︽ᠲᠤᠷᠭᠠᠨ ᠵᠤᠳᠤᠭ︾ ᠮᠤᠩᠭᠤᠯ ᠪᠦᠬᠡ ᠶᠢᠨ ᠺᠯᠦ᠋ᠪ ᠤᠨ2023 ᠤᠨ ᠤ ᠮᠠᠩᠯᠠᠢ ᠰᠢᠯᠭᠠᠷᠠᠭᠤᠯᠬᠤ ᠪᠠᠷᠢᠯᠳᠤᠭᠠᠨ ᠠᠮᠵᠢᠯᠳᠠ ᠲᠠᠢ ᠶᠠᠪᠤᠭᠳᠠᠯ᠎ᠠ
ᠨᠡᠶᠢᠲᠡᠯᠡᠭᠰᠡᠨ ᠴᠠᠭ᠄
2023/10/3
      10 ᠰᠠᠷ᠎ᠡ ᠶᠢᠨ 3 ᠤ ᠡᠳᠤᠷ᠂ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ︽ᠲᠣᠷᠭᠠᠨ ᠵᠤᠳᠤᠭ︾ ᠮᠤᠩᠭᠤᠯ ᠪᠦᠬᠡ ᠶᠢᠨ ᠺᠯᠦ᠋ᠪ ᠤᠨ 2023 ᠣᠨ ᠤ ᠮᠠᠩᠯᠠᠢ ᠰᠢᠯᠭᠠᠷᠠᠭᠤᠯᠬᠤ ᠪᠠᠷᠢᠯᠳᠤᠭᠠᠨ ᠪᠠᠳᠤᠬᠠᠭᠠᠯᠭ᠎ᠠ ᠶᠢᠨ ᠨᠠᠭᠠᠳᠤᠮ ᠰᠤᠶᠤᠯ ᠤᠨ ᠠᠵᠤ ᠤᠶᠢᠯᠡᠰ ᠤᠨ ᠲᠤᠭᠤᠷᠢᠭ ᠲᠤ ᠠᠮᠵᠢᠯᠳᠡ ᠲᠠᠢ ᠰᠠᠶᠢᠬᠠᠨ ᠶᠠᠪᠤᠭᠳᠠᠭᠰᠠᠨ ᠪᠠᠶᠢᠨ᠎ᠠ᠃      ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ︽ᠲᠣᠷᠭᠠᠨ ᠵᠤᠳᠤᠭ︾ ᠮᠤᠩᠭᠤᠯ ᠪᠦᠬᠡ ᠶᠢᠨ ᠺᠯᠦ᠋ᠪ ᠢ 2022 ᠣᠨ ᠳᠤ ᠪᠠᠶᠠᠨᠬᠤᠸᠡ ᠪᠠᠯᠭᠠᠰᠤᠨ ᠤ ᠵᠢᠪᠬᠤᠯᠠᠩᠳᠤ ᠭᠠᠴᠠᠭᠠᠨ ᠤ ᠮᠠᠯᠴᠢᠨ᠂ ᠵᠠᠩᠬᠢᠶᠠᠳᠤ ᠪᠦᠬᠡ ᠠᠭᠤᠯᠡ ᠡᠬᠦᠰᠭᠡᠨ ᠪᠠᠶᠢᠭᠤᠯᠤᠭᠰᠠᠨ ᠶᠤᠮ᠃ ᠠᠭᠤᠯᠡ ᠺᠯᠦ᠋ᠪ ᠢᠶᠠᠨ ᠪᠠᠶᠢᠭᠤᠯᠤᠭᠰᠠᠨ ᠠᠴᠠ ᠬᠤᠶᠢᠰᠢ ᠬᠤᠰᠢᠭᠤ ᠨᠤᠳᠤᠭ ᠤᠨ ᠢᠶᠠᠨ ᠠᠬᠠᠮᠠᠳ ᠪᠦᠬᠡ ᠪᠤᠶᠤ ᠦᠶ᠎ᠡ ᠵᠡᠷᠭᠡ ᠶᠢᠨ ᠪᠦᠬᠡᠴᠢᠳ ᠲᠠᠢ ᠪᠠᠨ ᠺᠯᠦ᠋ᠪ ᠤᠨ ᠠᠵᠢᠯᠯᠠᠭ᠎ᠠ ᠪᠠᠨ ᠬᠡᠷᠬᠢᠨ ᠶᠠᠪᠤᠭᠳᠠᠭᠤᠯᠬᠤ ᠲᠤᠬᠠᠢ ᠵᠦᠪᠳᠡᠯᠴᠡᠨ ᠪᠠᠶᠢᠵᠤ᠂ 2023 ᠣᠨ ᠠᠴᠠ ︽ᠲᠣᠷᠭᠠᠨ ᠵᠤᠳᠤᠭ︾ ᠮᠤᠩᠭᠤᠯ ᠪᠦᠬᠡ ᠶᠢᠨ ᠺᠯᠦ᠋ᠪ ᠤᠨ ᠰᠢᠷᠢᠰ ᠪᠠᠷᠢᠯᠳᠤᠭᠠᠨ ᠢᠶᠠᠨ ᠡᠬᠢᠯᠡᠬᠦᠯᠵᠤ᠂ 2023 ᠣᠨ ᠤ 2 ᠰᠠᠷ᠎ᠡ ᠠᠴᠠ 9 ᠰᠠᠷ᠎ᠡ ᠪᠤᠯᠳᠡᠯ᠎ᠡ ᠨᠠᠢᠮᠠᠨ ᠲᠠᠯᠠᠪᠤᠷ ᠰᠢᠷᠢᠰ ᠪᠠᠷᠢᠯᠳᠤᠭᠠᠨ ᠢᠶᠠᠨ ᠠᠮᠵᠢᠯᠳᠠ ᠲᠠᠢ ᠶᠠᠪᠤᠭᠳᠠᠭᠤᠯᠤᠭᠰᠠᠨ ᠪᠢᠯᠡ᠃      ︽ᠲᠣᠷᠭᠠᠨ ᠵᠤᠳᠤᠭ︾ ᠮᠤᠩᠭᠤᠯ ᠪᠦᠬᠡ ᠶᠢᠨ ᠺᠯᠦ᠋ᠪ ᠤᠨ ᠡᠨᠡᠬᠦ ᠨᠠᠢᠮᠠᠨ ᠲᠠᠯᠠᠪᠤᠷ ᠪᠠᠷᠢᠯᠳᠤᠭᠠᠨ ᠨᠢ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠮᠠᠰᠢ ᠤᠯᠡᠨ ᠪᠦᠬᠡ ᠶᠢᠨ ᠪᠠᠭ᠋ᠠᠳᠡᠳ᠂ ᠦᠷᠭᠡᠨ ᠤᠯᠡᠨ ᠮᠤᠩᠭᠤᠯ ᠪᠦᠬᠡ ᠳᠤ ᠪᠠᠨ ᠬᠠᠶᠢᠷᠡᠳᠠᠢ ᠮᠠᠯᠴᠢᠨ ᠲᠦᠮᠡᠨ᠂ ᠡᠯ᠎ᠡ ᠪᠠᠶᠢᠭᠤᠯᠭ᠎ᠠ ᠨᠢᠭᠡᠴᠡ᠂ ᠨᠡᠶᠢᠭᠡᠮ ᠤᠨ ᠡᠯ᠎ᠡ ᠡᠳᠡᠭᠡᠳ᠂ ᠠᠵᠤ ᠠᠬᠤᠶᠢᠯᠡᠯᠳᠡᠨ ᠵᠡᠷᠭᠡ ᠮᠠᠰᠢ ᠤᠯᠡᠨ ᠬᠦᠮᠤᠰ ᠤᠨ ᠬᠠᠪᠰᠤᠷᠤᠯᠭ᠎ᠠ ᠲᠡᠮᠵᠢᠯᠭᠡ ᠪᠠᠷ ᠶᠠᠪᠤᠭᠳᠡᠵᠤ ᠢᠷᠡᠭᠰᠡᠨ ᠶᠤᠮ᠃ᠡᠶᠢᠨᠬᠦ ᠨᠠᠢᠮᠠᠨ ᠲᠠᠯᠠᠪᠤᠷ ᠰᠢᠷᠢᠰ ᠪᠠᠷᠢᠯᠳᠤᠭᠠᠨ ᠢᠶᠠᠨ ᠲᠠᠭᠤᠰᠬᠠᠭᠠᠳ 2023 ᠣᠨ ᠤ ᠮᠠᠩᠯᠠᠢ ᠰᠢᠯᠭᠠᠷᠠᠭᠤᠯᠬᠤ ᠪᠠᠷᠢᠯᠳᠤᠭᠠᠨ ᠢᠶᠠᠷ ᠢᠶᠠᠨ ᠨᠢᠭᠡ ᠵᠢᠯ ᠤᠨ ᠰᠢᠷᠢᠰ ᠪᠠᠷᠢᠯᠳᠤᠭᠠᠨ ᠤ ᠪᠠᠨ ᠦᠷ᠎ᠡ ᠪᠦᠳᠤᠮᠵᠢ ᠪᠠᠨ ᠳ᠋ᠦᠩᠨᠡᠵᠤ᠂ ᠦᠷᠭᠡᠨ ᠬᠡᠪᠴᠢᠶ᠎ᠡ᠂ ᠦᠨᠳᠤᠷ ᠱᠠᠩ ᠲᠠᠢ ᠨᠢᠵᠢᠬᠢᠷ ᠨᠠᠶᠢᠷ ᠢ ᠡᠭᠦᠰᠭᠡᠨ ᠪᠠᠶᠢᠭᠤᠯᠵᠤ ᠪᠠᠶᠢᠭ᠎ᠠ ᠶᠤᠮ᠃
微信图片_20231007094018.png
      2023ᠣᠨ ᠤ ᠮᠠᠩᠯᠠᠢ ᠰᠢᠯᠭᠠᠷᠠᠭᠤᠯᠬᠤ ᠪᠠᠷᠢᠯᠳᠤᠭᠠᠨ ᠳᠤ 64 ᠢᠳᠡᠷ ᠲᠤᠮᠤᠴᠤᠤᠯ ᠤᠨ ᠪᠦᠬᠡ ᠪᠠᠷᠢᠯᠳᠤᠵᠤ᠂ ᠪᠠᠶᠠᠨᠬᠤᠸᠡ ᠪᠠᠯᠭᠠᠰᠤᠨ ᠤ ᠵᠢᠪᠬᠤᠯᠠᠩᠳᠤ ᠭᠠᠴᠠᠭᠠᠨ ᠤ ᠤᠤᠭᠠᠯ ᠲᠤᠷᠡᠰᠬᠠᠯ ᠲᠡᠷᠢᠭᠦᠯᠡᠵᠤ ᠮᠦᠩᠭᠦᠨ ᠪᠤᠶᠢᠯᠡ ᠲᠠᠢ ᠲᠡᠮᠡᠭᠡ ᠪᠠᠷ ᠱᠠᠩᠨᠠᠭᠤᠯᠵᠤ᠂ ᠴᠠᠭᠠᠨᠬᠠᠳᠠ ᠰᠤᠮᠤᠨ ᠤ ᠬᠠᠳᠠᠨᠬᠤᠰᠢᠭᠤ ᠭᠠᠴᠠᠭᠠᠨ ᠤ ᠵᠠᠯᠠᠭᠤ ᠵᠠᠩᠭᠢᠶᠠᠳᠤ ᠪᠦᠬᠡ ᠪᠠᠳᠮᠠᠬᠦᠤ ᠲᠡᠳ᠋ᠯᠡᠵᠤ ᠬᠠᠯᠠᠭᠤᠨ ᠬᠤᠰᠢᠭᠤᠳᠤ ᠠᠳᠤᠭᠤ ᠪᠠᠷ ᠱᠠᠩᠨᠠᠭᠤᠯᠤᠨ᠂ ᠳᠦᠭᠦᠷᠡᠩᠬᠤᠪᠤᠭ᠎ᠠ ᠰᠤᠮᠤᠨ ᠤ ᠤᠤᠭᠠᠯ ᠵᠠᠯᠠᠭᠤ ᠵᠠᠩᠭᠢᠶᠠᠳᠤ ᠰᠤᠳᠤᠨ ᠪᠦᠬᠡ ᠤᠶᠠᠩᠭ᠎ᠠ ᠭᠤᠷᠪᠡ ᠳᠤ ᠲᠤᠳᠤᠷᠡᠨ ᠬᠠᠯᠠᠭᠤᠨ ᠬᠤᠰᠢᠭᠤᠳᠤ ᠬᠤᠨᠢ ᠨᠢᠭᠡ ᠠᠷᠡᠳ ᠤᠨ ᠵᠤᠭᠤᠰ ᠮᠢᠩᠭᠠᠨ ᠲᠦᠭᠦᠷᠢᠭ ᠢᠶᠠᠷ ᠱᠠᠩᠨᠠᠭᠤᠯᠵᠤ᠂ ᠪᠠᠶᠠᠨᠬᠤᠸᠡ ᠪᠠᠯᠭᠠᠰᠤᠨ ᠤ ᠪᠠᠶᠠᠨᠴᠠᠭᠠᠨ ᠭᠠᠴᠠᠭᠠᠨ ᠤ ᠤᠤᠭᠠᠯ ᠵᠠᠯᠠᠭᠤ ᠵᠠᠩᠭᠢᠶᠠᠳᠤ ᠪᠦᠬᠡ ᠬᠦᠴᠤᠨ ᠲᠦᠷᠪᠡ ᠳᠤ ᠲᠤᠳᠤᠷᠡᠵᠤ ᠬᠠᠯᠠᠭᠤᠨ ᠬᠤᠰᠢᠭᠤᠳᠤ ᠬᠤᠨᠢ ᠨᠢᠭᠡ ᠠᠷᠡᠳ ᠤᠨ ᠵᠤᠭᠤᠰ ᠮᠢᠩᠭᠠᠨ ᠲᠦᠭᠦᠷᠢᠭ ᠢᠶᠠᠷ ᠱᠠᠩᠨᠠᠭᠤᠯᠤᠭᠰᠠᠨ ᠪᠠᠶᠢᠨ᠎ᠠ᠃ ᠡᠯ᠎ᠡ ᠰᠤᠮᠤ ᠪᠠᠯᠭᠠᠰᠤ ᠪᠠᠷ ᠨᠢᠭᠡᠴᠡᠯᠡᠭᠰᠡᠨ ᠨᠢᠭᠡᠴᠡ ᠶᠢᠨ ᠪᠠᠷᠢᠯᠳᠤᠭᠠᠨ ᠳᠤ ᠪᠠᠶᠠᠨᠬᠤᠸᠡ ᠪᠠᠯᠭᠠᠰᠤ ᠶᠢᠨ ᠨᠢᠭᠡᠳᠤᠭᠡᠷ ᠠᠩᠭᠢ᠂ ᠪᠠᠶᠠᠨᠬᠤᠸᠡ ᠪᠠᠯᠭᠠᠰᠤ ᠶᠢᠨ ᠬᠤᠶᠠᠳᠤᠭᠠᠷ ᠠᠩᠭᠢ᠂ ᠪᠠᠶᠠᠨᠬᠤᠸᠡ ᠪᠠᠯᠭᠠᠰᠤ ᠶᠢᠨ ᠭᠤᠷᠪᠠᠳᠤᠭᠠᠷ ᠠᠩᠭᠢ᠂ ᠮᠠᠨᠳᠤᠯ ᠪᠠᠯᠭᠠᠰᠤ᠂ ᠴᠠᠭᠠᠨᠬᠠᠳᠡ ᠰᠤᠮᠤ᠂ ᠮᠢᠩᠭᠠᠨ ᠪᠠᠯᠭᠠᠰᠤ᠂ ᠳᠦᠭᠦᠷᠡᠩᠬᠤᠪᠤᠭ᠎ᠠ ᠰᠤᠮᠤ ᠵᠡᠷᠭᠡ ᠲᠤᠯᠤᠭᠠᠨ ᠨᠢᠭᠡᠴᠡ ᠶᠢᠨ ᠬᠢᠨ ᠪᠠᠷᠢᠯᠳᠤᠵᠤ᠂ ᠪᠠᠶᠠᠨᠬᠤᠸᠡ ᠪᠠᠯᠭᠠᠰᠤ ᠶᠢᠨ ᠨᠢᠭᠡᠳᠤᠭᠡᠷ ᠠᠩᠭᠢ ᠲᠡᠷᠢᠬᠦᠯᠡᠵᠤ᠂ ᠴᠠᠭᠠᠨᠬᠠᠳᠠ ᠰᠤᠮᠤ ᠲᠡᠳ᠋ᠯᠡᠵᠤ᠂ ᠪᠠᠶᠠᠨᠬᠤᠸᠡ ᠪᠠᠯᠭᠠᠰᠤ ᠶᠢᠨ ᠭᠤᠷᠪᠠᠳᠤᠭᠠᠷ ᠠᠩᠭᠢ ᠭᠤᠷᠪᠠ ᠳᠤ᠂ ᠳᠦᠭᠦᠷᠡᠩᠬᠤᠪᠤᠭ᠎ᠠ ᠰᠤᠮᠤ ᠲᠦᠷᠪᠡ ᠳᠤ ᠲᠤᠳᠤᠷᠡᠵᠤ᠂ ᠪᠠᠰᠡ ᠪᠦᠬᠦᠯᠢ 8 ᠠᠴᠠ ᠪᠦᠬᠦᠯᠢ 12 ᠨᠠᠰᠤᠨ ᠤ ᠬᠡᠤᠬᠡᠳ ᠤᠨ ᠪᠦᠬᠡ ᠶᠢᠨ ᠪᠠᠷᠢᠯᠳᠤᠭᠠᠨ ᠪᠠ ᠪᠦᠬᠦᠯᠢ 13 ᠠᠴᠠ ᠪᠦᠬᠦᠯᠢ 16 ᠨᠠᠰᠤᠨ ᠤ ᠦᠰᠪᠤᠷᠢ ᠶᠢᠨ ᠪᠦᠬᠡ ᠶᠢᠨ ᠪᠠᠷᠢᠯᠳᠤᠭᠠᠨ ᠶᠠᠪᠤᠭᠳᠠᠭᠤᠯᠵᠠᠢ᠃
微信图片_20231007094019.png
      ᠨᠢᠭᠡ ᠵᠢᠯ ᠤᠨ ᠲᠤᠷᠰᠢ ᠶᠠᠪᠤᠭᠳᠠᠭᠰᠠᠨ ︽ᠲᠤᠷᠭᠠᠨ ᠵᠤᠳᠤᠭ︾ ᠮᠤᠩᠭᠤᠯ ᠪᠦᠬᠡ ᠶᠢᠨ ᠺᠯᠦ᠋ᠪ ᠤᠨ ᠰᠢᠷᠢᠰ ᠪᠠᠷᠢᠯᠳᠤᠭᠠᠨ ᠨᠢ ᠲᠠᠷᠬᠠᠨ ᠮᠤᠤᠮᠢᠩᠭᠠᠨ ᠨᠤᠳᠤᠭ ᠤᠨ ᠬᠡᠳᠤᠨ ᠦᠶ᠎ᠡ ᠶᠢᠨ ᠪᠦᠬᠡᠴᠢᠳ ᠤᠨ ᠤᠷᠮ᠎ᠠ ᠶᠢ ᠰᠡᠷᠭᠦᠭᠡᠵᠤ᠂ ᠦᠰᠴᠤ ᠬᠦᠮᠤᠵᠢᠵᠤ ᠪᠠᠶᠢᠭ᠎ᠠ ᠵᠠᠯᠠᠭᠤ ᠪᠦᠬᠡᠴᠢᠳ ᠤᠨ ᠬᠤᠵᠢᠮ ᠬᠤᠶᠢᠰᠢᠳᠡ ᠨᠡᠩ ᠰᠠᠶᠢᠨ ᠪᠠᠷᠢᠯᠳᠤᠬᠤ ᠳᠤ ᠮᠠᠰᠢ ᠰᠠᠶᠢᠨ ᠤᠶᠢᠯᠡᠳᠤᠯ ᠦᠵᠡᠬᠦᠯᠵᠤ᠂ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠮᠤᠩᠭᠤᠯ ᠪᠦᠬᠡ ᠶᠢᠨ ᠬᠦᠭᠵᠢᠯᠳᠡ ᠳᠤ ᠮᠠᠰᠢ ᠶᠡᠭᠡ ᠠᠴᠢ ᠬᠤᠯᠪᠤᠭᠳᠡᠯ ᠲᠠᠢ ᠰᠠᠶᠢᠬᠠᠨ ᠤᠶᠢᠯᠡ ᠠᠵᠢᠯᠯᠠᠭ᠎ᠠ ᠪᠤᠯᠤᠭᠰᠠᠨ ᠪᠠᠶᠢᠨ᠎ᠠ᠃
微信图片_20231007094020.png
 
微信图片_20231007094021.png
 
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号