︽ᠲᠠᠭᠱᠢᠨ ᠲᠠᠩᠰᠤᠭ ᠲᠠᠷᠬᠠᠨ ᠮᠤᠤᠮᠢᠩᠭᠠᠨ︾ — ᠲᠤᠤ ᠮᠠ ᠭᠸᠦ ᠲᠤᠰᠬᠤᠨ ᠤ ᠦᠵᠡᠮᠵᠢ ᠶᠢᠨ ᠤᠷᠤᠨ
ᠨᠡᠶᠢᠲᠡᠯᠡᠭᠰᠡᠨ ᠴᠠᠭ᠄
2022/7/22
      ᠲᠤᠤ ᠮᠠ ᠭᠸᠦ ᠲᠤᠰᠬᠤᠨ ᠤ ᠦᠵᠡᠮᠵᠢ ᠶᠢᠨ ᠤᠷᠤᠨ ᠪᠤᠯ ᠮᠠᠨ ᠤ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠦᠬᠡᠷᠬᠤᠳᠳᠤᠭ ᠪᠠᠯᠭᠠᠰᠤᠨ ᠳᠤ ᠪᠠᠶᠢᠷᠢᠯᠠᠵᠦ᠂ ᠬᠤᠰᠢᠭᠤ ᠵᠠᠰᠠᠭ ᠤᠨ ᠤᠷᠳᠤᠨ ᠤ ᠰᠠᠭᠤᠭ᠎ᠠ ᠭᠠᠵᠠᠷ ᠪᠠᠳᠤᠬᠠᠭᠠᠯᠭ᠎ᠠ ᠪᠠᠯᠭᠠᠰᠤᠨ ᠠᠴᠠ35 ᠺᠢᠯᠤᠮᠧᠲᠷ᠂ ᠬᠦᠬᠡᠬᠤᠳᠠ ᠠᠴᠠ142 ᠺᠢᠯᠤᠮᠧᠲᠷ᠂ ᠪᠤᠭᠤᠳᠦ ᠬᠤᠳᠠ ᠠᠴᠠ138 ᠺᠢᠯᠤᠮᠧᠲᠷ ᠵᠠᠶᠢᠳᠠᠢ ᠵᠠᠮ ᠬᠠᠷᠢᠯᠴᠠᠭ᠎ᠠ ᠮᠠᠰᠢ ᠲᠦᠬᠦᠮ ᠲᠦᠳᠡ ᠪᠠᠶᠢᠵᠦ᠂ ᠲᠠᠷᠢᠶᠠᠯᠠᠩ ᠮᠠᠯ ᠠᠵᠦ ᠠᠬᠤᠢ ᠶᠢᠨ ᠪᠦᠬᠦ ᠠᠵᠦ ᠦᠢᠯᠡᠰ ᠤᠨ ᠬᠡᠯᠬᠢᠶ᠎ᠡ ᠳᠤ ᠰᠠᠭᠤᠷᠢᠯᠠᠵᠦ ᠴᠤᠭᠴᠠᠯᠠᠭᠰᠠᠨ ᠤᠨᠴᠠᠯᠦᠭᠳᠦ ᠬᠦᠳᠡᠭᠡ ᠲᠤᠰᠬᠤᠨ ᠤ ᠬᠡᠪ ᠨᠠᠮᠪᠠ ᠲᠠᠢ ᠦᠵᠡᠮᠵᠢ ᠶᠢᠨ ᠤᠷᠤᠨ ᠪᠤᠯᠬᠤ ᠶᠤᠮ᠃
微信图片_20220722091129.jpg
      ᠦᠩᠭᠡᠷᠡᠭᠰᠡᠨ ᠤ ᠲᠤᠤ ᠮᠠ ᠭᠸᠦ ᠲᠤᠰᠬᠤᠨ ᠨᠢ ᠵᠢᠯ ᠤᠨ ᠬᠦᠮᠦᠨ ᠲᠤᠮᠳᠠᠴᠢ ᠶᠢᠨ ᠣᠷᠣᠯᠭ᠎ᠠ3000 ᠲᠦᠭᠦᠷᠢᠭ ᠲᠤ ᠬᠦᠷᠬᠦ ᠦᠬᠡᠢ᠂ ᠤᠯᠤᠰ ᠤᠨ ᠲᠡᠰ ᠤᠨ ᠶᠠᠳᠠᠭᠤ ᠬᠦᠴᠢᠷᠳᠡᠯᠳᠡᠢ ᠡᠷᠦᠬᠡ9 ᠪᠠᠶᠢᠭᠰᠠᠨ ᠶᠠᠳᠠᠭᠤ ᠬᠦᠴᠢᠷᠳᠡᠯᠳᠡᠢ ᠬᠠᠭᠤᠴᠢᠨ ᠲᠤᠰᠬᠤᠨ ᠪᠠᠶᠢᠪᠠ᠃ ︽2016 ᠤᠨ ᠠᠴᠠ ᠡᠬᠢᠯᠡᠨ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤ ᠪᠠ ᠰᠢᠪᠡᠷᠭᠦᠷᠢᠶ᠎ᠡ ᠲᠡᠮᠦᠷ ᠤᠨ ᠠᠭᠤᠷᠬᠠᠢ ᠶᠢᠨ ᠪᠦᠯᠦᠭᠯᠡᠯ ﹇ᠺᠤᠮᠫᠠᠨᠢ + ᠬᠤᠷᠰᠢᠶ᠎ᠠ + ᠰᠠᠭᠤᠷᠢᠨ ᠭᠠᠵᠠᠷ + ᠲᠠᠷᠢᠶᠠᠴᠢᠨ ᠡᠷᠦᠬᠡ﹈ ᠶᠢᠨ ᠰᠢᠨ᠎ᠡ ᠬᠡᠯᠪᠡᠷᠢ ᠶᠢᠨ ᠡᠵᠡᠩᠨᠡᠯᠳᠡ ᠶᠢᠨ ᠵᠠᠭᠪᠤᠷ ᠢ ᠢᠳᠡᠪᠬᠢᠳᠡᠢ  ᠪᠠᠷ ᠬᠠᠶᠢᠨ ᠰᠦᠪᠡᠭᠴᠢᠯᠡᠵᠦ᠂ ᠰᠢᠪᠡᠷᠬᠦᠷᠢᠶ᠎ᠡ ᠲᠡᠮᠦᠷ ᠤᠨ ᠠᠭᠤᠷᠬᠠᠢ ᠠᠴᠠ ᠪᠡᠯᠡ ᠮᠦᠩᠭᠦ ᠭᠠᠷᠭᠠᠵᠦ ᠦᠪᠦᠷ ᠮᠤᠩᠭᠤᠯ ᠤᠨ ᠹᠧᠩ ᠢᠦᠢ ᠲᠠᠷᠢᠶᠠᠯᠠᠩ ᠮᠠᠯ ᠠᠵᠦ ᠠᠬᠤᠢ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠬᠢᠵᠠᠭᠠᠷᠳᠦ ᠬᠠᠷᠢᠭᠤᠴᠠᠯᠭᠠᠳᠦ ᠺᠤᠮᠫᠠᠨᠢ ᠶᠢ ᠪᠠᠶᠢᠭᠤᠯᠵᠦ᠂ ᠤᠷᠢᠳ ᠬᠤᠵᠢᠳ ᠲᠤᠤ ᠮᠠ ᠭᠸᠦ ᠲᠤᠰᠬᠤᠨ ᠵᠢᠴᠢ ᠡᠷᠬᠢᠨ ᠲᠤᠭᠤᠷᠢᠨ ᠤ ᠲᠤᠰᠬᠤᠨ ᠤ ᠠᠷᠠᠳ ᠤᠨ2300 ᠭᠠᠷᠤᠢ ᠮᠤ᠋ ᠭᠠᠵᠠᠷ ᠰᠢᠷᠤᠢ ᠶᠢ ᠰᠢᠯᠵᠢᠭᠦᠯᠵᠦ᠂500 ᠭᠠᠷᠤᠢ ᠮᠤ᠋ ᠭᠤᠤᠯ ᠤᠨ ᠭᠠᠵᠠᠷ ᠢ ᠴᠡᠭᠴᠡᠯᠡᠨ ᠦᠭᠡᠷᠡᠴᠢᠯᠡᠵᠦ᠂3.5 ᠳ᠋ᠦᠩᠰᠢᠭᠤᠷ ᠲᠦᠭᠦᠷᠢᠭ ᠤᠨ ᠪᠡᠯᠡ ᠤᠷᠤᠭᠤᠯᠵᠦ ᠲᠤᠤ ᠮᠠ ᠭᠸᠦ ᠲᠠᠷᠢᠶᠠᠯᠠᠩ ᠤᠨ ᠲᠤᠰᠬᠤᠨ ᠢ ᠰᠢᠨ᠎ᠡ ᠪᠠᠷ ᠪᠠᠶᠢᠭᠤᠯᠵᠦ᠂ ᠲᠠᠷᠢᠬᠤ᠂ ᠲᠡᠵᠢᠭᠡᠬᠦ᠂ ᠡᠳᠡᠰᠢᠯᠡᠬᠦᠯᠬᠦ᠂ ᠵᠢᠭᠤᠯᠴᠢᠯᠠᠬᠤ ᠶᠢ ᠨᠢᠭᠡ ᠴᠤᠭᠴᠠᠵᠢᠭᠤᠯᠤᠭᠰᠠᠨ᠂ ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠦ ᠦᠢᠯᠡᠰ ᠢ ᠭᠦᠨᠵᠡᠭᠡᠢ ᠠᠭᠤᠰᠤᠯᠴᠠᠭᠤᠯᠤᠭᠰᠠᠨ ᠭᠠᠵᠠᠷ ᠢ ᠡᠷᠴᠢᠮᠵᠢᠭᠦᠯᠦᠨ ᠬᠡᠷᠡᠭᠯᠡᠵᠦ᠂2000 ᠭᠠᠷᠤᠢ ᠮᠤ᠋ ᠪᠤᠭᠤᠳᠡᠢ᠂ ᠶᠤᠤᠮᠠᠢ᠂ ᠰᠠᠭᠠᠭ᠂ ᠲᠦᠮᠦᠰᠦ᠂ ᠡᠷᠳᠡᠯᠢ ᠰᠢᠰᠢ ᠵᠡᠷᠭᠡ ᠪᠤᠬᠢᠷᠳᠤᠯ ᠦᠭᠡᠢ ᠤᠷᠭᠠᠨᠢᠭ ᠲᠠᠷᠢᠮᠠᠯ ᠢ ᠲᠠᠷᠢᠵᠦ᠂ ᠴᠤ᠋ ᠰᠢᠨ᠎ᠡ ᠬᠠᠰᠢᠶ᠎ᠠ ᠰᠠᠷᠠᠪᠴᠢᠨ ᠳᠤ ᠪᠠᠨ ᠠᠮᠢᠳᠠᠨ ᠵᠢᠭᠦᠷᠳᠡᠨ ᠢ ᠬᠠᠰᠢᠶᠠᠯᠠᠨ ᠲᠡᠵᠢᠭᠡᠵᠦ᠂ ᠤᠤᠯ ᠤᠨ ᠬᠠᠭᠤᠴᠢᠨ ᠲᠤᠰᠬᠤᠨ ᠠᠴᠠ ᠪᠠᠨ ᠤᠳᠤ ᠶᠢᠨ ᠠᠭᠤᠯᠠ ᠲᠤᠭᠦᠷᠡᠩ ᠨᠠᠷᠠᠰᠦ ᠮᠠᠶᠢᠯᠠᠰᠦ ᠤᠳᠠ ᠤᠯᠢᠶᠠᠰᠦ ᠪᠦᠷᠬᠦᠵᠦ᠂ ᠢᠳᠡᠭᠡᠨ ᠤᠮᠳᠠᠭᠠᠨ ᠨᠢ ᠦᠵᠡᠮᠵᠢ ᠶᠢᠨ ᠤᠷᠤᠨ ᠤ ᠦᠪᠡᠷ ᠢᠶᠠᠨ ᠲᠠᠷᠢᠵᠦ ᠲᠡᠵᠢᠭᠡᠭᠰᠡᠨ ᠤᠷᠭᠠᠨᠢᠭ ᠢᠳᠡᠭᠡᠨ ᠢᠶᠠᠷ ᠭᠤᠤᠯᠯᠠᠵᠦ᠂ ᠠᠳᠡᠬᠢ ᠤᠨᠴᠠᠯᠢᠭᠳᠦ ᠮᠤᠳᠤᠨ ᠭᠡᠷ ᠨᠢ ᠲᠠ ᠨᠠᠷ ᠤᠨ ᠰᠡᠯᠡᠭᠦᠴᠡᠯ ᠵᠢᠭᠤᠯᠴᠢᠯᠠᠯ ᠢ ᠨᠡᠩ ᠦᠪᠡᠷᠮᠢᠴᠡ ᠤᠨᠴᠠᠯᠢᠭ ᠲᠠᠢ ᠪᠤᠯᠭᠠᠬᠤ ᠪᠠᠷ ᠦᠯᠦ ᠪᠠᠷᠠᠨ᠂ ᠤᠳᠤᠨ ᠲᠡᠰ ᠤᠨ ᠨᠦᠬᠡᠨ ᠭᠡᠷ ᠨᠢ ᠱᠠᠨ ᠰᠢ᠂ ᠱᠠᠨᠰᠢ ᠶᠢᠨ ᠨᠦᠬᠡᠨ ᠭᠡᠷ ᠤᠨ ᠬᠡᠪ ᠮᠠᠨᠪᠠ ᠶᠢ ᠪᠠᠳᠤᠯᠠᠭᠰᠠᠨ ᠰᠠᠭᠤᠷᠢᠨ ᠲᠡᠭᠡᠷ᠎ᠡ᠂ ᠤᠳᠤᠬᠢᠴᠢᠯᠠᠭᠰᠠᠨ ᠲᠦᠭᠦᠬᠡᠷᠦᠮᠵᠢ ᠶᠢ ᠲᠤᠬᠢᠷᠠᠭᠤᠯᠤᠭᠰᠠᠨ ᠪᠤᠯᠬᠤᠷ ᠲᠠᠨ ᠤ ᠵᠢᠭᠤᠯᠴᠢᠯᠠᠯ ᠤᠨ ᠠᠶᠠᠨ ᠳᠤ ᠨᠡᠩ ᠲᠤᠬᠢᠯᠢᠭ ᠤᠷᠤᠨ ᠰᠠᠭᠤᠴᠠ ᠬᠠᠩᠭᠠᠵᠦ᠂ ᠠᠷᠤ ᠭᠠᠵᠠᠷ ᠤᠨ ᠵᠶᠠᠩᠨᠠᠨ ᠤ ᠬᠡᠪ ᠨᠠᠮᠪᠠᠳᠤ ᠬᠦᠷᠢᠶ᠎ᠡ ᠪᠠᠶᠢᠰᠢᠩ ᠵᠡᠷᠭᠡ ᠭᠤᠶᠤ ᠰᠠᠶᠢᠬᠠᠨ ᠰᠢᠨ᠎ᠡ ᠬᠦᠳᠡᠭᠡ ᠲᠤᠰᠬᠤᠨ ᠤ ᠲᠦᠷᠰᠦ ᠪᠠᠶᠢᠳᠠᠯ ᠲᠠᠨ ᠤ ᠬᠠᠷᠠᠭ᠎ᠠ ᠶᠢ ᠪᠠᠶᠠᠰᠬᠠᠨ ᠪᠠᠶᠡᠴᠢᠯᠡᠨ ᠤᠶᠢᠯᠠᠭᠠᠵᠦ ᠵᠢᠭᠤᠯᠴᠢᠯᠠᠬᠤ ᠰᠡᠳᠬᠢᠯᠬᠡ ᠶᠢ ᠴᠢᠨᠢ ᠨᠠᠩ ᠬᠦᠭᠰᠡᠭᠦᠯᠬᠦ ᠶᠤᠮ᠃
微信图片_20220722091135.jpg
      ᠡᠳᠦᠬᠡ᠂ ᠬᠦᠳᠡᠭᠡ ᠲᠤᠰᠬᠤᠨ ᠤᠨ ᠬᠦᠭᠵᠢᠭᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠬᠡᠷᠡᠭᠵᠢᠭᠦᠯᠬᠦ  ᠪᠠᠷ ᠲᠠᠮᠵᠢᠭᠤᠯᠵᠦ᠂ ᠬᠦᠳᠡᠭᠡ ᠲᠤᠰᠬᠤᠨ ᠤ ᠵᠢᠭᠤᠯᠴᠢᠯᠠᠯ ᠢ ᠶᠡᠬᠡᠪᠡᠷ ᠬᠦᠭᠵᠢᠭᠦᠯᠵᠦ᠂ ᠬᠠᠭᠤᠴᠢᠨ ᠶᠠᠳᠠᠭᠤ ᠬᠦᠴᠢᠷᠳᠡᠯᠳᠡᠢ ᠲᠤᠤ ᠮᠠ ᠭᠸᠦ ᠲᠤᠰᠬᠤᠨ ᠨᠢ ︽ᠶᠠᠳᠠᠭᠤ ᠬᠦᠴᠢᠷᠳᠡᠯᠳᠡᠢ ᠮᠠᠯᠠᠭᠠᠢ︾ ᠪᠠᠨ ᠲᠠᠶᠠᠭᠳᠠᠭᠰᠠᠨ ᠢᠶᠠᠷ ᠪᠠᠷᠠᠬᠤ ᠦᠭᠡᠢ ᠪᠠᠰᠠ ᠪᠤᠭᠤᠳᠦ ᠶᠢᠨ ᠰᠦᠯᠵᠢᠶᠡᠨ ᠤ ᠨᠡᠷᠡᠳᠦ ᠲᠤᠭᠤᠷᠢᠨ ᠵᠢᠭᠤᠯᠴᠢᠯᠠᠬᠤ ᠦᠵᠡᠮᠵᠢ ᠶᠢᠨ ᠤᠷᠤᠨ ᠪᠤᠯᠵᠦ᠂ ᠦᠢᠯᠡᠳᠪᠦᠷᠢᠯᠡᠯ ᠠᠮᠢᠳᠤᠷᠠᠯ ᠤᠨ ᠠᠷᠭ᠎ᠠ ᠬᠡᠯᠪᠡᠷᠢ ᠶᠢᠨ ᠬᠤᠪᠢᠰᠤᠯᠳᠠ ᠶᠢ ᠪᠡᠶᠡᠯᠡᠭᠦᠯᠦᠨ᠂ ᠲᠠᠩ ᠭᠠᠭᠴᠠ ᠲᠠᠷᠢᠶᠠᠯᠠᠩ ᠤᠨ ᠪᠦᠳᠦᠭᠦᠯᠢᠭ ᠡᠵᠡᠩᠨᠡᠯᠳᠡ ᠠᠴᠠ ᠡᠷᠴᠢᠮᠵᠢᠭᠦᠯᠦᠭᠰᠡᠨ ᠤᠯᠠᠨ ᠡᠰᠢᠴᠢᠯᠡᠭᠰᠡᠨ ᠡᠵᠡᠩᠨᠡᠯᠳᠡ ᠶᠢᠨ ᠵᠠᠭᠪᠤᠷ ᠪᠤᠯᠭᠠᠨ ᠬᠤᠪᠢᠷᠠᠭᠤᠯᠵᠦ᠂ ᠦᠵᠡᠰᠭᠦᠯᠡᠩᠳᠦ ᠰᠠᠶᠢᠬᠠᠨ ᠬᠦᠳᠡᠭᠡ ᠲᠤᠰᠬᠤᠨ ᠤ ᠰᠢᠨ᠎ᠡ ᠲᠦᠷᠰᠦ ᠪᠠᠶᠢᠳᠠᠯ  ᠢᠶᠠᠷ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠵᠠᠮ  ᠳᠠᠬᠢ ᠦᠵᠡᠰᠭᠦᠯᠡᠩᠳᠦ ᠰᠠᠶᠢᠬᠠᠨ ᠦᠵᠡᠮᠵᠢ ᠶᠢᠨ ᠤᠷᠤᠨ ᠪᠤᠯᠵᠦ ᠪᠤᠢ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号