ᠬᠠᠶᠢᠷ᠎ᠠ ᠬᠠᠷᠢᠭᠤᠴᠠᠯᠭ᠎ᠠ ᠬᠤᠶᠠᠷ ᠢᠶᠠᠷ ᠭᠡᠷᠡᠯᠳᠦᠭᠰᠡᠨ — ︽ᠰᠤᠳᠤᠨ ᠬᠠᠶᠢᠷ᠎ᠠ ᠶᠢᠨ ᠪᠦᠥᠪᠡᠢ ᠡᠵᠢ︾ ᠰᠡᠴᠡᠩᠬᠤᠸᠠᠷ
ᠨᠡᠶᠢᠲᠡᠯᠡᠭᠰᠡᠨ ᠴᠠᠭ᠄
2023/3/8
      ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠪᠠᠶᠢᠴᠠᠭᠠᠬᠤ ᠬᠤᠷᠢᠶᠠᠨ ᠤ ᠭᠤᠷᠪᠠᠳᠤᠭᠠᠷ ᠪᠠᠶᠢᠴᠠᠭᠠᠬᠤ ᠬᠡᠯᠳᠡᠰ ᠤᠨ ᠡᠷᠬᠢᠯᠡᠭᠴᠢ᠂ ᠤᠷᠤᠨ ᠲᠤᠭᠠᠳᠦ ᠪᠠᠶᠢᠴᠠᠭᠠᠬᠤ ᠲᠤᠰᠢᠶᠠᠯᠳᠠᠨ᠂ ︽ᠬᠠᠯᠠᠮᠵᠢ︾ ᠨᠠᠰᠤᠨ ᠳᠤ ᠦᠯᠦ ᠬᠦᠷᠦᠭᠰᠡᠳ ᠤᠨ ᠡᠷᠡᠭᠦᠦ ᠶᠢᠨ ᠬᠡᠷᠡᠭ ᠤᠨ ᠪᠠᠶᠢᠴᠠᠭᠠᠬᠤ ᠠᠵᠢᠯ ᠤᠨ ᠲᠠᠰᠤᠭ ᠤᠨ ᠬᠠᠷᠢᠭᠤᠴᠠᠯᠭᠠᠳᠠᠨ ᠰᠡᠴᠡᠩᠬᠤᠸᠠᠷ2020 ᠤᠨ ᠤ5 ᠰᠠᠷ᠎ᠠ ᠳᠤ ᠡᠮᠡᠭᠳᠡᠶᠢᠴᠤᠳ ᠤᠨ ᠬᠤᠯᠪᠤᠭᠠᠨ ᠠᠴᠠ ᠡᠭᠦᠰᠭᠡᠨ ᠪᠠᠶᠢᠭᠤᠯᠤᠭᠰᠠᠨ ᠦᠨᠦᠴᠢᠨ ᠦᠷᠦᠭᠡᠰᠦᠨ᠂ ᠭᠡᠷ ᠲᠤ ᠪᠠᠨ ᠬᠤᠴᠤᠷᠤᠭᠰᠠᠨ᠂ ᠶᠠᠳᠠᠭᠤ ᠬᠦᠴᠢᠷᠳᠡᠯᠳᠡᠢ ᠭᠡᠷ ᠪᠦᠯᠢ ᠶᠢᠨ ᠬᠡᠥᠬᠡᠳ ᠢ ᠬᠠᠷᠠᠭᠠᠯᠵᠠᠬᠤ ︽ᠢᠷᠦᠭᠡᠯ︾ ᠰᠠᠶᠢᠨ ᠲᠤᠷᠠᠴᠣᠳ ᠤᠨ ᠦᠢᠯᠡᠴᠢᠯᠡᠭᠡᠨ ᠤ ᠪᠦᠯᠬᠦᠮ ᠳᠤ ᠢᠳᠡᠪᠬᠢᠯᠡᠨ ᠤᠷᠤᠯᠴᠠᠵᠦ᠂ ᠠᠪᠦ ᠡᠵᠢ ᠨᠢ ᠤᠷᠤᠭ ᠰᠠᠯᠤᠭᠰᠠᠨ ᠪᠦᠭᠡᠳ ᠠᠮᠢᠳᠤᠷᠠᠯ ᠨᠢ ᠬᠦᠴᠢᠷᠳᠡᠯᠳᠡᠢ ᠢᠬᠡᠷ᠎ᠡ ᠬᠤᠶᠠᠷ ᠬᠦᠥ ᠶᠢᠨ ᠨᠢᠭᠡ ᠶᠢ  ᠨᠢ ᠭᠤᠤᠯᠳᠠᠯᠭ᠎ᠠ ᠲᠠᠢ ᠬᠠᠷᠠᠭᠠᠯᠵᠠᠵᠦ᠂ ᠭᠤᠷᠪᠠᠨ ᠵᠢᠯ ᠭᠠᠷᠤᠢ ᠶᠢᠨ ᠲᠤᠷᠰᠢ ᠬᠠᠷᠠᠭᠠᠯᠵᠠᠨ ᠲᠤᠰᠠᠯᠠᠭᠰᠠᠭᠠᠷ ᠢᠷᠡᠵᠡᠢ ᠃ ᠪᠠᠶᠠᠷ ᠲᠤᠷᠠᠰᠬᠠᠯ ᠤᠨ ᠡᠳᠦᠷ᠂ ᠬᠡᠥᠬᠡᠳ ᠤᠨ ᠲᠦᠷᠦᠭᠰᠡᠨ ᠡᠳᠦᠷ ᠢᠶᠠᠨ ᠰᠡᠴᠡᠩᠬᠤᠸᠠᠷ ᠪᠠᠶᠢᠩᠭᠤ ᠪᠡᠯᠡᠭ ᠰᠡᠯᠳᠡ᠂ ᠪᠢᠴᠢᠭ ᠤᠨ ᠬᠡᠷᠡᠭᠰᠡᠯ ᠪᠡᠯᠡᠳᠭᠡᠨ ᠬᠡᠥᠬᠡᠳ ᠢ ᠪᠠᠶᠠᠷᠯᠠᠭᠤᠯᠵᠦ᠂ ᠭᠡᠷ ᠤᠨ ᠠᠬᠠᠮᠠᠳ ᠪᠤᠯᠤᠨ ᠪᠠᠭᠰᠢ ᠨᠠᠷ  ᠠᠴᠠ ᠨᠢ ᠬᠡᠥᠬᠡᠳ ᠤᠨ ᠪᠠᠶᠢᠳᠠᠯ ᠢ ᠠᠰᠠᠭᠤᠨ ᠤᠶᠢᠯᠠᠭᠠᠵᠦ᠂ ᠬᠠᠷᠠᠭᠠᠯᠵᠠᠵᠦ ᠪᠠᠶᠢᠭ᠎ᠠ ᠬᠡᠥᠬᠡᠳ ᠤᠨ ᠢᠶᠠᠨ ᠠᠮᠢᠳᠤᠷᠠᠯ ᠰᠤᠷᠤᠯᠭ᠎ᠠ ᠶᠢᠨ ᠪᠠᠶᠢᠳᠠᠯ ᠢ ᠴᠠᠭ ᠦᠷᠭᠦᠯᠵᠢ ᠠᠩᠬᠠᠷᠤᠯ ᠳᠤ ᠪᠠᠨ ᠠᠪᠴᠦ ᠶᠠᠪᠤᠳᠠᠭ ᠪᠠᠶᠢᠨ᠎ᠠ᠃
微信图片_20230308090045.jpg
      ᠲᠡᠷᠡ ᠪᠠᠶᠢᠴᠠᠭᠠᠬᠤ ᠬᠤᠷᠢᠶᠠᠨ ᠤ ᠠᠵᠢᠯ ᠤᠨ ᠬᠡᠷᠡᠭᠴᠡᠭᠡᠨ ᠠᠴᠠ ᠡᠭᠦᠰᠭᠡᠨ ᠪᠠᠶᠢᠭᠤᠯᠤᠭᠰᠠᠨ ︽ᠬᠠᠯᠠᠮᠵᠢ︾ ᠨᠤᠰᠤᠨ ᠳᠤ ᠦᠯᠦ ᠬᠦᠷᠦᠭᠰᠡᠳ ᠤᠨ ᠡᠷᠡᠭᠦᠦ ᠶᠢᠨ ᠬᠡᠷᠡᠭ ᠤᠨ ᠪᠠᠶᠢᠴᠠᠭᠠᠬᠤ ᠠᠵᠢᠯ ᠤᠨ ᠲᠠᠰᠤᠭ ᠤᠨ ᠬᠠᠷᠢᠭᠤᠴᠠᠯᠭᠠᠳᠠᠨ ᠪᠠᠶᠢᠵᠦ᠂ ᠲᠠᠪᠤᠨ ᠡᠮᠡᠭᠳᠡᠢ ᠪᠠᠶᠢᠴᠠᠭᠠᠭᠴᠢ ᠨᠠᠰᠤᠨ ᠳᠤ ᠦᠯᠦ ᠬᠦᠷᠦᠭᠰᠡᠳ ᠲᠤ ᠬᠠᠥᠯᠢ ᠴᠠᠭᠠᠵᠠ ᠶᠢᠨ ᠮᠡᠳᠡᠯᠭᠡ ᠲᠦᠭᠡᠮᠡᠯᠵᠢᠭᠦᠯᠬᠦ᠂ ᠡᠯ᠎ᠡ ᠲᠤᠮᠳᠠ ᠪᠠᠭ᠎ᠠ ᠰᠤᠷᠭᠠᠭᠤᠯᠢ ᠪᠠᠷ ᠬᠦᠷᠴᠦ ᠬᠤᠤᠰ ᠬᠡᠯᠡ ᠪᠠᠷ ᠬᠠᠥᠯᠢ ᠴᠠᠭᠠᠵᠠ ᠶᠢᠨ ᠰᠤᠷᠭᠠᠨ ᠬᠦᠮᠦᠵᠢᠯ ᠤᠨ ᠬᠢᠴᠢᠶᠡᠯ ᠤᠷᠤᠬᠤ᠂ ᠠᠮᠢᠳᠤᠷᠠᠯ ᠬᠦᠴᠢᠷᠳᠡᠯᠳᠡᠢ᠂ ᠰᠡᠳᠬᠢᠯ ᠤᠨ ᠭᠠᠵᠢᠭ ᠲᠠᠢ ᠨᠠᠰᠤᠨ ᠳᠤ ᠦᠯᠦ ᠬᠦᠷᠦᠭᠰᠡᠳ ᠢ ᠬᠠᠯᠠᠮᠵᠢᠯᠠᠨ ᠬᠠᠮᠠᠭᠠᠯᠠᠬᠤ ᠵᠡᠷᠭᠡ ᠤᠯᠠᠨ ᠰᠠᠶᠢᠬᠠᠨ ᠠᠵᠢᠯᠯᠠᠭ᠎ᠠ ᠶᠠᠪᠤᠭᠳᠠᠭᠤᠯᠳᠠᠭ᠃      ᠰᠡᠴᠡᠩᠬᠤᠸᠠᠷ ᠦᠨᠳᠦᠷ ᠬᠠᠷᠢᠭᠤᠴᠠᠯᠭᠠᠳᠦ ᠤᠪᠤᠷ ᠢᠶᠠᠷ ᠪᠠᠶᠢᠴᠠᠭᠠᠬᠤ ᠲᠤᠰᠢᠶᠠᠯᠳᠠᠨ ᠤ ᠪᠠᠨ ᠠᠵᠢᠯ ᠳᠤ ᠭᠠᠪᠰᠢᠭᠠᠶᠢᠯᠠᠬᠤ ᠶᠢᠨ ᠬᠠᠮᠳᠦ᠂ ᠦᠨᠢᠷ ᠶᠡᠭᠡ ᠬᠠᠶᠢᠷ᠎ᠠ ᠪᠠᠷ ᠤᠯᠠᠨ ᠬᠡᠥᠬᠡᠳ ᠤᠨ ᠴᠢᠷᠠᠢ ᠳᠤ ᠮᠢᠰᠢᠶᠡᠯ ᠲᠤᠳᠤᠷᠠᠭᠤᠯᠵᠦ᠂ ᠬᠠᠶᠢᠷ᠎ᠠ ᠬᠠᠯᠠᠮᠵᠢ ᠲᠤᠳᠠᠭᠰᠠᠨ ᠬᠡᠥᠬᠡᠳ ᠤᠨ ᠰᠡᠳᠭᠢᠯ ᠳᠤ ᠨᠡᠶᠢᠭᠡᠮ ᠬᠡᠭᠦ ᠶᠡᠭᠡ ᠭᠡᠷ ᠪᠦᠯᠢ ᠶᠢᠨ ᠬᠠᠶᠢᠷ᠎ᠠ ᠬᠠᠯᠠᠮᠵᠢ ᠶᠢ ᠮᠡᠳᠡᠷᠡᠭᠦᠯᠦᠨ ︽ᠬᠠᠯᠠᠮᠵᠢ︾ ᠶᠢᠨ ᠬᠠᠮᠳᠦ ᠤᠯᠠᠨ ᠢᠶᠠᠨ ᠲᠠᠭᠠᠭᠤᠯᠤᠨ᠂ ᠪᠠᠭᠠᠴᠤᠳ ᠬᠡᠥᠬᠡᠳ ᠤᠨ ᠲᠤᠮᠳᠠ ᠭᠦᠨᠵᠡᠭᠡᠶᠢᠷᠡᠵᠦ᠂ ᠬᠡᠥᠬᠡᠳ ᠲᠠᠢ ᠲᠤᠳᠤᠨᠤ ᠪᠠᠷ ᠬᠠᠷᠢᠯᠴᠠᠨ᠂ ᠲᠡᠳᠡᠨ ᠤ ᠰᠡᠳᠭᠢᠯ ᠤᠨ ᠲᠡᠭᠤᠨ ᠢ ᠰᠤᠨᠤᠰᠴᠦ᠂ ᠬᠠᠥᠯᠢ ᠴᠠᠭᠠᠵᠠ ᠶᠢ ᠴᠢᠩᠭ᠎ᠠ ᠰᠠᠬᠢᠬᠤ᠂ ᠶᠤᠰᠤ ᠲᠦᠷᠢᠮ ᠢ ᠵᠢᠷᠤᠮᠯᠠᠬᠤ ᠤᠯᠠᠨ ᠣᠳᠠᠭᠠᠨ  ᠤ ᠶᠠᠷᠢᠶ᠎ᠠ ᠢᠯᠡᠳᠭᠡᠯ᠂ ᠬᠠᠥᠯᠢ ᠴᠠᠭᠠᠵᠠ ᠲᠦᠭᠡᠮᠡᠯᠵᠢᠭᠦᠯᠬᠦ ᠪᠤᠯᠪᠠᠰᠤᠷᠠᠯ ᠬᠢᠭᠰᠡᠨ ᠶᠤᠮ᠃
      ᠰᠡᠴᠡᠩᠬᠤᠸᠠᠷ ᠨᠢᠭᠡᠨ ᠬᠢᠷᠢ ᠲᠡᠩᠴᠡᠭᠰᠡᠨ ᠪᠠᠶᠢᠴᠠᠭᠠᠬᠤ ᠲᠤᠰᠢᠶᠠᠯᠳᠠᠨ ᠪᠤᠯᠤᠭᠰᠠᠨ ᠤ ᠬᠤᠪᠢ ᠳᠤ ᠦᠨᠳᠦᠷ ᠬᠠᠷᠢᠭᠤᠴᠠᠯᠭᠠᠳᠦ ᠤᠪᠤᠷ ᠢᠶᠠᠷ ᠠᠵᠢᠯ ᠳᠤ ᠪᠠᠨ ᠬᠠᠨᠳᠤᠬᠤ ᠶᠢᠨ ᠬᠠᠮᠳᠦ ᠴᠠᠭ ᠢᠮᠠᠭᠳᠠ ᠨᠠᠰᠤᠨ ᠳᠤ ᠦᠯᠦ ᠬᠦᠷᠦᠭᠰᠡᠳ ᠢ ᠬᠠᠯᠠᠮᠵᠢᠯᠠᠨ ᠬᠠᠶᠢᠷᠠᠯᠠᠵᠦ᠂ ᠲᠡᠳᠡᠨ ᠳᠤ ᠶᠤᠰᠤ ᠮᠤᠷᠠᠯ ᠲᠠᠢ᠂ ᠬᠠᠥᠯᠢ ᠴᠠᠭᠠᠵᠠ ᠶᠢ ᠵᠢᠷᠤᠮᠯᠠᠨ ᠰᠠᠬᠢᠳᠠᠭ ᠵᠦᠪ ᠬᠦᠮᠦᠵᠢᠯ ᠲᠠᠢ ᠢᠷᠭᠡᠨ ᠪᠤᠯᠵᠦ ᠬᠦᠮᠦᠵᠢᠭᠳᠡᠬᠦ ᠠᠩᠬᠠᠨ ᠤ ᠠᠯᠬᠤᠮ ᠤᠨ ᠬᠦᠮᠦᠵᠢᠯ ᠢ ᠰᠠᠶᠢᠳᠤᠷ ᠬᠢᠵᠦ᠂ ᠠᠵᠢᠯ ᠤᠨ ᠲᠤᠮᠳᠠ ᠪᠠᠨ ᠴᠦ ᠤᠷᠴᠢᠨ ᠲᠤᠭᠤᠷᠢᠨ ᠤ ᠪᠠᠨ ᠨᠡᠩ ᠤᠯᠠᠨ ᠬᠦᠮᠦᠰ ᠢ ᠤᠷᠢᠶᠠᠯᠠᠨ ᠲᠠᠶᠢᠴᠢᠯᠠᠵᠦ᠂ ᠶᠠᠳᠠᠭᠤ ᠬᠦᠴᠢᠷᠳᠡᠯᠳᠡᠢ ᠬᠡᠶᠢᠬᠡᠳ ᠪᠠᠭᠠᠴᠤᠳ ᠢ ᠲᠡᠳᠭᠦᠨ ᠲᠠᠮᠵᠢᠵᠦ᠂ ᠨᠡᠩ ᠤᠯᠠᠨ ᠬᠡᠥᠬᠡᠳ ᠲᠤ ᠨᠡᠶᠢᠭᠡᠮ ᠨᠡᠶᠢᠳᠡ ᠶᠢᠨ ᠬᠠᠶᠢᠷ᠎ᠠ ᠬᠠᠯᠠᠮᠵᠢ ᠶᠢ ᠮᠡᠳᠡᠷᠡᠭᠦᠯᠵᠦ ᠶᠠᠪᠤᠳᠠᠭ ᠢᠶᠠᠷ ᠢᠶᠠᠨ2022 ᠤᠨ ᠤ12 ᠰᠠᠷ᠎ᠠ ᠳᠤ ᠦᠪᠡᠷᠳᠡᠭᠡᠨ ᠵᠠᠰᠠᠬᠤ ᠤᠷᠤᠨ ᠤ ︽ᠰᠤᠳᠤᠨ ᠬᠠᠶᠢᠷ᠎ᠠ ᠶᠢᠨ ᠪᠦᠥᠪᠡᠢ ᠡᠵᠢ︾ ᠬᠡᠮᠡᠬᠦ ᠢᠷᠠᠭᠤ ᠠᠯᠳᠠᠷ ᠢ ᠬᠦᠷᠳᠡᠭᠰᠡᠨ ᠪᠠᠶᠢᠨ᠎ᠠ᠃ ᠡᠨᠡᠬᠦ ᠬᠠᠶᠢᠷ᠎ᠠ ᠬᠠᠷᠢᠭᠤᠴᠠᠯᠭ᠎ᠠ ᠬᠤᠶᠠᠷ ᠢᠶᠠᠷ ᠦᠪᠡᠷ ᠢ ᠪᠠᠨ ᠴᠢᠮᠡᠭᠰᠡᠨ ︽ᠰᠣᠳᠣᠨ ᠬᠠᠶᠢᠷ᠎ᠠ ᠶᠢᠨ ᠪᠦᠥᠪᠡᠢ ᠡᠵᠢ︾ ᠨᠡᠩ ᠤᠯᠠᠨ ᠬᠡᠥᠬᠡᠳ ᠤᠨ ᠰᠡᠳᠭᠢᠯ ᠳᠤ ᠬᠠᠶᠢᠷ᠎ᠠ ᠶᠢᠨ ᠨᠠᠷᠠ ᠪᠠᠨ ᠮᠠᠨᠳᠤᠭᠤᠯᠬᠤ  ᠪᠠᠷ ᠴᠢᠷᠮᠠᠶᠢᠨ ᠠᠵᠢᠯᠯᠠᠭᠰᠠᠭᠠᠷ ᠪᠠᠶᠢᠨ᠎ᠠ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号