ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤ ᠰᠤᠷᠭᠠᠨ ᠬᠦᠮᠦᠵᠢᠯ ᠤᠨ ᠰᠠᠭᠤᠷᠢ ᠲᠦᠬᠦᠭᠡᠷᠦᠮᠵᠢ ᠪᠠᠨ ᠲᠡᠭᠦᠯᠳᠡᠷᠵᠢᠭᠦᠯᠦᠨ ᠰᠤᠷᠭᠠᠨ ᠬᠦᠮᠦᠵᠢᠯ ᠤᠨ ᠴᠢᠨᠠᠷ ᠰᠠᠶᠢᠳᠠᠢ ᠬᠦᠭᠵᠢᠯᠳᠡ ᠳᠤ ᠪᠠᠳᠤᠯᠠᠭ᠎ᠠ ᠬᠠᠩᠭᠠᠵᠦ ᠪᠠᠶᠢᠨ᠎ᠠ
ᠨᠡᠶᠢᠲᠡᠯᠡᠭᠰᠡᠨ ᠴᠠᠭ᠄
2023/12/4
      ᠤᠶᠢᠷ᠎ᠠ ᠶᠢᠨ ᠵᠢᠯ ᠳᠤ ᠲᠠᠷᠬᠠᠨ ᠮᠤᠤᠮᠢᠩᠭᠠᠨ ᠬᠤᠰᠢᠭᠤ ᠰᠤᠷᠭᠠᠨ ᠬᠦᠮᠦᠵᠢᠯ ᠤᠨ ᠤᠷᠤᠭᠤᠯᠤᠯᠳᠠ ᠶᠢᠨ ᠡᠷᠴᠢᠮ ᠢᠶᠠᠨ ᠲᠠᠰᠤᠷᠠᠯᠳᠠ ᠦᠬᠡᠢ ᠴᠢᠩᠭᠠᠳᠬᠠᠵᠦ᠂ ᠰᠤᠷᠭᠠᠨ ᠬᠦᠮᠦᠵᠢᠯ ᠤᠨ ᠰᠠᠭᠤᠷᠢ ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠶᠢ ᠲᠦᠷᠭᠡᠳᠭᠡᠨ ᠲᠡᠭᠦᠯᠳᠡᠷᠵᠢᠭᠦᠯᠵᠦ᠂ ᠪᠦᠬᠦ ᠬᠤᠰᠢᠭᠤᠨ ᠤ ᠡᠯ᠎ᠡ ᠲᠤᠮᠳᠠᠳᠦ ᠪᠠᠭ᠎ᠠ ᠰᠣᠷᠭᠠᠭᠤᠯᠢ᠂ ᠬᠡᠥᠬᠡᠳ ᠤᠨ ᠴᠡᠴᠡᠷᠯᠢᠭ ᠤᠨ ᠵᠢᠭᠠᠨ ᠰᠤᠷᠭᠠᠯᠳᠠ ᠶᠢᠨ ᠲᠦᠬᠦᠭᠡᠷᠦᠮᠵᠢ ᠶᠢ ᠲᠠᠰᠤᠷᠠᠯᠳᠠ ᠦᠭᠡᠢ ᠲᠡᠭᠦᠯᠳᠡᠷᠵᠢᠭᠦᠯᠦᠨ ᠲᠡᠰ ᠲᠡᠪᠰᠢᠭᠦᠯᠵᠦ᠂ ᠰᠢᠯᠢᠳᠡᠭ ᠰᠠᠶᠢᠨ ᠰᠤᠷᠭᠠᠨ ᠬᠦᠮᠦᠵᠢᠯ ᠤᠨ ᠤᠷᠴᠢᠨ ᠲᠤᠭᠤᠷᠢᠨ᠂ ᠰᠢᠯᠢᠳᠡᠭ ᠰᠠᠶᠢᠨ ᠰᠤᠷᠭᠠᠨ ᠬᠦᠮᠦᠵᠢᠯ ᠤᠨ ᠡᠬᠢ ᠪᠠᠶᠠᠯᠢᠭ ᠲᠠᠢ ᠪᠤᠯᠭᠠᠨ᠂ ᠪᠦᠬᠦ ᠬᠤᠰᠢᠭᠤᠨ ᠤ ᠰᠤᠷᠭᠠᠨ ᠬᠦᠮᠦᠵᠢᠯ ᠤᠨ ᠴᠢᠨᠠᠷ ᠰᠠᠶᠢᠳᠠᠢ ᠬᠦᠭᠵᠢᠯᠳᠡ ᠳᠤ ᠪᠠᠳᠤ ᠴᠢᠩᠭ᠎ᠠ ᠪᠠᠳᠤᠯᠠᠭ᠎ᠠ ᠬᠠᠩᠭᠠᠪᠠ᠃
      ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠪᠠᠳᠤᠬᠠᠭᠠᠯᠭ᠎ᠠ ᠶᠢᠨ ᠨᠢᠭᠡᠳᠦᠭᠡᠷ ᠪᠠᠭ᠎ᠠ ᠰᠤᠷᠭᠠᠭᠤᠯᠢ  ᠶᠢᠨ ᠴᠡᠪᠡᠷ ᠴᠡᠮᠴᠡᠭᠡᠷ ᠰᠤᠷᠭᠠᠭᠤᠯᠢ ᠶᠢᠨ ᠬᠦᠷᠢᠶᠡᠨ ᠤ ᠤᠷᠴᠢᠨ ᠲᠤᠭᠤᠷᠢᠨ ᠬᠦᠮᠦᠰ ᠤᠨ ᠨᠢᠳᠦ ᠶᠢ ᠬᠡᠷᠡᠯᠳᠦᠭᠦᠯᠵᠦ ᠂ ᠢᠯᠡᠩᠭᠤᠶ᠎ᠠ ᠦᠷᠭᠡᠳᠭᠡᠨ ᠪᠠᠶᠢᠭᠤᠯᠤᠭᠰᠠᠨ ᠤ ᠲᠠᠷᠭᠠᠬᠢ ᠲᠠᠮᠢᠷ ᠤᠨ ᠲᠠᠯᠠᠪᠠᠢ ᠳᠤ ᠲᠤᠭᠤᠰᠬᠠᠨ ᠤᠯᠠᠭᠠᠨ ᠦᠩᠭᠡ  ᠲᠠᠢ ᠬᠦᠶᠦᠯᠳᠡ ᠶᠢᠨ ᠵᠠᠮ᠂ ᠨᠤᠭᠤᠭᠠᠨ ᠬᠦᠯ ᠪᠦᠮᠪᠦᠭᠡ ᠶᠢᠨ ᠲᠠᠯᠠᠪᠠᠢ ᠨᠢ ᠪᠦᠬᠦᠶᠢᠯᠡ ᠰᠤᠷᠭᠠᠭᠤᠯᠢ ᠶᠢᠨ ᠬᠦᠷᠢᠶᠡᠨ  ᠤ ᠤᠷᠴᠢᠨ ᠲᠤᠭᠤᠷᠢᠨ ᠢ ᠨᠡᠩ ᠭᠤᠶᠤ ᠰᠠᠶᠢᠬᠠᠨ ᠪᠤᠯᠭᠠᠭᠰᠠᠨ ᠪᠠᠶᠢᠨ᠎ᠠ᠃ ᠬᠢᠴᠢᠶᠡᠯ ᠤᠨ ᠵᠠᠪᠰᠠᠷᠠᠯᠠᠭ᠎ᠠ ᠶᠢᠨ ᠬᠤᠭᠤᠴᠠᠭᠠᠨ ᠳᠤ ᠬᠡᠥᠬᠡᠳ ᠤᠳ ᠲᠠᠮᠢᠷ ᠤᠨ ᠲᠠᠯᠠᠪᠠᠢ ᠳᠤ ᠪᠠᠶᠠᠷ ᠪᠠᠶ᠋ᠰᠬᠤᠯᠠᠩ ᠲᠠᠢ ᠨᠠᠭᠠᠳᠴᠦ ᠪᠠᠶᠢᠯ᠎ᠠ᠃ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠪᠠᠳᠤᠬᠠᠭᠠᠯᠭ᠎ᠠ ᠶᠢᠨ ᠨᠢᠭᠡᠳᠦᠭᠡᠷ ᠪᠠᠭ᠎ᠠ ᠰᠤᠷᠭᠠᠭᠤᠯᠢ ᠶᠢᠨ ᠲᠡᠳ᠋ ᠵᠠᠬᠢᠷᠤᠯ ᠭᠦᠸᠧ ᠼᠦᠢ ᠫᠢᠩ᠄ ︽ᠵᠢᠯ ᠰᠢᠬᠠᠮ ᠤᠨ ᠪᠦᠳᠦᠭᠡᠨ ᠪᠠᠶᠢᠭᠤᠯᠣᠯᠳᠠ ᠪᠡᠢ ᠲᠠᠮᠵᠢᠨ᠂ ᠮᠠᠨ ᠤ ᠰᠢᠨ᠎ᠡ ᠲᠠᠮᠢᠷ ᠤᠨ ᠲᠠᠯᠠᠪᠠᠢ ᠵᠢᠩᠭᠢᠨᠢ ᠪᠠᠷ ᠪᠠᠷᠢᠯᠭ᠎ᠠ ᠲᠠᠭᠤᠰᠴᠦ᠂ ᠬᠡᠥᠬᠡᠳ ᠤᠳ ᠬᠢᠴᠢᠶᠡᠯ ᠪᠠᠭᠤᠪᠠᠯ ᠨᠤᠭᠤᠭᠠᠨ ᠵᠦᠯᠭᠡᠨ ᠲᠡᠭᠡᠷ᠎ᠡ ᠨᠠᠭᠠᠳᠴᠦ᠂ ᠲᠠᠮᠢᠷ ᠤᠨ ᠬᠢᠴᠢᠶᠡᠯ ᠲᠡᠭᠡᠷ᠎ᠡ ᠪᠠᠭᠰᠢ ᠨᠠᠷ ᠴᠦ ᠬᠡᠥᠬᠡᠳ ᠤᠳ ᠤᠨ ᠰᠢᠨ᠎ᠡ ᠤᠷ᠎ᠠ ᠮᠡᠷᠭᠡᠵᠢᠯ ᠢ ᠪᠤᠯᠪᠠᠰᠤᠷᠠᠭᠤᠯᠵᠦ᠂ ᠬᠤᠶᠢᠰᠢᠳᠠ ᠪᠢᠳᠠ ᠦᠷᠭᠦᠯᠵᠢᠯᠡᠨ ᠨᠤᠮ ᠪᠢᠴᠢᠭ ᠤᠩᠰᠢᠬᠤ᠂ ᠪᠡᠶ᠎ᠡ ᠲᠠᠮᠢᠷ ᠤᠨ ᠬᠦᠳᠡᠯᠭᠡᠭᠡᠨ  ᠢ ᠤᠷᠳᠦ ᠬᠤᠭᠤᠴᠠᠭ᠎ᠠ ᠪᠠᠷ ᠠᠳᠬᠤᠬᠤ ᠶᠢ ᠬᠤᠶᠠᠷ ᠶᠡᠭᠡ ᠶᠠᠪᠤᠳᠠᠯ ᠪᠤᠯᠭᠠᠵᠦ᠂ ᠲᠠᠯᠠᠪᠠᠢ ᠶᠢ ᠭᠦᠢᠴᠡᠳ ᠠᠰᠢᠭᠯᠠᠨ ᠂ ᠶᠤᠰᠤ ᠮᠤᠷᠠᠯ ᠤᠶᠤᠨ ᠤᠬᠠᠭᠠᠨ ᠪᠡᠶ᠎ᠡ ᠮᠠᠬᠠᠪᠤᠳ ᠭᠤᠸ᠎ᠠ ᠰᠠᠶᠢᠬᠠᠨ ᠬᠦᠳᠡᠯᠮᠦᠷᠢ ᠪᠦᠬᠦ ᠲᠠᠯ᠎ᠠ ᠪᠠᠷ ᠬᠦᠭᠵᠢᠭᠰᠡᠨ ᠰᠢᠨ᠎ᠡ ᠴᠠᠭ ᠦᠶ᠎ᠡ ᠶᠢᠨ ᠰᠠᠶᠢᠨ ᠪᠠᠭᠠᠴᠤᠳ ᠢ ᠬᠦᠮᠦᠵᠢᠭᠦᠯᠦᠨ᠎ᠡ︾ ᠭᠡᠵᠡᠢ᠃      ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠲᠤᠷᠰᠢᠯᠳᠠ ᠶᠢᠨ ᠲᠤᠮᠳᠠᠳᠦ ᠰᠤᠷᠭᠠᠭᠤᠯᠢ ᠶᠢᠨ ᠪᠠᠭᠰᠢ ᠨᠠᠷ ᠤᠶᠤᠨᠳᠦ ᠰᠠᠮᠪᠠᠷ᠎ᠠ ᠶᠢ ᠪᠤᠯᠪᠠᠰᠤᠷᠠᠩᠭᠤᠢ ᠬᠡᠷᠡᠭᠯᠡᠨ ᠵᠢᠭᠠᠨ ᠰᠤᠷᠭᠠᠯᠳᠠ ᠬᠢᠵᠦ᠂ ᠪᠠᠭᠰᠢ ᠰᠤᠷᠤᠭᠴᠢᠳ ᠬᠤᠭᠤᠷᠤᠨᠳᠦ ᠪᠠᠨ ᠤᠯᠠᠨᠳᠠ ᠬᠦᠳᠡᠯᠦᠯᠴᠡᠵᠦ᠂ ᠵᠢᠭᠠᠨ ᠰᠤᠷᠭᠠᠯᠳᠠ ᠶᠢᠨ ᠶᠠᠪᠤᠴᠠ ᠨᠢ ᠨᠨᠡᠭ ᠠᠮᠢᠳᠤᠯᠢᠭ᠂ ᠨᠡᠩ ᠴᠢᠯᠦᠭᠡᠳᠡᠢ ᠪᠤᠯᠵᠦ᠂ ᠵᠢᠭᠠᠨ ᠰᠤᠷᠭᠠᠯᠳᠠ ᠶᠢᠨ ᠦᠷ᠎ᠡ ᠪᠦᠳᠦᠮᠵᠢ ᠨᠢ ᠴᠦ ᠮᠠᠰᠢ ᠶᠡᠭᠡ ᠲᠡᠭᠡᠭᠰᠢᠯᠡᠯᠳᠡ ᠲᠠᠢ ᠪᠤᠯᠪᠠ᠃ ︽ᠤᠶᠤᠨᠳᠦ ᠰᠠᠮᠪᠠᠷ᠎ᠠ ᠶᠢ ᠬᠡᠷᠡᠭᠯᠡᠭᠰᠡᠨ ᠠᠴᠠ ᠪᠢᠳᠡ ᠰᠤᠷᠤᠯᠴᠠᠬᠤ ᠳᠤ ᠨᠡᠩ ᠲᠦᠬᠦᠮ ᠲᠦᠳᠡ ᠪᠤᠯᠵᠦ᠂ ᠭᠸᠦᠮᠧᠲᠷᠢ ᠶᠢᠨ ᠵᠢᠷᠤᠭ ᠲᠦᠷᠰᠦ ᠶᠢ ᠲᠠᠬᠢᠨ ᠲᠦᠰᠦᠭᠯᠡᠨ ᠪᠤᠳᠤᠬᠤ ᠳᠤ ᠲᠦᠰᠢᠭᠯᠡᠬᠦ ᠴᠢᠬᠤᠯᠠ ᠦᠭᠡᠢ ᠪᠤᠯᠵᠦ᠂ ᠴᠠᠭᠠᠨ ᠰᠠᠮᠪᠠᠷ᠎ᠠ ᠶᠢ ᠬᠦᠩᠭᠡᠭᠡᠨ ᠰᠢᠭ ᠲᠠᠯᠪᠢᠪᠠᠯ ᠵᠢᠷᠤᠭ ᠲᠦᠷᠰᠦ ᠶᠢᠨ ᠬᠦᠳᠡᠯᠭᠡᠭᠡᠨ ᠪᠤᠯᠤᠨ ᠬᠤᠪᠢᠷᠠᠯᠳᠠ ᠨᠢᠳᠦᠨ ᠡᠮᠦᠨ᠎ᠡ ᠲᠤᠳᠤᠷᠠᠵᠦ᠂ ᠬᠢᠴᠢᠶᠡᠯ ᠤᠨ ᠲᠠᠩᠬᠢᠮ ᠤᠯᠠᠮ ᠪᠠᠶᠠᠯᠢᠭ ᠠᠮᠢᠳᠤᠯᠢᠭ ᠪᠤᠯᠵᠦ᠂ ᠪᠢᠳᠡᠨ ᠤ ᠰᠤᠷᠤᠯᠴᠠᠬᠤ ᠤᠷᠮ᠎ᠠ ᠵᠤᠷᠢᠭ ᠤᠷᠭᠢᠯᠵᠦ᠂ ᠰᠤᠷᠤᠯᠴᠠᠬᠤ ᠠᠭᠤᠷ ᠠᠮᠢᠰᠬᠤᠯ ᠶᠢᠨ ᠤᠯᠠᠮ ᠠᠴᠠ ᠤᠯᠠᠮ ᠰᠠᠶᠢᠵᠢᠷᠠᠵᠠᠢ︾ ᠭᠡᠵᠦ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠲᠤᠷᠰᠢᠯᠳᠠ ᠶᠢᠨ ᠲᠤᠮᠳᠠᠳᠦ ᠰᠤᠷᠭᠠᠭᠤᠯᠢ ᠶᠢᠨ ᠠᠩᠬ᠎ᠠ ᠵᠡᠷᠭᠡ  ᠶᠢᠨ ᠲᠤᠮᠳᠠᠳᠦ ᠰᠤᠷᠭᠠᠭᠤᠯᠢ ᠶᠢᠨ ᠨᠢᠭᠡᠳᠦᠭᠡᠷ ᠤᠨ ᠤ ᠰᠤᠷᠤᠭᠴᠢ ᠳ᠋ᠤᠸᠠᠨ ᠪᠦ᠋ ᠸᠧᠨ ᠪᠠᠶᠠᠷᠳᠠᠢ ᠪᠠᠷ ᠰᠤᠷᠪᠤᠯᠵᠢᠯᠠᠭᠴᠢ ᠳᠤ ᠬᠡᠯᠡᠪᠡ᠃ ᠤᠯᠠᠮᠵᠢᠯᠯᠠᠳᠦ ᠰᠠᠮᠪᠠᠷ᠎ᠠ ᠶᠢᠨ ᠵᠢᠭᠠᠨ ᠰᠤᠷᠭᠠᠯᠳᠠ ᠲᠠᠢ ᠬᠠᠷᠢᠴᠠᠭᠤᠯᠪᠠᠯ᠂ ᠤᠶᠤᠨᠳᠦ ᠰᠠᠮᠪᠠᠷ᠎ᠠ ᠶᠢᠨ ᠮᠠᠨ ᠤ ᠬᠤᠰᠢᠭᠤᠨ ᠤ ᠡᠯ᠎ᠡ ᠲᠤᠮᠳᠠᠳᠦ ᠪᠠᠭ᠎ᠠ ᠰᠤᠷᠭᠠᠭᠤᠯᠢ ᠳᠠᠬᠢ ᠬᠡᠷᠡᠭᠯᠡᠯᠳᠡ ᠨᠢ ᠵᠢᠭᠠᠨ ᠰᠤᠷᠭᠠᠯᠳᠠ ᠳᠤ ᠨᠡᠩ ᠶᠡᠭᠡ ᠲᠦᠭᠦᠮ ᠦᠵᠡᠭᠦᠯᠵᠦ᠂ ᠪᠠᠭᠰᠢ ᠨᠢ ᠤᠶᠤᠨᠳᠦ ᠰᠠᠮᠪᠠᠷ᠎ᠠ ᠳᠤ ᠪᠢᠴᠢᠬᠦ᠂ ᠵᠡᠭᠦᠯᠳᠡ ᠬᠠᠳᠠᠬᠤ᠂ ᠵᠢᠷᠤᠭ ᠲᠦᠷᠰᠦ ᠪᠠ ᠬᠦᠰᠦᠨᠦᠭ ᠨᠠᠶᠢᠷᠠᠭᠤᠯᠬᠤ ᠵᠡᠷᠭᠡ ᠴᠢᠳᠠᠮᠵᠢ ᠶᠢ ᠬᠢᠯᠪᠠᠷᠬᠠᠨ ᠢᠶᠠᠷ ᠪᠡᠶᠡᠯᠡᠭᠦᠯᠵᠦ᠂ ᠵᠢᠭᠠᠨ ᠰᠤᠷᠭᠠᠯᠳᠠ ᠶᠢᠨ ᠲᠤᠮᠳᠠᠬᠢ ᠭᠤᠤᠯᠳᠠᠯᠭ᠎ᠠ ᠲᠠᠢ ᠠᠭᠤᠯᠭ᠎ᠠ ᠶᠢ ᠪᠠᠰᠠ ᠠᠰ ᠲᠤᠨᠢ ᠶᠡᠬᠡᠰᠬᠡᠬᠦ ᠪᠠ ᠲᠤᠪᠤᠶᠢᠯᠭᠠᠨ ᠢᠯᠡᠷᠡᠭᠦᠯᠬᠦ ᠶᠢ ᠪᠡᠶᠡᠯᠡᠭᠦᠯᠵᠦ ᠪᠤᠯᠤᠨ᠎ᠠ᠃ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠲᠤᠷᠰᠢᠯᠳᠠ ᠶᠢᠨ ᠲᠤᠮᠳᠠᠳᠦ ᠰᠤᠷᠭᠠᠭᠤᠯᠢ ᠶᠢᠨ ᠮᠢ ᠯᠢ ᠰᠢᠶᠠ ᠪᠠᠭᠰᠢ᠄ ︽ᠪᠢᠳᠡ ᠵᠢᠭᠠᠨ ᠰᠤᠷᠭᠠᠯᠳᠠ ᠶᠢᠨ ᠶᠠᠪᠤᠴᠠ ᠳᠤ ᠬᠢᠴᠢᠶᠡᠯ ᠤᠨ ᠬᠡᠷᠡᠭᠰᠡᠯ ᠵᠡᠷᠭᠡ ᠠᠭᠤᠯᠭ᠎ᠠ ᠶᠢ ᠤᠶᠤᠨᠳᠦ ᠰᠠᠮᠪᠠᠷ᠎ᠠ ᠲᠡᠭᠡᠷ᠎ᠡ ᠨᠢᠭᠡᠳ ᠨᠢᠭᠡ ᠪᠠᠷ ᠢᠯᠡᠷᠡᠭᠦᠯᠵᠦ᠂ ᠵᠢᠭᠠᠨ ᠰᠤᠷᠭᠠᠯᠳᠠ ᠶᠢᠨ ᠭᠤᠭᠴᠤᠭ᠎ᠠ ᠲᠤᠳᠤᠷᠬᠠᠢ᠂ ᠬᠢᠴᠢᠶᠡᠯ ᠤᠨ ᠲᠠᠩᠬᠢᠮ ᠤᠨ ᠪᠦᠳᠦᠴᠡ ᠴᠢᠩᠭ᠎ᠠ ᠨᠢᠮᠪᠠᠢ᠂ ᠬᠦᠨᠳᠦ ᠬᠦᠴᠢᠷ ᠠᠰᠠᠭᠤᠳᠠᠯ ᠲᠤᠪᠤᠶᠢᠮ᠎ᠠ ᠪᠠᠶᠢᠵᠦ᠂ ᠵᠢᠭᠠᠨ ᠰᠤᠷᠭᠠᠯᠳᠠ ᠶᠢᠨ ᠡᠬᠢ ᠪᠠᠶᠠᠯᠢᠭ ᠨᠡᠩ ᠡᠯᠪᠡᠭ ᠪᠠᠶᠠᠯᠢᠭ ᠪᠤᠯᠵᠠᠢ᠃ ᠡᠭᠦᠨ ᠠᠴᠠ ᠭᠠᠳᠠᠨ᠎ᠠ᠂ ᠤᠶᠤᠨᠳᠦ ᠰᠠᠮᠪᠠᠷ᠎ᠠ ᠨᠢ ᠰᠤᠷᠤᠭᠴᠢ ᠶᠢᠨ ᠦᠪᠡᠷᠮᠢᠴᠡ ᠴᠢᠨᠠᠷ ᠤᠨ ᠦᠨᠡᠯᠡᠯᠳᠡ ᠶᠢ ᠪᠡᠶᠡᠯᠡᠭᠦᠯᠵᠦ᠂ ᠪᠢᠳᠡ ᠰᠤᠷᠤᠭᠴᠢ ᠶᠢᠨ ᠬᠢᠴᠢᠶᠡᠯ ᠤᠨ ᠲᠠᠩᠬᠢᠮ ᠳᠠᠬᠢ ᠰᠤᠷᠤᠯᠴᠠᠯᠭ᠎ᠠ ᠶᠢᠨ ᠲᠡᠮᠳᠡᠭᠯᠡᠯ ᠪᠠ ᠬᠠᠷᠢᠯᠴᠠᠨ ᠦᠢᠯᠡᠳᠦᠯᠴᠡᠭᠰᠡᠨ ᠪᠠᠶᠢᠳᠠᠯ ᠢ ᠦᠨᠳᠦᠰᠦᠯᠡᠨ ᠦᠪᠡᠷᠮᠢᠴᠡ ᠴᠢᠨᠠᠷ ᠤᠨ ᠦᠨᠡᠯᠡᠯᠳᠡ ᠬᠢᠵᠦ ᠪᠤᠯᠤᠨ᠎ᠠ᠃ ᠰᠤᠷᠤᠭᠴᠢᠳ ᠤᠨ ᠬᠢᠴᠢᠶᠡᠯ ᠤᠨ ᠲᠠᠩᠬᠢᠮ  ᠤᠨ ᠢᠯᠡᠷᠡᠯ ᠳᠤ ᠵᠠᠳᠠᠯᠤᠯᠳᠠ ᠬᠢᠬᠦ ᠪᠠᠷ ᠲᠠᠮᠵᠢᠨ᠂ ᠦᠪᠡᠷ ᠤᠨ ᠪᠡᠶ᠎ᠡ ᠳᠡᠭᠡᠨ ᠲᠤᠬᠢᠷᠠᠭᠰᠠᠨ ᠵᠢᠭᠠᠨ ᠰᠤᠷᠭᠠᠬᠤ ᠠᠷᠭ᠎ᠠ ᠶᠢ ᠡᠷᠢᠵᠦ ᠤᠯᠬᠤ ᠬᠡᠷᠡᠭᠳᠡᠢ︾ ᠭᠡᠵᠡᠢ᠃
微信图片_20231130093154.jpg
      ︽ᠡᠮᠦᠨ᠎ᠡ ᠬᠤᠭᠤᠴᠭᠠᠨ ᠤ ᠮᠠᠨ ᠤ ᠬᠤᠰᠢᠭᠤᠨ ᠤ ᠰᠤᠷᠭᠠᠨ ᠬᠦᠮᠦᠵᠢᠯ ᠤᠨ ᠰᠢᠰᠲ᠋ᠧᠮ ᠤᠨ ᠬᠢᠨ   ﹇ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠪᠠᠭᠤᠷᠠᠢ ᠭᠤᠭᠴᠤᠭ᠎ᠠ ᠶᠢ ᠰᠠᠶᠢᠵᠢᠷᠠᠭᠤᠯᠬᠤ ᠪᠠ ᠴᠢᠳᠠᠪᠤᠷᠢ ᠶᠢ ᠲᠡᠭᠡᠭᠰᠢᠯᠡᠭᠦᠯᠬᠦ ᠲᠦᠷᠦᠯ ᠵᠦᠢᠯ ᠤᠨ ᠲᠦᠯᠦᠪᠵᠢᠭᠦᠯᠭᠡ ︵2021 —2025︶﹈ ᠶᠢ ᠲᠤᠭᠳᠠᠭᠠᠵᠦ᠂ ᠲᠦᠯᠦᠪᠵᠢᠭᠦᠯᠭᠡ ᠶᠢᠨ ᠶᠤᠰᠤᠭᠠᠷ᠂ ᠮᠠᠨ ᠤ ᠬᠤᠰᠢᠭᠤᠨ ᠤ7 ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠰᠤᠷᠭᠠᠭᠤᠯᠢ ᠶᠢᠨ ᠬᠦᠷᠢᠶᠡᠨ ᠤ ᠬᠢᠨᠠᠨ ᠡᠵᠡᠮᠳᠡᠬᠦ ᠰᠢᠰᠲ᠋ᠧᠮ ᠢ ᠲᠡᠰ ᠲᠡᠪᠰᠢᠭᠦᠯᠦᠨ ᠦᠭᠡᠷᠡᠴᠢᠯᠡᠵᠦ᠂ ᠤᠤᠯ ᠤᠨ ᠲᠠᠭᠤᠷᠢᠶᠠᠮᠠᠯ ᠰᠢᠰᠲ᠋ᠧᠮ ᠢ ᠲᠤᠭᠠᠴᠢᠯᠠᠭᠰᠠᠨ ᠬᠢᠨᠠᠨ ᠡᠵᠡᠮᠳᠡᠬᠦ ᠰᠢᠰᠲ᠋ᠧᠮ ᠲᠤᠯᠭᠠᠨ ᠦᠭᠡᠷᠡᠴᠢᠯᠡᠵᠦ᠂ ᠬᠢᠨᠠᠨ ᠡᠵᠡᠮᠳᠡᠬᠦ ᠴᠡᠭ ᠢ ᠪᠦᠬᠦᠨ ᠢ ᠪᠦᠷᠬᠦᠬᠦᠯᠵᠦ᠂ ᠬᠠᠳᠠᠭᠠᠯᠠᠬᠤ ᠬᠤᠭᠤᠴᠠᠭ᠎ᠠ ᠶᠢ90 ᠡᠳᠦᠷ ᠠᠴᠠ ᠲᠡᠭᠡᠭᠰᠢ ᠪᠤᠯᠭᠠᠪᠠ᠃3 ᠰᠤᠷᠭᠠᠭᠤᠯᠢ ᠳᠤ27 ᠢᠵᠢ ᠤᠶᠤᠨᠳᠦ ᠰᠠᠮᠪᠠᠷ᠎ᠠ ᠲᠤᠬᠢᠷᠠᠭᠤᠯᠵᠦ᠂ ᠮᠠᠨ ᠤ ᠬᠤᠰᠢᠭᠤᠨ ᠤ ᠲᠤᠮᠳᠠᠳᠦ ᠪᠠᠭ᠎ᠠ ᠰᠤᠷᠭᠠᠭᠤᠯᠢ ᠶᠢᠨ ᠵᠢᠭᠠᠨ ᠰᠤᠷᠭᠠᠯᠳᠠ ᠶᠢᠨ ᠠᠩᠭᠢ ᠶᠢᠨ ᠤᠶᠤᠨᠳᠦ ᠰᠠᠮᠪᠠᠷ᠎ᠠ ᠶᠢ ᠪᠦᠬᠦᠨ ᠢ ᠪᠦᠷᠬᠦᠬᠦᠯᠬᠦ ᠶᠢ ᠪᠡᠶᠡᠯᠡᠭᠦᠯᠵᠦ᠂5 ᠰᠤᠷᠭᠠᠭᠤᠯᠢ ᠳᠤ76 ᠪᠠᠭᠰᠢ ᠶᠢᠨ ᠬᠡᠷᠡᠭᠯᠡᠭᠡᠨ ᠤ ᠺᠤᠮᠫᠢᠦ᠋ᠲ᠋ᠧᠷ ᠢ ᠲᠤᠬᠢᠷᠠᠭᠤᠯᠤᠨ᠂ ᠶᠡᠭᠡ ᠰᠡᠭᠦᠵᠢ ᠪᠠᠭ᠎ᠠ ᠰᠤᠷᠭᠠᠭᠤᠯᠢ ᠳᠤ2 ᠢᠵᠢ ᠪᠠᠶᠢᠩᠭᠤ ᠶᠢᠨ ᠨᠡᠪᠳᠡᠷᠡᠭᠦᠯᠭᠡ ᠶᠢᠨ ᠰᠢᠰᠲ᠋ᠧᠮ ᠢ ᠲᠤᠬᠢᠷᠠᠭᠤᠯᠤᠭᠰᠠᠨ ᠪᠠᠶᠢᠨ᠎ᠠ︾ ᠭᠡᠵᠦ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶᠠᠨ ᠤ ᠲᠡᠳ᠋ᠲᠠᠷᠤᠭ᠎ᠠ ᠸᠠᠩ ᠰᠢ ᠲᠠᠨᠢᠯᠴᠠᠭᠤᠯᠪᠠ᠃ ᠤᠶᠢᠯᠠᠭᠠᠭᠰᠠᠨ ᠢᠶᠠᠷ᠂ ᠡᠨᠡ ᠵᠢᠯ ᠤᠨ7 ᠰᠠᠷ᠎ᠠ ᠳᠤ᠂ ᠮᠠᠨ ᠤ ᠬᠤᠰᠢᠭᠤᠨ ᠤ ᠡᠯ᠎ᠡ ᠲᠤᠮᠳᠠᠳᠦ ᠪᠠᠭ᠎ᠠ ᠰᠤᠷᠭᠠᠭᠤᠯᠢ ︽ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠪᠠᠭᠤᠷᠠᠢ ᠭᠤᠭᠴᠤᠭ᠎ᠠ ᠶᠢ ᠰᠠᠶᠢᠵᠢᠷᠠᠭᠤᠯᠬᠤ ᠪᠠ ᠴᠢᠳᠠᠪᠤᠷᠢ ᠶᠢ ᠲᠡᠭᠡᠭᠰᠢᠯᠡᠭᠦᠯᠬᠦ ᠲᠦᠷᠦᠯ ᠵᠦᠢᠯ ᠤᠨ ᠲᠦᠯᠦᠪᠵᠢᠭᠦᠯᠭᠡ ︵2021 —2025︶︾ ᠶᠢᠨ ᠪᠡᠯᠡ ᠮᠦᠩᠭᠦ ᠶᠢᠨ ᠬᠤᠪᠢᠶᠠᠷᠢᠯᠠᠯᠳᠠ ᠶᠢᠨ ᠪᠠᠶᠢᠳᠠᠯ ᠶᠤᠰᠤᠭᠠᠷ ᠲᠦᠷᠦᠯ ᠵᠦᠢᠯ ᠢ ᠬᠤᠳᠠᠯᠳᠤᠨ ᠠᠪᠴᠤ᠂8 ᠰᠠᠷ᠎ᠠ ᠶᠢᠨ ᠰᠡᠭᠦᠯᠴᠢ ᠪᠠᠷ ᠰᠢᠯᠭᠠᠨ ᠬᠤᠷᠢᠶᠠᠵᠦ ᠲᠠᠭᠤᠰᠬᠠᠭᠠᠳ᠂9 ᠰᠠᠷ᠎ᠠ ᠶᠢᠨ ᠡᠬᠢ  ᠪᠠᠷ ᠡᠯ᠎ᠡ ᠰᠤᠷᠭᠠᠭᠤᠯᠢ ᠶᠢᠨ ᠬᠤᠳᠠᠯᠳᠤᠨ ᠠᠪᠤᠭᠰᠠᠨ ᠰᠤᠷᠭᠠᠨ ᠬᠦᠮᠦᠵᠢᠯ ᠤᠨ ᠲᠦᠬᠦᠭᠡᠷᠦᠮᠵᠢ ᠶᠢ ᠨᠢᠭᠡᠨᠳᠡ ᠪᠦᠬᠦᠨ ᠢ ᠠᠰᠢᠭᠯᠠᠯᠳᠠ ᠳᠤ ᠤᠷᠤᠭᠤᠯᠪᠠ᠃      ᠡᠨᠡ ᠵᠢᠯ ᠠᠴᠠ ᠨᠠᠰᠢ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤ ᠪᠤᠭᠤᠳᠦ ᠬᠤᠳᠠ ᠶᠢᠨ ᠰᠤᠷᠭᠠᠨ ᠬᠦᠮᠦᠵᠢᠯ ᠤᠨ ᠦᠨᠳᠦᠷᠯᠢᠭ ᠢ ᠪᠦᠬᠦ ᠲᠠᠯ᠎ᠠ ᠪᠠᠷ ᠪᠠᠶᠢᠭᠤᠯᠬᠤ᠂ ᠰᠤᠷᠭᠠᠨ ᠬᠦᠮᠦᠵᠢᠯ ᠢᠶᠠᠷ ᠬᠤᠳᠠ ᠶᠢ ᠬᠦᠴᠦᠷᠬᠡᠭᠵᠢᠭᠦᠯᠵᠦ ᠬᠠᠷᠠᠯᠳᠠ ᠶᠢ ᠲᠦᠷᠭᠡᠳᠭᠡᠨ ᠪᠦᠳᠦᠭᠡᠨ ᠪᠠᠶᠢᠭᠤᠯᠬᠤ ᠶᠢᠨ ᠲᠤᠭᠤᠷᠢᠨ ᠳᠤ᠂ ᠰᠤᠷᠭᠠᠭᠤᠯᠢ ᠶᠢᠨ ᠰᠠᠭᠤᠷᠢ ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠶᠢ ᠰᠠᠶᠢᠳᠤᠷ ᠠᠳᠬᠤᠬᠤ ᠶᠢ ᠪᠠᠷᠢᠮᠳᠠᠯᠠᠵᠦ᠂ ᠰᠤᠷᠭᠠᠭᠤᠯᠢ ᠡᠷᠬᠢᠯᠡᠬᠦ ᠨᠦᠬᠦᠴᠡᠯ ᠢ ᠲᠠᠰᠤᠷᠠᠯᠳᠠ ᠦᠭᠡᠢ ᠲᠡᠭᠦᠯᠳᠡᠷᠵᠢᠭᠦᠯᠵᠦ᠂ ᠰᠤᠷᠭᠠᠨ ᠬᠦᠮᠦᠵᠢᠯ ᠤᠨ ᠡᠬᠢ ᠪᠠᠶᠠᠯᠢᠭ ᠤᠨ ᠲᠤᠬᠢᠷᠠᠭᠤᠯᠤᠯᠳᠠ ᠶᠢ ᠰᠢᠯᠢᠳᠡᠭᠵᠢᠭᠦᠯᠵᠦ᠂ ᠰᠤᠷᠤᠭᠴᠢᠳ ᠲᠤ ᠨᠡᠩ ᠰᠢᠯᠢᠳᠡᠭ ᠰᠤᠷᠭᠠᠨ ᠬᠦᠮᠦᠵᠢᠯ ᠤᠨ ᠦᠢᠯᠡᠴᠢᠯᠡᠭᠡ ᠬᠠᠩᠭᠠᠵᠦ ᠪᠠᠶᠢᠨ᠎ᠠ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号