ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ︽ᠪᠠᠶᠠᠨ ᠪᠤᠭᠳᠠ ᠭᠠᠯ ᠤᠶᠠᠭ᠎ᠠ︾ ᠶᠢᠨ ᠬᠢᠨ ᠠᠩᠬᠠᠳᠤᠭᠠᠷ ᠣᠳᠠᠭᠠᠨ ᠤ ᠬᠤᠷᠳᠤᠨ ᠮᠤᠷᠢᠨ ᠤ ᠰᠢᠨᠳᠠᠰᠦ ᠰᠢᠯᠭᠠᠬᠤ ᠤᠷᠤᠯᠳᠤᠭᠠᠨ ᠡᠷᠬᠢᠯᠡᠨ ᠶᠠᠪᠤᠭᠳᠠᠭᠤᠯᠤᠯ᠎ᠠ
ᠨᠡᠶᠢᠲᠡᠯᠡᠭᠰᠡᠨ ᠴᠠᠭ᠄
2023/1/31
      2023 ᠤᠨ ᠤ1 ᠰᠠᠷ᠎ᠠ ᠶᠢᠨ29 ᠤ ᠡᠳᠦᠷ᠂ ᠴᠠᠭᠠᠨ ᠰᠠᠷ᠎ᠠ ᠶᠢᠨ ᠰᠢᠨ᠎ᠡ ᠶᠢᠨ ᠨᠠᠢᠮᠠᠨ ᠤ ᠦᠯᠵᠡᠶᠢᠳᠦ ᠰᠠᠶᠢᠬᠠᠨ ᠡᠳᠦᠷ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠪᠠᠶ᠋ᠬᠠᠤᠪᠤᠭ᠎ᠠ ᠰᠤᠮᠤᠨ ᠤ ︽ᠪᠠᠶᠠᠨ ᠪᠤᠭᠳᠠ ᠭᠠᠯ ᠤᠶᠠᠭ᠎ᠠ︾ ᠶᠢᠨ ᠬᠢᠨ ᠠᠩᠬᠠᠳᠤᠭᠠᠷ ᠤᠳᠠᠭᠠᠨ ᠤ ᠬᠤᠷᠳᠤᠨ ᠮᠤᠷᠢᠨ ᠤ ᠰᠢᠨᠳᠠᠰᠦ ᠰᠢᠯᠭᠠᠬᠤ ᠤᠷᠤᠯᠳᠤᠭᠠᠨ ᠡᠷᠬᠢᠯᠡᠨ ᠶᠠᠪᠤᠭᠳᠠᠭᠤᠯᠵᠦ᠂ ᠰᠦᠨᠢᠳ᠂ ᠲᠦᠷᠪᠡᠳ᠂ ᠤᠷᠠᠳ ᠵᠡᠷᠭᠡ ᠬᠤᠰᠢᠭᠤ ᠨᠤᠳᠤᠭ ᠠᠴᠠ ᠤᠯᠠᠨ ᠰᠠᠶᠢᠬᠠᠨ ᠬᠤᠷᠳᠤᠨ ᠬᠦᠯᠦᠭ ᠤᠳ ᠤᠷᠤᠯᠳᠤᠭᠠᠨ ᠳᠤ ᠬᠤᠨᠳᠤᠯᠠᠵᠦ᠂ ᠮᠤᠩᠭᠤᠯ ᠮᠤᠷᠢᠨ ᠤ ᠬᠤᠷᠢᠨ ᠭᠠᠵᠠᠷ ᠤᠨ ᠲᠤᠭᠤᠷᠢᠭ ᠤᠷᠤᠯᠳᠤᠭᠠᠨ ᠳᠤ ᠪᠠᠶᠠᠠᠨᠠᠭᠤᠷ ᠬᠤᠳᠠ ᠶᠢᠨ ᠤᠷᠠᠳ ᠤᠨ ᠲᠤᠮᠳᠠ ᠬᠤᠰᠢᠭᠤᠨ ᠤ ᠬᠦᠳᠡᠷ ᠤᠨ ᠬᠠᠯᠳᠠᠷ ᠮᠤᠷᠢ ᠮᠠᠩᠨᠠᠢ ᠳᠤ ᠪᠠᠨ ᠲᠤᠭᠤᠰᠦ ᠦᠭᠡᠢ ᠬᠤᠷᠳᠤᠯᠠᠵᠦ᠂ ᠲᠠᠷᠬᠠᠨ ᠮᠤᠤᠮᠢᠩᠭᠠᠨ ᠤ ᠭᠡᠷᠡᠯᠳᠦ ᠶᠢᠨ ᠬᠡᠭᠡᠷ ᠮᠤᠷᠢ ᠠᠮᠠᠨ ᠬᠦᠵᠡᠭᠦᠳᠡᠵᠦ᠂ ᠪᠠᠷᠠᠭᠤᠨ ᠰᠦᠨᠢᠳ ᠤᠨ ᠯᠤᠳᠠ ᠶᠢᠨ ᠬᠠᠯᠳᠠᠷ ᠮᠤᠷᠢ ᠭᠤᠷᠪᠠ ᠳᠤ ᠲᠤᠳᠤᠷᠠᠵᠦ ᠬᠤᠷᠳᠤᠯᠠᠨ᠂ ᠡᠷᠯᠢᠰᠡ ᠮᠤᠷᠢᠨ ᠤ ᠬᠤᠷᠢᠨ ᠭᠠᠵᠠᠷ ᠤᠨ ᠲᠤᠭᠤᠷᠢᠭ ᠤᠷᠤᠯᠳᠤᠭᠠᠨ ᠳᠤ ᠲᠠᠷᠬᠠᠨ ᠮᠤᠤᠮᠢᠩᠭᠠᠨ ᠤ ᠠᠳᠢᠶ᠎ᠠ ᠶᠢᠨ ᠬᠦᠷᠡᠩ ᠮᠤᠷᠢ ᠲᠡᠷᠢᠭᠦᠯᠡᠵᠦ᠂ ᠲᠠᠷᠬᠠᠨ ᠮᠤᠤᠮᠢᠩᠭᠠᠨ ᠤ ᠬᠡᠰᠢᠭᠪᠦᠷᠢᠨ ᠤ ᠬᠡᠬᠡᠷ ᠮᠤᠷᠢ ᠲᠡᠳ᠋ᠯᠡᠵᠦ᠂ ᠲᠦᠷᠪᠡᠳ ᠤᠨ ᠵᠤᠷᠢᠭᠳᠦ ᠶᠢᠨ ᠬᠠᠯᠵᠠᠨ ᠬᠡᠬᠡᠷ ᠭᠤᠷᠪᠠ ᠳᠤ ᠬᠤᠷᠳᠠᠯᠠᠭᠰᠠᠨ ᠪᠠᠶᠢᠨ᠎ᠠ᠃      ︽ᠪᠠᠶᠠᠨ ᠪᠤᠭᠳᠠ ᠭᠠᠯ ᠤᠶᠠᠭ᠎ᠠ︾ ᠠᠴᠠ ᠵᠢᠯ ᠴᠠᠭᠠᠨ ᠰᠠᠷ᠎ᠠ ᠶᠢᠨ ᠬᠤᠭᠤᠴᠠᠭᠠᠨ ᠳᠤ ᠡᠷᠬᠢᠯᠡᠨ ᠶᠠᠪᠤᠭᠳᠠᠭᠤᠯᠤᠭᠰᠠᠨ ᠡᠨᠡᠬᠦ ᠤᠷᠤᠯᠳᠤᠭᠠᠨ ᠨᠢ ᠨᠢᠵᠢᠭᠢᠷ ᠰᠠᠶᠢᠬᠠᠨ ᠶᠠᠪᠤᠭᠳᠠᠵᠦ᠂ ᠬᠦᠷᠦᠯᠴᠡᠨ ᠢᠷᠡᠭᠰᠡᠨ ᠬᠦᠮᠦᠨ ᠤᠯᠠᠨ ᠤ ᠬᠡᠶᠢᠮᠤᠷᠢ ᠶᠢ ᠰᠡᠷᠭᠦᠭᠡᠵᠦ᠂ ᠤᠷᠮ᠎ᠠ ᠶᠢ ᠬᠦᠭᠵᠢᠭᠡᠭᠰᠡᠨ ᠰᠠᠶᠢᠬᠠᠨ ᠤᠷᠤᠯᠳᠤᠭᠠᠨ ᠪᠤᠯᠤᠭᠰᠠᠨ ᠪᠠᠶᠢᠨ᠎ᠠ᠃  
 
 
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号