᠳ᠋ᠸᠦ ᠵᠢᠯᠤᠭᠤᠴᠢ ᠦᠭᠡᠢ ᠲᠷᠠᠺᠲ᠋ᠤᠷ ᠢᠶᠠᠷ ᠲᠠᠷᠢᠶᠠᠯᠠᠬᠤ ᠠᠵᠢᠯ ᠢ ᠲᠤᠭᠤᠷᠢᠨ ᠦᠵᠡᠬᠦ ᠶᠢᠨ ᠬᠠᠮᠳᠦ ᠠᠬᠤᠢ ᠲᠠᠯᠠᠪᠤᠷ ᠲᠤ ᠲᠠᠷᠢᠶᠠᠯᠠᠩ ᠤᠨ ᠮᠠᠰᠢᠨ ᠤ ᠠᠶᠤᠯᠬᠦᠢ ᠦᠢᠯᠡᠳᠪᠦᠷᠢᠯᠡᠯ ᠢ ᠬᠢᠨᠠᠨ ᠵᠢᠯᠤᠭᠤᠳᠪᠠ᠃      ᠲᠤᠮᠤ ᠬᠡᠯᠪᠡᠷᠢ ᠶᠢᠨ ᠲᠷᠠᠺᠲ᠋ᠤᠷ ᠲᠤ ᠪᠸᠢ ᠳ᠋ᠸᠦ ᠠᠶᠠᠯᠠᠯ ᠵᠠᠯᠠᠬᠤ ᠠᠦ᠋ᠲ᠋ᠤ᠋ ᠵᠢᠯᠤᠭᠤᠳᠬᠤ ᠰᠢᠰᠲ᠋ᠧᠮ ᠢ ᠤᠭᠰᠠᠷᠠᠵᠦ᠂ ᠠᠵᠢᠯᠳᠠᠳ ᠫᠷᠤᠭ᠍ᠷᠠᠮ ᠢᠶᠠᠨ ᠰᠠᠶᠢᠳᠤᠷ ᠲᠤᠬᠢᠷᠠᠭᠤᠯᠵᠦ᠂ ᠲᠷᠠᠺᠲ᠋ᠤᠷ ᠢ ᠵᠢᠯᠤᠭᠤᠳᠤᠯᠭ᠎ᠠ ᠲᠤᠤᠷ᠎ᠠ ᠲᠤᠭᠳᠠᠭᠠᠭᠰᠠᠨ ᠵᠠᠮ ᠱᠤᠭᠤᠮ ᠢᠶᠠᠷ ᠢᠶᠠᠨ ᠵᠢᠭᠳᠡ ᠬᠤᠷᠳᠤᠴᠠ ᠪᠠᠷ ᠲᠠᠷᠢᠮᠠᠯ ᠲᠠᠷᠢᠭᠰᠠᠨ ᠪᠠᠶᠢᠨ᠎ᠠ᠃
微信图片_20230511101033.png
微信图片_20230511101039.png     
      ᠪᠸᠢ ᠳ᠋ᠸᠦ ᠠᠶᠠᠯᠠᠯ ᠵᠠᠯᠠᠬᠤ ᠲᠠᠷᠢᠶᠠᠯᠠᠩ ᠤᠨ ᠮᠠᠰᠢᠨ ᠤ ᠠᠦ᠋ᠲ᠋ᠤ᠋ ᠵᠢᠯᠤᠭᠤᠳᠤᠯᠭ᠎ᠠ ᠶᠢᠨ ᠰᠢᠰᠲ᠋ᠧᠮ ᠪᠤᠯ ᠦᠨᠳᠦᠷ ᠨᠠᠷᠢᠯᠢᠭ ᠪᠸᠢ ᠳ᠋ᠸᠦ ᠲᠠᠭᠠᠭᠤᠯᠢ ᠤᠳᠤᠨ ᠤ ᠤᠷᠤᠨ ᠪᠠᠶᠢᠷᠢ ᠲᠤᠭᠳᠠᠭᠠᠨ ᠠᠶᠠᠯᠠᠯ ᠵᠠᠯᠠᠬᠤ ᠰᠤᠷᠠᠭ ᠵᠠᠩᠭᠢ  ᠶᠢ ᠠᠰᠢᠭᠯᠠᠳᠠᠭ᠃ ᠡᠵᠡᠮᠰᠢᠭᠦᠷ ᠠᠴᠠ ᠲᠠᠷᠢᠶᠠᠯᠠᠩ ᠤᠨ ᠮᠠᠰᠢᠨ ᠤ ᠰᠢᠰᠲ᠋ᠧᠮ ᠢ ᠡᠵᠡᠮᠰᠢᠵᠦ᠂ ᠲᠠᠷᠢᠶᠠᠯᠠᠩ ᠤᠨ ᠮᠠᠰᠢᠨ ᠢ ᠲᠤᠭᠳᠠᠭᠠᠭᠰᠠᠨ ᠵᠠᠮ ᠱᠤᠭᠤᠮ ᠢᠶᠠᠷ ᠨᠢ ᠲᠠᠯᠠᠩ ᠢ ᠡᠷᠭᠦᠭᠦ᠂ ᠲᠠᠷᠢᠬᠤ᠂ ᠡᠮ ᠰᠦᠷᠴᠢᠬᠦ᠂ ᠬᠠᠳᠤᠵᠦ ᠬᠤᠷᠢᠶᠠᠬᠤ ᠵᠡᠷᠭᠡ ᠲᠠᠷᠢᠶᠠᠨ ᠭᠠᠵᠠᠷ ᠲᠤ ᠠᠵᠢᠯᠯᠠᠭᠤᠯᠵᠦ᠂ ᠤᠯᠠᠮᠵᠢᠯᠠᠯᠳᠦ ᠲᠠᠷᠢᠶᠠᠯᠠᠩ ᠤᠨ ᠮᠠᠰᠢᠨ ᠤ ᠠᠵᠢᠯᠯᠠᠭᠠᠨ  ᠤ ᠲᠤᠮᠳᠠᠬᠢ ᠡᠯ᠎ᠡ ᠵᠦᠢᠯ ᠤᠨ ᠠᠰᠠᠭᠤᠳᠠᠯ ᠢ ᠪᠦᠳᠦᠮᠵᠢᠳᠡᠢ ᠰᠢᠢᠳᠪᠦᠷᠢᠯᠡᠵᠦ᠂ ᠵᠢᠯᠤᠭᠤᠴᠢ ᠶᠢᠨ ᠬᠦᠳᠡᠯᠮᠦᠷᠢ ᠶᠢᠨ ᠡᠷᠴᠢᠮ ᠢ ᠪᠠᠭᠤᠷᠠᠭᠤᠯᠤᠨ᠂ ᠪᠦᠳᠦᠮᠵᠢᠳᠡᠢ ᠠᠵᠢᠯᠯᠠᠬᠤ ᠴᠠᠭ ᠢ ᠤᠷᠳᠤᠳᠬᠠᠵᠦ᠂ ᠲᠠᠷᠢᠶᠠᠯᠠᠩ ᠤᠨ ᠮᠠᠰᠢᠨ ᠤ ᠠᠵᠢᠯᠯᠠᠭᠠᠨ ᠤ ᠦᠷ᠎ᠡ ᠠᠰᠢᠭ᠂ ᠠᠵᠢᠯᠯᠠᠭᠠᠨ ᠤ ᠶᠠᠰᠤ ᠴᠢᠨᠠᠷ ᠵᠢᠴᠢ ᠭᠠᠵᠠᠷ ᠰᠢᠷᠤᠢ ᠶᠢᠨ ᠠᠰᠢᠭᠯᠠᠯᠳᠠ ᠶᠢᠨ ᠨᠤᠷᠮ᠎ᠠ ᠶᠢ ᠲᠡᠭᠡᠭᠰᠢᠯᠡᠭᠦᠯᠵᠦ᠂ ᠦᠨᠳᠦᠷ ᠦᠷ᠎ᠡ ᠠᠰᠢᠭ ᠲᠠᠢ ᠦᠢᠯᠡᠳᠪᠦᠷᠢᠯᠡᠯ ᠢ ᠦᠨᠡᠨ ᠬᠦ ᠪᠡᠶᠡᠯᠡᠭᠦᠯᠦᠭᠰᠡᠨ ᠪᠠᠶᠢᠨ᠎ᠠ᠃      ᠲᠠᠷᠠᠭᠠᠴᠢ ᠶᠢᠨ ᠠᠯᠬᠤᠮ ᠳᠤ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠲᠠᠷᠢᠶᠠᠯᠠᠩ ᠮᠠᠯ ᠠᠵᠦ ᠠᠬᠤᠢ ᠶᠢᠨ ᠲᠤᠪᠴᠢᠶ᠎ᠠ ︽ᠠᠮᠤ ᠪᠤᠳᠠᠭ᠎ᠠ ᠪᠠᠨ ᠭᠠᠵᠠᠷ ᠰᠢᠷᠤᠢ ᠳᠤ ᠬᠠᠳᠠᠭᠠᠯᠠᠵᠦ᠂ ᠠᠮᠤ ᠪᠤᠳᠠᠭ᠎ᠠ ᠪᠠᠨ ᠮᠡᠷᠭᠡᠵᠢᠯ  ᠳᠤ ᠬᠠᠳᠠᠭᠠᠯᠠᠬᠤ︾ ᠶᠢ ᠪᠠᠷᠢᠮᠳᠠᠯᠠᠵᠦ᠂ ᠤᠬᠠᠭᠤᠯᠬᠤ᠂ ᠲᠡᠯᠭᠡᠷᠡᠭᠦᠯᠬᠦ ᠡᠷᠴᠢᠮ ᠢᠶᠠᠨ ᠨᠡᠮᠡᠭᠳᠡᠭᠦᠯᠦᠨ᠂ ᠲᠠᠷᠢᠶᠠᠯᠠᠩ  ᠤᠨ ᠮᠠᠰᠢᠨ ᠤ ᠨᠡᠶᠢᠭᠡᠮᠴᠢᠯᠡᠭᠰᠡᠨ ᠦᠢᠯᠡᠴᠢᠯᠡᠭᠡᠨ ᠤ ᠵᠤᠬᠢᠶᠠᠨ ᠪᠠᠶᠢᠭᠤᠯᠤᠯᠳᠠ ᠶᠢ ᠢᠳᠡᠪᠬᠢᠳᠡᠢ ᠪᠠᠷ ᠬᠦᠳᠦᠯᠦᠨ ᠵᠢᠯᠤᠭᠤᠳᠴᠦ᠂ ᠲᠠᠷᠢᠶᠠᠯᠠᠩ ᠤᠨ ᠦᠢᠯᠡᠳᠪᠦᠷᠢᠯᠡᠯ ᠤᠨ ︽ᠲᠠᠷᠢᠶᠠᠯᠠᠬᠤ᠂ ᠲᠠᠷᠢᠬᠤ᠂ ᠰᠡᠷᠭᠡᠶᠢᠯᠡᠬᠦ ᠂ ᠬᠤᠷᠢᠶᠠᠬᠤ︾ ᠪᠦᠬᠦ ᠵᠠᠩᠭᠢᠯᠭ᠎ᠠ ᠶᠢᠨ ᠠᠵᠢᠯ ᠢ ᠰᠦᠪᠡᠭᠴᠢᠯᠡᠨ ᠬᠡᠷᠡᠭᠵᠢᠭᠦᠯᠵᠦ᠂ ᠬᠡᠪᠴᠢᠶᠡᠵᠢᠭᠦᠯᠦᠨ ᠡᠵᠡᠩᠨᠡᠬᠦ᠂ ᠠᠵᠦ ᠦᠢᠯᠡᠰᠵᠢᠭᠦᠯᠦᠨ ᠦᠢᠯᠡᠴᠢᠯᠡᠬᠦ ᠶᠢ ᠪᠡᠶᠡᠯᠡᠭᠦᠯᠦᠨ᠂ ᠲᠠᠷᠢᠶᠠᠯᠠᠩ ᠤᠨ ᠮᠠᠰᠢᠨᠴᠢᠯᠠᠯᠳᠠ ᠶᠢᠨ ᠬᠢᠷᠢ ᠬᠡᠮᠵᠢᠶ᠎ᠡ ᠶᠢ ᠲᠡᠭᠡᠭᠰᠢᠯᠡᠭᠦᠯᠵᠦ᠂ ᠲᠠᠷᠢᠶᠠᠴᠢᠨ ᠡᠷᠦᠬᠡ ᠶᠢ ᠲᠠᠶᠢᠴᠢᠯᠠᠨ ᠤᠳᠤ ᠦᠶ᠎ᠡ ᠶᠢᠨ ᠲᠠᠷᠢᠶᠠᠯᠠᠩ ᠤᠨ ᠦᠢᠯᠡᠳᠪᠦᠷᠢᠯᠡᠯ ᠤᠨ ᠠᠷᠭ᠎ᠠ ᠮᠠᠶ᠋ᠢᠭ ᠲᠤ ᠵᠤᠬᠢᠴᠠᠭᠤᠯᠵᠦ᠂ ᠮᠧᠬᠠᠨᠢᠭ ᠢᠶᠠᠷ ᠲᠠᠷᠢᠶᠠᠯᠠᠩ ᠢ ᠬᠦᠴᠦᠷᠬᠡᠭᠵᠢᠭᠦᠯᠦᠨ ᠠᠮᠤ ᠪᠤᠳᠠᠭᠠᠨ ᠤ ᠠᠮᠤᠷ ᠲᠦᠪᠰᠢᠨ ᠢ ᠪᠠᠳᠤᠯᠠᠬᠤ ᠪᠠᠷ ᠪᠠᠶᠢᠨ᠎ᠠ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号