ᠭᠡᠷᠡᠳᠦ ᠲᠡᠷᠭᠡ ᠪᠠᠷ ᠦᠪᠦᠷ ᠮᠤᠩᠭᠤᠯ ᠢ ᠲᠤᠭᠤᠷᠢᠭᠰᠠᠨ ᠠᠶᠠᠯᠠᠭᠴᠢ — ᠬᠡᠰᠢᠭᠨᠡᠴᠢᠨ
ᠨᠡᠶᠢᠲᠡᠯᠡᠭᠰᠡᠨ ᠴᠠᠭ᠄
2023/10/11
      ᠲᠦᠷᠪᠡᠨ ᠰᠠᠷ᠎ᠠ ᠭᠡᠷᠳᠦ ᠲᠡᠷᠭᠡ ᠲᠠᠢ ᠠᠶᠠᠯᠠᠬᠰᠠᠨ ᠠᠶᠠᠯᠠᠬᠴᠢ ᠬᠡᠰᠢᠭᠨᠡᠴᠢᠨ ᠢ ᠦᠴᠦᠭᠡᠳᠦᠷ ᠠᠨᠳᠠ ᠨᠦᠬᠦᠳ᠂ ᠠᠬ᠎ᠠ ᠲᠡᠬᠦᠤ ᠰᠠᠲᠤᠨ᠂ ᠠᠵᠢᠯ ᠤᠨ ᠬᠠᠮᠲᠤ ᠤᠯᠠᠨ ᠨᠢ ᠤᠭᠲᠣᠨ ᠲᠤᠰᠤᠯ᠎ᠠ᠃       ︽ᠤᠯᠪᠤᠭ ᠢᠶᠠᠨ ᠴᠤᠭᠤᠯᠤᠭᠰᠠᠨ ᠮᠡᠷᠭᠡᠨ ᠠᠴᠠ᠂ ᠣᠯᠠᠨ ᠢ ᠲᠤᠭᠤᠷᠢᠭᠰᠠᠨ ᠲᠡᠨᠡᠭ ᠳᠡᠬᠡᠷ᠎ᠡ︾ ᠬᠡᠳᠡᠭᠴᠢᠯᠡᠨ ᠵᠠᠯᠠᠭᠤ ᠬᠦᠮᠦᠨ ᠬᠤᠯᠠ ᠶᠠᠪᠤᠵᠤ᠂ ᠶᠡᠭᠡ ᠶᠢ ᠦᠵᠡᠬᠦ ᠬᠦᠰᠡᠯ ᠰᠤᠨᠢᠷᠬᠠᠯ ᠲᠠᠢ ᠪᠠᠶᠢᠳᠠᠭ ᠢ ᠶᠠᠭᠤᠨ ᠦᠬᠦᠯᠡᠬᠦᠪ᠃ 2023 ᠣᠨ ᠤ 6 ᠰᠠᠷ᠎ᠠ ᠶᠢᠨ 3 ᠤ ᠡᠳᠦᠷ᠂ ᠬᠡᠰᠢᠭᠨᠡᠴᠢᠨ ᠬᠡᠷᠲᠤ ᠲᠡᠷᠭᠡ ᠪᠠᠷ ᠠᠶᠠᠯᠠᠬᠤ ᠠᠶᠠᠯᠠᠯ ᠢᠶᠠᠨ ᠡᠬᠢᠯᠡᠬᠦᠯᠵᠤ᠂ ᠲᠦᠷᠪᠡᠨ ᠰᠠᠷ᠎ᠠ ᠭᠠᠷᠤᠢ ᠶᠢᠨ ᠬᠤᠭᠤᠴᠠᠭᠠᠨ ᠳᠤ 16000 ᠭᠠᠷᠤᠢ ᠺᠢᠯᠣᠮᠧᠲᠷ ᠠᠶᠠᠯᠠᠨ᠂ ᠪᠦᠬᠦ ᠦᠪᠤᠷ ᠮᠣᠩᠭᠤᠯ ᠢ ᠠᠶᠠᠯᠠᠨ ᠲᠠᠭᠤᠰᠬᠠᠵᠤ᠂ 10 ᠰᠠᠷ᠎ᠡ ᠶᠢᠨ 9 ᠤ ᠡᠳᠦᠷ ᠨᠤᠲᠤᠭ ᠲᠤ ᠪᠠᠨ ᠪᠤᠴᠠᠵᠣ ᠢᠷᠡᠭᠰᠡᠨ ᠪᠠᠶᠢᠨ᠎ᠠ᠃ ᠠᠷᠪᠠᠨ ᠬᠤᠶᠠᠷ ᠠᠶᠢᠮᠠᠭ ᠬᠤᠲᠠ ᠶᠢᠨ ᠭᠤᠴᠢ ᠰᠢᠬᠠᠭᠤ ᠬᠤᠰᠢᠭᠤ ᠰᠢᠶᠠᠨ᠂ 11 ᠬᠢᠯᠢ ᠶᠢᠨ ᠪᠤᠭᠤᠮᠳᠠ ᠵᠡᠷᠭᠡ 65 ᠦᠷᠲᠡᠭᠡ ᠴᠡᠭ ᠢᠶᠠᠷ ᠬᠦᠷᠴᠤ᠂ ᠦᠪᠡᠷ ᠤᠨ ᠨᠤᠲᠤᠭ ᠤᠰᠤ ᠪᠠᠨ ᠲᠠᠨᠢᠯᠴᠠᠭᠤᠯᠬᠤ ᠶᠢᠨ ᠳᠠᠭᠠᠤ ᠪᠤᠰᠤᠳ ᠭᠠᠵᠠᠷ ᠤᠷᠤᠨ ᠤ ᠰᠤᠨᠢᠨ ᠰᠠᠶᠢᠬᠠᠨ ᠢ ᠰᠦᠯᠵᠢᠶ᠎ᠠ ᠪᠠᠷ ᠰᠤᠷᠳᠠᠯᠴᠢᠯᠠᠨ ᠲᠠᠨᠢᠯᠴᠠᠭᠤᠯᠵᠤ᠂ ᠮᠠᠰᠢ ᠤᠳᠬ᠎ᠠ ᠠᠭᠤᠯᠭ᠎ᠠ ᠲᠠᠢ ᠠᠶᠠᠯᠠᠯ ᠪᠤᠯᠤᠬᠰᠠᠨ ᠢ ᠦᠵᠡᠭᠴᠢ ᠲᠠ ᠪᠦᠬᠦᠨ ᠳᠤ ᠪᠠᠨ ᠰᠤᠷᠪᠤᠯᠵᠢᠯᠠᠨ ᠬᠦᠷᠭᠡᠵᠦ ᠪᠠᠶᠢᠨ᠎ᠠ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号