ᠣᠳᠤᠮ ᠵᠠᠯᠭᠠᠭᠰᠠᠨ ᠤᠶᠠᠭᠠᠴᠢ ᠠᠶᠢᠯ ᠭᠡᠷᠡᠯᠳᠦ ᠶᠢᠨ ᠬᠢᠨ
ᠨᠡᠶᠢᠲᠡᠯᠡᠭᠰᠡᠨ ᠴᠠᠭ᠄
2023/4/6
      ᠮᠠᠯᠴᠢᠨ ᠬᠦᠮᠦᠨ ᠮᠢᠩᠭᠠᠨ ᠮᠡᠷᠭᠡᠵᠢᠯ ᠲᠠᠢ ᠬᠡᠳᠡᠭ᠂ ᠠᠷᠭ᠎ᠠ ᠴᠦ ᠦᠭᠡᠢ ᠶᠤᠮ ᠳ᠋ᠠ᠂ ᠵᠢᠯ ᠤᠨ ᠲᠦᠷᠪᠡᠨ ᠤᠯᠠᠷᠢᠯ ᠤᠨ ᠢᠶᠠᠨ ᠦᠩᠭᠡ ᠠᠶᠠᠰ ᠢ ᠲᠠᠭᠠᠵᠦ᠂ ᠲᠠᠪᠤᠨ ᠬᠤᠰᠢᠭᠤ ᠮᠠᠯ ᠢᠶᠠᠨ ᠮᠠᠯᠠᠯᠠᠨ ᠠᠮᠢᠳᠤᠷᠠᠳᠠᠭ ᠮᠠᠯᠴᠢᠳ ᠮᠠᠨᠢ ᠠᠳᠤᠭᠤᠴᠢᠨ ᠲᠡᠮᠡᠭᠡᠴᠢᠨ ᠬᠤᠨᠢᠴᠢᠨ ᠪᠠᠶᠢᠬᠤ ᠠᠴᠠ ᠪᠠᠨ ᠭᠠᠳᠠᠨ᠎ᠠ ᠰᠤᠷᠴᠢᠨ᠂ ᠤᠶᠤᠳᠤᠯᠴᠢᠨ᠂ ᠮᠠᠯ ᠤᠨ ᠡᠮᠴᠢ᠂ ᠴᠠᠭ ᠠᠭᠤᠷ ᠰᠢᠨᠵᠢᠭᠡᠴᠢ᠂ ᠡᠪᠡᠰᠦ ᠤᠷᠭᠤᠮᠠᠯ ᠰᠤᠳᠤᠯᠤᠬᠠᠴᠢ ᠭᠡᠳ ᠮᠠᠯᠵᠢᠬᠤ ᠠᠮᠢᠳᠤᠷᠠᠯ ᠳᠤ ᠪᠠᠨ ᠠᠰᠢᠭᠯᠠᠬᠤ ᠮᠡᠷᠭᠡᠵᠢᠯ ᠪᠤᠯᠭᠠᠨ ᠢ ᠡᠵᠡᠮᠰᠢᠭᠰᠡᠨ ᠪᠠᠶᠢᠬᠤ ᠬᠡᠷᠡᠭᠳᠡᠢ ᠪᠠᠶᠢᠳᠠᠭ᠃ ᠬᠠᠷᠢᠨ ᠡᠭᠦᠨ ᠤ ᠲᠤᠳᠤᠷ᠎ᠠ ᠤᠶᠠᠭᠠᠴᠢ ᠪᠠᠶᠢᠨ᠎ᠠ ᠭᠡᠳᠡᠭ ᠭᠡᠨ ᠬᠦᠮᠦᠨ ᠪᠤᠯᠭᠠᠨ ᠤ ᠰᠤᠷᠴᠢᠬᠠᠳᠠᠭ ᠮᠡᠷᠭᠡᠵᠢᠯ ᠪᠢᠰᠢ ᠭᠡᠯᠳᠡᠢ᠃
      ᠬᠠᠪᠤᠷ ᠤᠨ ᠲᠡᠩᠷᠢ ᠠᠭᠤᠷ ᠲᠠᠢ ᠪᠦᠰᠡᠭᠦᠢ ᠶᠢᠨ ᠠᠭᠠᠯᠢ ᠰᠢᠭ ᠤᠯᠠᠨ ᠬᠤᠪᠢᠷᠠᠳᠠᠢ ᠴᠦ ᠭᠡᠯ᠎ᠡ᠂ ᠦᠪᠦᠳᠦᠷ ᠪᠢᠳᠡᠨ ᠤ ᠰᠤᠷᠪᠤᠯᠵᠢᠯᠠᠭ᠎ᠠ ᠶᠢ ᠲᠡᠮᠵᠢᠭᠰᠡᠨ ᠶᠤᠮ ᠰᠢᠭ ᠨᠠᠯᠠᠭᠠᠷ ᠰᠠᠶᠢᠬᠠᠨ ᠡᠳᠦᠷ ᠲᠤᠬᠢᠶᠠᠵᠠᠢ᠃ ᠪᠠᠭ᠎ᠠ ᠵᠡᠷᠭᠡ ᠵᠠᠮ ᠵᠢᠭᠠᠯᠭᠠᠵᠦ᠂ ᠤᠶᠠᠭ᠎ᠠ ᠱᠣᠩ ᠵᠢᠭᠳᠡᠷᠡᠨ᠂ ᠤᠷᠤᠯᠳᠤᠭᠠᠨ ᠮᠤᠷᠢ ᠢᠷᠠᠶᠢᠭᠰᠠᠨ ᠠᠶᠢᠯ ᠤᠨ ᠭᠠᠳᠠᠨ᠎ᠠ ᠠᠰᠠᠭᠤᠬᠤ ᠶᠢᠨ ᠰᠢᠯᠳᠠᠭ ᠦᠭᠡᠢ ᠲᠠᠪᠬᠢᠭᠠᠳ ᠬᠦᠷᠦᠯ᠎ᠡ᠃ ᠰᠠᠶᠢᠨ ᠤᠶᠠᠭᠠᠴᠢ ᠭᠡᠳᠡᠭ ᠢᠶᠠᠷ ᠨᠢ ᠨᠤᠳᠤᠭ ᠤᠰᠤᠨ ᠤ ᠬᠦᠮᠦᠨ ᠵᠤᠨ ᠮᠠᠨᠢ ᠠᠨᠳᠠᠬᠤ ᠦᠭᠡᠢ ᠰᠠᠶᠢᠨ ᠲᠠᠨᠢᠳᠠᠭ ᠬᠡᠷᠡᠯᠳᠦ ᠶᠢᠨ ᠠᠮᠢᠳᠤᠷᠠᠯ ᠠᠬᠤᠢ ᠶᠢ ᠰᠤᠷᠪᠤᠯᠵᠢᠯᠠᠨ  ᠰᠢᠩᠭᠡᠭᠡᠶ᠎ᠡ ᠭᠡᠵᠦ ᠵᠤᠷᠢᠵᠦ ᠢᠷᠡᠭᠰᠡᠨ ᠮᠠᠨᠢ ᠡᠨᠡ ᠪᠢᠯᠡ᠃      ᠠᠪᠤ ᠲᠡᠭᠡᠳᠦ ᠶᠢᠨ ᠨᠤᠳᠤᠭ ᠤᠰᠤᠨ ᠳᠤ ᠪᠠᠨ ᠮᠠᠯᠴᠢᠨ ᠵᠠᠶᠠᠭ᠎ᠠ ᠪᠠᠨ ᠤᠯᠠᠮᠵᠢᠯᠠᠵᠦ᠂ ᠤᠶᠠᠭᠠᠴᠢ ᠤᠳᠤᠮ  ᠢᠶᠠᠨ ᠵᠠᠯᠭᠠᠮᠵᠢᠯᠠᠵᠦ᠂ ᠤᠷᠴᠢᠮ ᠤᠨ ᠬᠤᠶᠠᠷ ᠵᠢᠯ ᠠᠴᠠ ᠪᠠᠶᠢᠰᠢᠩ ᠢᠶᠠᠨ ᠰᠢᠨᠡᠳᠭᠡᠵᠦ᠂ ᠰᠢᠨ᠎ᠡ ᠴᠠᠭ ᠦᠶ᠎ᠡ ᠶᠢᠨ ᠬᠡᠯᠪᠡᠷᠢ ᠮᠢᠶᠠᠭ ᠢᠶᠠᠷ ᠭᠡᠷ ᠤᠨ ᠲᠤᠳᠤᠷᠠᠬᠢ ᠪᠠᠨ ᠵᠠᠰᠠᠨ ᠴᠢᠮᠡᠭᠯᠡᠵᠦ᠂ ᠬᠤᠳᠠ ᠭᠠᠵᠠᠷ ᠤᠨ ᠠᠰᠠᠷ ᠲᠠᠭᠳᠤ ᠠᠴᠠ ᠲᠤᠳᠠᠬᠤ ᠪᠠᠷ ᠦᠭᠡᠢ ᠰᠠᠶᠢᠬᠠᠨ ᠪᠤᠯᠭᠠᠵᠠᠢ᠃ ᠡᠷ ᠤᠨ ᠲᠠᠪᠢᠯᠭ᠎ᠠ ᠬᠡᠷᠡᠭᠰᠡᠯ ᠵᠡᠷᠭᠡ ᠠᠴᠠ ᠨᠢ ᠮᠤᠷᠢᠨ ᠳᠤ ᠬᠠᠶᠢᠷᠠᠳᠠᠢ ᠤᠶᠠᠭᠠᠴᠢ ᠠᠶᠢᠯ ᠭᠡᠳᠡᠭ ᠨᠢ ᠮᠡᠳᠡᠭᠳᠡᠵᠦ᠂ ᠦᠷ᠎ᠡ ᠬᠠᠨᠢ ᠲᠠᠢ ᠪᠠᠨ ᠭᠤᠷᠪᠠᠭᠤᠯᠠ ᠦᠶᠦᠭ ᠲᠠᠩᠰᠤᠭ ᠠᠮᠢᠳᠤᠷᠠᠵᠦ ᠪᠠᠶᠢᠭ᠎ᠠ ᠡᠳᠡᠨᠡᠶᠢᠬᠢᠨ ᠢ ᠭᠠᠳᠠᠨ᠎ᠠ ᠠᠴᠠ ᠨᠢ ᠬᠠᠷᠠᠬᠤ ᠳᠤ ᠯᠡ ᠠᠵᠢᠯᠴᠢ ᠬᠦᠳᠡᠯᠮᠦᠷᠢᠴᠢ᠂ ᠠᠮᠢᠳᠤᠷᠠᠯ ᠤᠳᠤᠷᠢᠳᠤᠯᠭ᠎ᠠ ᠳᠤ ᠪᠠᠨ ᠰᠡᠳᠭᠢᠯ ᠭᠠᠷᠭᠠᠳᠠᠭ ᠰᠠᠶᠢᠬᠠᠨ ᠠᠶᠢᠯ ᠭᠡᠳᠡᠭ ᠨᠢ ᠢᠯᠡᠭᠡᠨ ᠲᠤᠳᠤᠬᠠᠨ ᠬᠠᠷᠠᠭᠳᠠᠨ᠎ᠠ ᠪᠢᠯᠡ᠃      ᠬᠠᠪᠤᠷ ᠤᠨ ᠰᠠᠷ᠎ᠠ ᠲᠤᠮᠳᠠᠷᠠᠵᠦ ᠶᠠᠪᠤᠭ᠎ᠠ ᠪᠤᠯᠬᠤᠷ ᠮᠠᠯ ᠲᠦᠯᠯᠡᠭᠡᠳ ᠬᠦᠢᠴᠡᠭᠰᠡᠨ ᠭᠡᠵᠦ ᠬᠡᠯᠡᠬᠦ ᠶᠢᠨ ᠲᠠᠭᠠᠦ ᠭᠡᠷ ᠤᠨ ᠡᠵᠡᠭᠳᠡᠢ ᠬᠤᠷᠤᠭᠠᠨ ᠲᠤᠳᠤᠷ᠎ᠠ ᠪᠠᠨ ᠠᠮᠢᠳᠠᠨ ᠤ ᠬᠦᠷᠢᠶᠡᠯᠡᠩ ᠰᠢᠭ ᠠᠯᠠᠭ ᠬᠤᠷᠠᠭ᠎ᠠ ᠨᠤᠭᠤᠳ ᠲᠤ ᠪᠠᠨ ᠡᠪᠡᠰᠦ ᠲᠡᠵᠢᠭᠡᠯ ᠪᠡᠯᠡᠳᠭᠡᠨ ᠶᠠᠭᠠᠷᠠᠨ᠎ᠠ᠃ ᠡᠳᠡᠨᠡᠶᠢᠬᠢ ᠵᠢᠷᠭᠤᠭ᠎ᠠ ᠲᠤᠯᠤᠭᠠᠨ ᠵᠢᠯ ᠤᠨ ᠡᠮᠦᠨ᠎ᠡ ᠠᠴᠠ ᠰᠢᠨᠵᠢᠶᠠᠩ  ᠤᠨ ᠠᠯᠳᠠᠢ ᠨᠤᠳᠤᠭ ᠤᠨ ᠰᠠᠯᠠᠭ᠎ᠠ ᠰᠡᠭᠦᠯᠳᠦ ᠬᠤᠨᠢ ᠶᠢ ᠮᠠᠯᠵᠢᠳᠠᠭ ᠪᠤᠯᠵᠠᠢ᠃ ᠬᠦᠢᠳᠡᠨ ᠳᠤ ᠲᠡᠰᠪᠦᠷᠢ ᠲᠠᠢ᠂ ᠲᠠᠷᠭᠤ ᠰᠠᠶᠢᠨ ᠰᠠᠭᠤᠳᠠᠭ ᠡᠨᠡ ᠤᠯᠠᠭᠠᠨ ᠬᠤᠨᠢᠳ ᠨᠢ ᠬᠦᠭᠡᠷᠦᠬᠦᠨ ᠠᠭᠠᠳ ᠤᠨᠴᠠᠭᠠᠢ ᠬᠠᠷᠠᠭᠳᠠᠬᠤ ᠶᠤᠮ ᠪᠢᠯᠡ᠃
      ᠨᠡᠶᠢᠭᠡᠮ ᠤᠨ ᠤᠷᠤᠰᠬᠠᠯ ᠲᠠᠭᠠᠵᠦ᠂ ᠤᠯᠠᠨ ᠵᠠᠯᠠᠭᠤᠴᠤᠳ ᠬᠤᠳᠠ ᠪᠠᠷᠠᠭᠠᠳᠠᠵᠦ ᠠᠮᠢᠳᠤᠷᠠᠳᠠᠭ ᠪᠤᠯᠤᠭᠰᠠᠨ ᠴᠦ ᠭᠡᠷᠡᠯᠳᠦ ᠶᠢᠨ ᠬᠦᠦ ᠲᠡᠷᠭᠡᠯ ᠨᠢ ᠬᠡᠳᠦᠨ ᠵᠢᠯ ᠤᠨ ᠡᠮᠦᠨ᠎ᠡ ᠲᠤᠮᠳᠠ ᠵᠡᠷᠭᠡ ᠶᠢᠨ ᠲᠤᠰᠬᠠᠢ ᠮᠡᠷᠭᠡᠵᠢᠯ ᠤᠨ ᠰᠤᠷᠭᠠᠭᠤᠯᠢ ᠪᠠᠨ ᠲᠡᠭᠦᠰᠦᠭᠡᠳ᠂ ᠬᠦᠳᠡᠭᠡᠨ ᠢᠶᠠᠨ ᠢᠷᠡᠵᠦ᠂ ᠠᠪᠤ ᠡᠵᠢ ᠪᠠᠨ ᠬᠠᠮᠵᠢᠵᠦ᠂ ᠬᠦᠳᠡᠭᠡ ᠭᠡᠷ ᠤᠨ ᠢᠶᠠᠨ ᠪᠦᠬᠦ ᠠᠵᠢᠯ ᠢ ᠬᠢᠳᠡᠭ ᠪᠤᠯᠤᠭᠰᠠᠨ ᠨᠢ ᠬᠦᠳᠡᠭᠡ ᠤᠷᠤᠨ ᠨᠤᠳᠤᠭ ᠲᠤ ᠵᠠᠯᠠᠭᠤ ᠬᠦᠮᠦᠨ ᠲᠤᠳᠠᠳᠠᠭ ᠤᠳᠤ ᠶᠢᠨ ᠪᠠᠶᠢᠳᠠᠯ ᠳᠤ ᠤᠯᠵᠠᠷᠠᠭᠤᠰᠢᠳᠠᠢ ᠶᠠᠪᠤᠳᠠᠯ ᠶᠤᠮ᠃ ᠤᠶᠠᠭᠠᠴᠢ ᠭᠡᠷᠡᠯᠳᠦ ᠬᠡᠷᠭᠡᠢ ᠤᠯᠠᠭᠠᠨᠳᠤᠶᠠᠭ᠎ᠠ ᠲᠠᠢ ᠪᠠᠨ ᠬᠤᠶᠠᠭᠤᠯᠠ ᠬᠦᠦ ᠳᠤ ᠪᠠᠨ ᠮᠠᠯᠴᠢᠨ ᠬᠦᠮᠦᠨ ᠤ ᠮᠡᠳᠡᠵᠦ ᠴᠢᠳᠠᠭᠰᠠᠨ ᠪᠦᠬᠦ ᠵᠦᠢᠯ ᠢᠶᠠᠨ ᠬᠡᠯᠡᠵᠦ ᠵᠢᠭᠠᠨ᠂ ᠬᠦᠦ  ᠨᠢ ᠴᠦ ᠤᠷᠤᠯᠳᠤᠭᠠᠨ ᠮᠤᠷᠢᠨ ᠳᠤ ᠪᠠᠭ᠋ᠠᠳᠠᠢ ᠪᠠᠶᠢᠵᠦ᠂ ᠠᠪᠤ ᠶᠢᠨ ᠢᠶᠠᠨ ᠤᠶᠠᠭᠠᠴᠢ ᠮᠡᠷᠭᠡᠵᠢᠯ ᠢ ᠰᠤᠷᠴᠦ ᠶᠠᠪᠤᠨ᠎ᠠ᠃      ᠡᠪᠦᠭᠡ ᠠᠪᠤ᠂ ᠦᠪᠡᠷ ᠤᠨ ᠠᠪᠤ ᠶᠢᠨ ᠢᠶᠠᠨ ᠤᠶᠠᠭᠠᠴᠢ ᠤᠳᠤᠮ ᠢ ᠵᠠᠯᠭᠠᠮᠵᠢᠯᠠᠵᠦ᠂ ᠨᠤᠳᠤᠭ ᠤᠰᠤᠨ ᠳᠤ  ᠪᠠᠨ ᠤᠶᠠᠭᠠᠴᠢ ᠴᠤᠯᠠ ᠲᠠᠢ ᠬᠢᠯᠠᠷᠭᠠᠵᠦ ᠶᠠᠪᠤᠭ᠎ᠠ ᠭᠡᠷᠡᠯᠳᠦ ᠮᠠᠨᠢ ᠬᠦᠦ ᠪᠠᠨ ᠴᠦ ᠪᠠᠰᠠ ᠤᠶᠠᠭᠠᠴᠢ ᠪᠤᠯᠤᠭᠠᠰᠠᠢ ᠭᠡᠵᠦ ᠵᠢᠯᠤᠭᠤᠳᠤᠨ ᠵᠠᠭᠠᠭᠰᠠᠭᠠᠷ᠂ ᠠᠮᠤᠭᠤᠯᠠᠩ ᠨᠤᠳᠤᠭ ᠲᠤ ᠪᠠᠨ ᠠᠵᠠ ᠵᠢᠷᠭᠠᠯ ᠲᠠᠢ ᠠᠮᠢᠳᠤᠷᠠᠵᠦ ᠪᠠᠶᠢᠨ᠎ᠠ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号