ᠬᠢᠯᠢ ᠶᠢᠨ ᠲᠡᠭᠷᠢ ᠠᠴᠠ ᠤᠶᠠᠩᠭᠠᠷᠠᠭᠰᠠᠨ ︽ᠭᠤᠪᠢ ᠶᠢᠨ ᠤᠶᠠᠩᠭ᠎ᠠ︾ ᠢᠷᠠᠭᠤ ᠨᠠᠶᠢᠷᠠᠭ ᠤᠨ ᠤᠷᠠᠨ ᠤᠩᠰᠢᠯᠭ᠎ᠠ ᠶᠢᠨ ᠣᠡᠷᠤᠯᠳᠤᠭᠠᠨ ᠤᠳᠬ᠎ᠠ ᠲᠡᠭᠦᠯᠳᠡᠷ ᠶᠠᠪᠤᠭᠳᠠᠯ᠎ᠠ
ᠨᠡᠶᠢᠲᠡᠯᠡᠭᠰᠡᠨ ᠴᠠᠭ᠄
2023/10/14
      ᠲᠤᠮᠳᠠᠳᠤ ᠶᠢᠨ ᠦᠨᠳᠥᠰᠥᠳᠡᠨ ᠤ ᠬᠠᠮᠲᠤ ᠶᠢᠨ ᠴᠤᠬᠴᠨ ᠶᠢᠨ ᠤᠬᠠᠮᠰᠠᠷ ᠢ ᠪᠠᠳᠤᠳᠬᠠᠵᠤ᠂ ᠦᠨᠳᠥᠰᠥᠳᠡᠨ ᠤ ᠪᠦᠯᠭᠦᠮᠳᠡᠯ ᠢ ᠤᠯᠠᠮ ᠴᠢᠨᠠᠭᠰᠢᠳᠠ ᠠᠬᠢᠭᠤᠯᠤᠨ᠂ ᠦᠷᠭᠡᠨ ᠤᠯᠠᠨ ᠮᠠᠯᠴᠢᠨ ᠲᠠᠷᠢᠶᠠᠴᠢᠳ ᠤᠨ ᠢᠶᠠᠨ ᠨᠠᠮᠤᠷ ᠤᠨ ᠤᠯᠠᠷᠢᠯ ᠤᠨ ᠡᠯᠪᠡᠭ ᠬᠤᠷᠢᠶᠠᠯᠳᠠ ᠶᠢ ᠪᠠᠶᠠᠷᠯᠠᠨ ᠪᠡᠯᠭᠡᠯᠡᠵᠦ᠂ ᠨᠤᠳᠤᠭ ᠤᠷᠤᠨ ᠤ ᠪᠠᠨ ᠰᠤᠶᠤᠯ ᠤᠨ ᠠᠮᠢᠳᠤᠷᠠᠯ ᠢ ᠪᠠᠶᠠᠯᠢᠬᠵᠢᠭᠤᠯᠬᠤ ᠶᠢᠨ ᠲᠦᠯᠦᠭᠡ 10 ᠰᠠᠷ᠎ᠠ ᠶᠢᠨ 14 ᠤ ᠡᠳᠦᠷ᠂ ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ ᠤ ᠪᠠᠶᠠᠨᠬᠤᠸᠠ ᠪᠠᠯᠭᠠᠰᠤᠨ ᠤ ᠵᠢᠪᠬᠤᠯᠠᠩᠲᠤ ᠭᠠᠴᠠᠭ᠎ᠠ ᠨᠢ ᠠᠩᠬᠠᠳᠠᠬᠴᠢ ᠤᠳᠠᠭᠠᠨ ᠤ ︽ᠭᠤᠪᠢ ᠶᠢᠨ ᠤᠶᠠᠩᠭ᠎ᠠ︾ ᠢᠷᠠᠭᠤ ᠨᠠᠶᠢᠷᠠᠭ ᠤᠨ ᠤᠷᠠᠨ ᠤᠩᠰᠢᠯᠭ᠎ᠠ ᠶᠢᠨ ᠤᠷᠤᠯᠳᠤᠭᠠᠨ ᠢ ᠡᠷᠬᠢᠯᠡᠨ ᠶᠠᠪᠤᠭᠳᠠᠭᠤᠯᠤᠭᠰᠠᠨ ᠪᠠᠶᠢᠨ᠎ᠠ᠃      ᠠᠷᠤ ᠬᠠᠩᠭᠠᠢ ᠭᠤᠪᠢ ᠨᠤᠳᠤᠭ ᠤᠨ ᠬᠦᠨ ᠳᠤ ᠠᠯᠳᠠᠷᠠᠨ ᠰᠢᠷᠭᠠᠯᠳᠤᠬᠰᠠᠨ ᠤᠷᠳᠤ ᠰᠠᠶᠢᠬᠠᠨ ᠨᠠᠮᠤᠷ ᠬᠤᠷᠭᠤᠳᠠᠬᠰᠠᠨ ᠡᠨᠡᠬᠦ ᠰᠠᠶᠢᠬᠠᠨ  ᠴᠠᠭ ᠢᠶᠠᠷ ᠶᠠᠪᠤᠬᠳᠠᠵᠤ ᠪᠠᠶᠢᠭ᠎ᠠ ᠪᠠᠶᠠᠨᠬᠤᠸᠠ ᠪᠠᠯᠭᠠᠰᠤᠨ ᠤ ᠵᠢᠪᠬᠤᠯᠠᠩᠲᠤ ᠭᠠᠴᠠᠭᠠᠨ ᠤ ᠠᠩᠬᠠᠳᠠᠬᠴᠢ ᠤᠳᠠᠭᠠᠨ ᠤ ︽ᠭᠤᠪᠢ ᠶᠢᠨ ᠤᠶᠠᠩᠭ᠎ᠠ︾ ᠢᠷᠠᠭᠤ ᠨᠠᠶᠢᠷᠠᠭ ᠤᠨ ᠨᠠᠭᠠᠳᠤᠮ ᠳᠤ ᠬᠤᠯᠠ ᠤᠶᠢᠷ᠎ᠠ ᠶᠢᠨ ᠢᠷᠠᠭᠤ ᠨᠠᠶᠢᠷᠠᠭ ᠤᠨ ᠪᠠᠭ᠋ᠠᠲᠠᠳ ᠠᠶᠠᠨ ᠤ ᠬᠤᠯᠠ ᠶᠢ ᠲᠦᠪᠡᠭᠰᠢᠶᠡᠯ ᠦᠭᠡᠢ᠂ ᠠᠵᠢᠯ ᠤᠨ ᠴᠢᠯᠦᠬᠡ  ᠪᠠᠨ ᠵᠠᠶᠢᠴᠢᠯᠠᠵᠤ ᠢᠳᠡᠪᠬᠡᠶᠢᠯᠡᠨ ᠤᠷᠤᠯᠴᠠᠪᠠ᠃ ᠤᠷᠤᠯᠳᠤᠭᠠᠨ ᠨᠢ ᠤᠷᠠᠨ ᠤᠩᠰᠢᠯᠭ᠎ᠠ ᠶᠢᠨ ᠬᠡᠯᠪᠡᠷᠢ ᠪᠠᠷ ᠶᠠᠪᠤᠭᠳᠠᠨ᠂ ᠬᠤᠷᠢ ᠰᠢᠬᠠᠭᠤ ᠢᠷᠠᠭᠤ ᠨᠠᠶᠢᠷᠠᠭ ᠤᠨ ᠪᠠᠭ᠋ᠠᠲᠠᠳ ᠤᠷᠠᠨ ᠢᠷᠠᠭᠤ ᠨᠠᠶᠢᠷᠠᠭ ᠢᠶᠠᠨ ᠤᠶᠠᠩᠭᠠᠯᠠᠬᠰᠠᠨ ᠤ ᠳ᠋ᠦᠩ ᠳᠤ ᠴᠠᠭᠠᠨᠬᠠᠳᠠ ᠰᠤᠮᠤ ᠪᠠᠷ ᠨᠤᠳᠤᠬᠳᠠᠢ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠮᠠᠯᠴᠢᠨ ᠢᠷᠠᠭᠤ ᠨᠠᠶᠢᠷᠠᠬᠴᠢ ᠮᠦᠩᠭᠦᠨᠬᠤᠸᠠᠷ ᠲᠡᠷᠢᠬᠦᠯᠡᠵᠤ᠂ ᠦᠵᠤᠮ᠎ᠡ᠂ ᠲᠡᠩᠭᠡᠭᠡ ᠳᠡᠳ᠋ᠯᠡᠨ᠂ ᠡᠩᠭᠡᠪᠠᠶᠠᠷ᠂ ᠰᠡᠷᠬᠦᠯᠡᠩ᠂ ᠵᠠᠶᠠᠭᠠᠬᠦᠤ ᠨᠠᠷ ᠭᠤᠷᠪᠠ ᠳᠤ ᠳᠤᠳᠤᠷᠠᠵᠠᠢ᠃
微信图片_20231017085828_1.jpg
      ᠪᠠᠶᠠᠨᠬᠤᠸᠠ ᠪᠠᠯᠭᠠᠰᠤᠨ ᠤ ᠵᠢᠪᠬᠤᠯᠠᠩᠲᠤ ᠭᠠᠴᠠᠭ᠎ᠠ ᠨᠢ ᠲᠦᠮᠡ ᠰᠢᠬᠠᠭᠤ ᠲᠦᠬᠦᠷᠢᠭ ᠤᠨ ᠨᠤᠮ ᠤᠨ ᠱᠠᠩ ᠢ ᠪᠡᠯᠡᠳᠭᠡᠨ ᠲᠤᠰ ᠤᠳᠠᠭᠠᠨ ᠤ ᠤᠷᠠᠨ ᠤᠩᠰᠢᠯᠭ᠎ᠠ ᠶᠢᠨ ᠤᠷᠤᠯᠳᠤᠭᠠᠨ ᠢᠶᠠᠨ ᠵᠤᠬᠢᠶᠠᠨ ᠪᠠᠶᠢᠭᠤᠯᠵᠤ ᠶᠠᠪᠤᠬᠳᠠᠭᠤᠯᠤᠬᠰᠠᠨ ᠪᠦᠭᠡᠳ ᠬᠦᠷᠦᠯᠴᠡᠨ ᠢᠷᠡᠭᠰᠡᠨ ᠦᠵᠡᠭᠴᠢ ᠲᠦᠮᠡᠨ ᠳᠤ ᠪᠠᠨ ᠴᠦ ᠲᠡᠪᠡᠯ ᠲᠡᠷᠯᠢᠭ ᠤᠨ ᠲᠤᠷᠭ᠎ᠠ ᠲᠤᠷᠳᠤᠩ ᠪᠡᠯᠡᠭᠯᠡᠵᠦ᠂ ᠤᠴᠢᠬᠰᠠᠨ ᠪᠦᠬᠦᠨ ᠤ ᠠᠯᠠᠭ᠎ᠠ ᠶᠢ ᠲᠡᠨᠡᠶᠢᠯᠭᠡᠨ᠂ ᠠᠷᠠᠳ ᠤᠯᠠᠨ ᠤ ᠪᠠᠨ ᠤᠳᠬ᠎ᠠ ᠰᠤᠶᠤᠯ ᠢᠶᠠᠨ ᠭᠡᠰᠡᠨ ᠤᠷᠮ᠎ᠠ ᠵᠤᠷᠢᠭ ᠢ ᠨᠢ ᠳᠠᠶᠢᠴᠢᠯᠠᠵᠤ᠂ ᠢᠷᠠᠭᠤ ᠨᠠᠶᠢᠷᠠᠭ ᠢᠶᠠᠷ ᠭᠠᠩᠭᠠᠷᠠᠬᠰᠠᠨ ᠤᠳᠬ᠎ᠠ ᠠᠭᠤᠯᠭ᠎ᠠ ᠲᠠᠢ ᠬᠦᠳᠡᠯᠭᠡᠭᠡᠨ ᠪᠤᠯᠵᠤ ᠦᠨᠳᠦᠷᠯᠡᠭᠰᠡᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号