ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ2022 ᠤᠨ ᠤ ᠤᠬᠤᠷ ᠸᠢᠳᠢᠤ᠋ ᠶᠢᠨ ᠰᠢᠭᠤᠳ ᠨᠡᠪᠳᠡᠷᠡᠭᠦᠯᠭᠡ ᠶᠢᠨ ᠪᠤᠯᠪᠠᠰᠤᠷᠠᠯ ᠵᠢᠴᠢ ᠬᠤᠶᠠᠳᠤᠭᠠᠷ ᠬᠤᠭᠤᠴᠠᠭᠠᠨ ᠤ ᠪᠤᠯᠪᠠᠰᠤᠷᠠᠯ ᠤᠨ ᠠᠩᠭᠢ ᠡᠬᠢᠯᠡᠪᠡ
ᠨᠡᠶᠢᠲᠡᠯᠡᠭᠰᠡᠨ ᠴᠠᠭ᠄
2022/8/13
      8 ᠰᠠᠷ᠎ᠠ ᠶᠢᠨ12 ᠤ ᠡᠳᠦᠷ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ2022 ᠤᠨ ᠤ ᠤᠬᠤᠷ ᠸᠢᠳᠢᠤ᠋ ᠶᠢᠨ ᠰᠢᠭᠤᠳ ᠨᠡᠪᠳᠡᠷᠡᠭᠦᠯᠭᠡ ᠶᠢᠨ ᠪᠤᠯᠪᠠᠰᠤᠷᠠᠯ ᠵᠢᠴᠢ ᠬᠤᠶᠠᠳᠤᠭᠠᠷ ᠬᠤᠭᠤᠴᠠᠭᠠᠨ ᠤ ᠡᠯᠧᠺᠲᠷᠤᠨ ᠬᠤᠳᠠᠯᠳᠤᠭᠠᠨ ᠤ ᠪᠤᠯᠪᠠᠰᠤᠷᠠᠯ ᠤᠨ ᠠᠩᠭᠢ ᠬᠤᠰᠢᠭᠤᠨ ᠤ ᠨᠠᠮ ᠤᠨ ᠰᠤᠷᠭᠠᠭᠤᠯᠢ ᠶᠢᠨ ᠭᠤᠷᠪᠠᠳᠤᠭᠠᠷ ᠲᠠᠪᠬᠤᠷᠭ᠎ᠠ  ᠶᠢᠨ ᠬᠤᠷᠠᠯ ᠤᠨ ᠲᠠᠰᠤᠭ ᠲᠤ ᠶᠠᠪᠤᠭᠳᠠᠭᠰᠠᠨ ᠪᠠᠶᠢᠨ᠎ᠠ᠃
微信图片_20220815084357.jpg     
      ᠪᠤᠯᠪᠠᠰᠤᠷᠠᠯ ᠳᠤ᠂ ᠮᠡᠷᠭᠡᠵᠢᠯ ᠤᠨ ᠪᠠᠭᠰᠢ ᠠᠴᠠ ᠬᠠᠮᠤᠭ ᠤᠨ ᠲᠡᠷᠢᠭᠦᠨ ᠤ ᠤᠬᠤᠷ ᠸᠢᠳᠢᠤ᠋ ᠰᠡᠭᠦᠳᠡᠷᠯᠡᠬᠦ᠃ ᠰᠢᠭᠤᠳ ᠨᠡᠪᠳᠡᠷᠡᠭᠦᠯᠬᠡ ᠶᠢᠨ ᠸᠢᠳᠢᠤ᠋ ᠰᠡᠭᠦᠳᠡᠷᠯᠡᠨ ᠨᠠᠶᠢᠷᠠᠭᠤᠯᠬᠤ ᠤᠨᠤᠯ ᠤᠨ ᠮᠡᠳᠡᠯᠬᠡ᠂ ᠤᠬᠤᠷ ᠸᠢᠳᠢᠤ᠋ ᠶᠢ ᠠᠰᠢᠭᠯᠠᠨ ᠤᠷᠤᠯᠭ᠎ᠠ ᠪᠠᠨ ᠬᠡᠷᠬᠢᠨ ᠨᠠᠮᠡᠭᠳᠡᠭᠦᠯᠬᠦ᠂ ᠰᠦᠯᠵᠢᠶᠡᠨ ᠤ ᠦᠨᠡᠨ ᠪᠤᠳᠠᠳᠦ ᠬᠡᠷᠡᠭ ᠵᠢᠱᠢᠶ᠎ᠡ ᠶᠢᠨ ᠲᠤᠭ᠎ᠠ ᠪᠠᠷᠢᠮᠳᠠ ᠶᠢᠨ ᠵᠠᠳᠠᠯᠤᠯᠳᠠ᠂ ᠰᠡᠭᠦᠯᠴᠢ ᠶᠢᠨ ᠬᠤᠭᠤᠴᠠᠭᠠᠨ ᠤ ᠨᠠᠶᠢᠷᠠᠭᠤᠯᠬᠤ ᠵᠡᠷᠭᠡ ᠲᠤᠰᠬᠠᠢ ᠮᠡᠷᠭᠡᠵᠢᠯ ᠤᠨ ᠮᠡᠳᠡᠯᠭᠡ ᠶᠢ ᠲᠦᠭᠦᠮ ᠤᠶᠢᠯᠠᠭᠠᠮᠵᠢᠳᠡᠢ ᠦᠬᠡ ᠶᠠᠷᠢᠶ᠎ᠠ ᠪᠠᠷ ᠨᠠᠷᠢᠨ ᠲᠠᠶᠢᠯᠪᠤᠷᠢᠯᠠᠭᠰᠠᠨ ᠪᠠᠶᠢᠨ᠎ᠠ᠃
      ᠲᠤᠰ ᠤᠳᠠᠭᠠᠨ ᠤ ᠪᠤᠯᠪᠠᠰᠤᠷᠠᠯ ᠳᠤ᠂ ᠰᠤᠷᠤᠭᠴᠢᠳ ᠨᠠᠷᠢᠨ ᠨᠢᠮᠪᠠᠢ ᠰᠤᠷᠤᠯᠴᠠᠨ ᠲᠡᠮᠳᠡᠭᠯᠡᠵᠦ᠂ ᠬᠢᠴᠢᠶᠡᠯᠯᠡᠵᠦ ᠪᠠᠶᠢᠭ᠎ᠠ ᠪᠠᠭᠰᠢ ᠲᠠᠢ ᠢᠳᠡᠪᠬᠢᠳᠡᠢ ᠪᠠᠷ ᠰᠠᠨᠠᠯ ᠢᠶᠠᠨ ᠰᠤᠯᠢᠯᠴᠠᠵᠦ᠂ ᠡᠯᠧᠺᠲᠷᠤᠨ ᠬᠤᠳᠠᠯᠳᠣᠭᠠᠨ ᠤ ᠮᠡᠳᠡᠯᠭᠡ ᠶᠢᠨ ᠲᠤᠬᠠᠢ ᠤᠠᠶᠢᠯᠠᠭᠠᠯᠳᠠ ᠪᠠᠨ ᠨᠡᠮᠡᠭᠳᠡᠭᠦᠯᠦᠨ᠂ ᠤᠬᠤᠷ ᠸᠢᠳᠢᠤ᠋᠂ ᠡᠯᠧᠺᠲᠷᠤᠨ ᠬᠤᠳᠠᠯᠳᠤᠭᠠᠨ ᠤ ᠬᠦᠭᠵᠢᠯᠳᠡ ᠶᠢᠨ ᠤᠷ᠎ᠠ ᠴᠢᠳᠠᠪᠤᠷᠢ ᠪᠠ ᠮᠡᠷᠭᠡᠵᠢᠯ ᠤᠨ ᠲᠠᠯ᠎ᠠ ᠳᠤ ᠲᠡᠭᠡᠭᠰᠢᠯᠡᠯᠳᠡ ᠲᠠᠢ ᠪᠤᠯᠤᠭᠰᠠᠨ ᠪᠠᠶᠢᠨ᠎ᠠ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号