ᠭᠡᠵᠢᠭᠡ ᠪᠠᠨ ᠤᠬᠢᠶᠠᠭᠠᠳ ᠳᠠᠷᠦ᠋ᠬᠠᠨ ᠦᠯᠢᠶᠡᠵᠦ ᠬᠠᠲᠠᠭᠠᠬᠤ ᠦᠦ︖
ᠨᠡᠶᠢᠲᠡᠯᠡᠭᠰᠡᠨ ᠴᠠᠭ᠄
2022/9/28
      ᠣᠷᠴᠢᠮ ᠳᠤ ᠮᠠᠰᠢ ᠣᠯᠠᠨ ᠬᠥᠮᠦᠨ ᠲᠣᠯᠣᠭᠠᠶ ᠪᠠᠨ ᠤᠬᠢᠶᠠᠭᠰᠠᠨ ᠤ ᠳᠠᠷᠠᠭ᠎ᠠ ᠳᠠᠷᠤᠢ ᠳᠤᠨᠢ ᠦᠯᠢᠶᠡᠵᠦ ᠬᠠᠲᠠᠭᠠᠬᠤ ᠡᠰᠡᠬᠦ ᠶᠢ ᠰᠦᠯᠵᠢᠶᠡᠨ ᠳᠡᠭᠡᠷ᠎ᠡ ᠮᠠᠷᠭᠤᠯᠳᠤᠵᠤ ᠪᠠᠶᠢᠨ᠎ᠠ᠃ ᠪᠡᠭᠡᠵᠢᠩ ᠶᠡᠭᠡ ᠰᠤᠷᠭᠠᠭᠤᠯᠢ ᠵᠢᠨ‌ᠨᠢᠭᠡᠳᠦᠭᠡᠷ ᠡᠮᠨᠡᠯᠭᠡ ᠶᠢᠨ ᠬᠤᠷᠢᠶᠠᠨ ᠤ  ᠠᠷᠠᠰᠤᠨ ᠤ ᠰᠠᠯᠠᠭᠠᠨ ᠤ ᠡᠷᠬᠢᠯᠡᠭᠴᠢ ᠡᠮᠴᠢ ᠶᠠᠩ ᠱᠤ᠋ ᠰᠢᠶᠠ ᠢᠯᠡᠷᠬᠡᠶᠢᠯᠡᠬᠦ ᠳᠡᠭᠡᠨ᠄ ︽ᠲᠣᠯᠣᠭᠠᠶ ᠪᠠᠨ ᠤᠬᠢᠶᠠᠭᠰᠠᠨ ᠤ ᠳᠠᠷᠠᠭ᠎ᠠ ᠭᠡᠵᠢᠭᠡ ᠶᠢ ᠳᠠᠷᠦ᠋ᠢᠬᠠᠨ ᠦᠯᠢᠶᠡᠨ ᠬᠠᠳᠠᠭᠠᠵᠤ ᠪᠣᠯᠬᠤ ᠥᠬᠡᠶ︾᠂ ᠵᠠᠷᠢᠮ ᠬᠥᠮᠦᠨ ᠭᠡᠵᠢᠭᠡ ᠪᠠᠨ ᠤᠬᠢᠶᠠᠵᠤ ᠪᠠᠷᠠᠪᠠᠯ ᠴᠠᠬᠢᠯᠭᠠᠨ ᠦᠯᠢᠶᠡᠭᠦᠷ ᠢ ᠨᠡᠯᠢᠶᠡᠳ ᠶᠡᠭᠡ‌ᠬᠠᠯᠠᠭᠤᠨ ᠳᠤ ᠲᠣᠬᠢᠷᠠᠭᠤᠯᠤᠨ ᠦᠯᠢᠶᠡᠯᠭᠡᠳᠡᠭ᠂ ᠡᠨᠡ ᠦᠶ᠎ᠡ ᠳᠤ ᠭᠡᠵᠢᠭᠡᠨ ᠳᠣᠲᠣᠷᠠᠬᠢ ᠤᠰᠤ ᠨᠢ ᠠᠭᠤᠷᠰᠢᠭᠠᠳ‌ᠦᠰᠦᠨ ᠳᠣᠲᠣᠷ᠎ᠠ ︽ᠬᠥᠭᠡᠰᠦᠯᠢᠭ  ᠭᠡᠵᠢᠭᠡ︾ ᠭᠠᠷᠴᠤ ᠦᠰᠦ ᠠᠮᠠᠷᠬᠠᠨ ᠬᠤᠭᠤᠷᠳᠠᠭ ᠭᠡᠪᠡ᠃ ᠠᠶᠠᠨᠳᠠᠭᠠᠨ‌ᠬᠠᠳᠠᠭᠠᠬᠤ ᠳᠤᠷᠠᠲᠠᠶ ᠬᠥᠮᠦᠨ ᠳᠤ ᠶᠠᠩ ᠡᠮᠴᠢ ᠰᠠᠨᠠᠭᠤᠯᠤᠭᠰᠠᠨ ᠨᠢ᠄ ︽ᠠᠶᠠᠨᠳᠠᠭᠠᠨ ᠬᠠᠲᠠᠭᠠᠬᠤ ᠶᠠᠪᠤᠴᠠ ᠳᠤ ᠭᠡᠵᠢᠭᠡ ᠪᠠᠨ ᠪᠢᠲᠡᠭᠡᠶ ᠠᠬᠢᠨ ᠲᠠᠬᠢᠨ ᠰᠠᠮᠨᠠᠭᠠᠳ ᠪᠤᠢ︾᠃ ᠦᠰᠦ ᠨᠦᠢᠲᠠᠨ ᠦᠶ᠎ᠡ ᠳᠡᠭᠡᠨ᠂ ᠦᠰᠦᠨ ᠤ ᠬᠠᠭᠤᠷᠠᠶ ᠦᠷᠦᠯᠲᠡ ᠶᠢᠨ ᠬᠦᠴᠦ ᠲᠦᠢᠯ ᠤᠨ ᠶᠡᠭᠡ᠂ ᠭᠡᠵᠢᠭᠡ ᠪᠠᠰᠠ ᠨᠡᠯᠢᠶᠡᠳ ᠬᠡᠪᠡᠷᠡᠭ ᠪᠠᠶᠢᠳᠠᠯ ᠳᠤ ᠤᠷᠤᠵᠤ᠂ ᠳᠠᠬᠢᠨ‌‍ᠲ᠋ᠠᠪᠲᠠᠨ ᠰᠠᠮᠨᠠᠪᠠᠯ ᠭᠡᠵᠢᠭᠡ ᠶᠢ ᠭᠡᠮᠲᠦᠭᠡᠨ᠎ᠡ ᠭᠡᠯ᠎ᠡ᠃ 
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号