ᠪᠤᠭᠤᠳᠦ ᠬᠤᠳᠠ ᠶᠢᠨ ᠴᠦᠬᠡᠨ ᠲᠤᠭᠠᠳᠦ ᠦᠨᠳᠦᠰᠦᠳᠡᠨ ᠤ ᠲᠦᠯᠦᠭᠡᠯᠡᠭᠴᠢ ᠬᠦᠮᠦᠰ ᠤᠨ ᠪᠤᠯᠪᠠᠰᠤᠷᠠᠯ ᠤᠨ ᠠᠩᠭᠢ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠣᠯᠠᠭᠠᠨᠮᠦ᠋ᠴᠢᠷ ᠤᠨ ᠲᠤᠮᠳᠠᠳᠦ ᠶᠢᠨ ᠦᠨᠳᠦᠰᠦᠳᠡᠨ ᠤ ᠬᠠᠮᠳᠦ ᠶᠢᠨ ᠴᠤᠭᠴᠠ ᠶᠢᠨ ᠤᠬᠠᠮᠰᠠᠷ ᠢ ᠪᠠᠳᠤ ᠴᠤᠭᠴᠠᠯᠠᠨ ᠪᠠᠶᠢᠭᠤᠯᠬᠤ ᠲᠤᠰᠬᠠᠢ ᠲᠠᠯᠠᠪᠤᠷ ᠤᠨ ᠤᠷᠠᠨ ᠰᠠᠶᠢᠬᠠᠨ ᠤ ᠲᠤᠭᠯᠠᠯᠳᠠ ᠶᠢ ᠵᠤᠬᠢᠶᠠᠨ ᠪᠠᠶᠢᠭᠤᠯᠵᠦ ᠰᠤᠨᠢᠷᠬᠠᠪᠠ
ᠨᠡᠶᠢᠲᠡᠯᠡᠭᠰᠡᠨ ᠴᠠᠭ᠄
2022/7/19
      7 ᠰᠠᠷ᠎ᠠ ᠶᠢᠨ17 ᠤ ᠡᠳᠦᠷ᠂ ᠪᠤᠭᠤᠳᠦ ᠬᠤᠳᠠ ᠶᠢᠨ ᠴᠦᠬᠡᠨ ᠲᠤᠭᠠᠳᠦ ᠦᠨᠳᠦᠰᠦᠳᠡᠨ ᠤ ᠲᠦᠯᠦᠭᠡᠯᠡᠭᠴᠢ ᠶᠢᠨ ᠪᠤᠯᠪᠠᠰᠤᠷᠠᠯ ᠤᠨ ᠠᠩᠭᠢ ᠪᠦᠬᠦ ᠰᠤᠷᠤᠭᠴᠢᠳ ᠢᠶᠠᠨ ᠵᠤᠬᠢᠶᠠᠨ ᠪᠠᠶᠢᠭᠤᠯᠵᠦ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠤᠯᠠᠭᠠᠨᠮᠦ᠋ᠴᠢᠷ ᠤᠨ ᠲᠤᠮᠳᠠᠳᠦ ᠶᠢᠨ ᠦᠨᠳᠦᠰᠦᠳᠡᠨ ᠤ ᠬᠠᠮᠳᠦ ᠶᠢᠨ ᠴᠤᠭᠴᠠ ᠶᠢᠨ ᠤᠬᠠᠮᠰᠠᠷ ᠢ ᠪᠠᠳᠤᠳᠬᠠᠬᠤ ᠲᠤᠰᠬᠠᠢ ᠤᠷᠠᠨ ᠰᠠᠶᠢᠬᠠᠨ ᠤ ᠲᠤᠭᠯᠠᠯᠳᠠ ᠶᠢ ᠰᠤᠨᠢᠷᠬᠠᠪᠠ᠃
微信图片_20220719093758.jpg
       ᠲᠤᠭᠯᠠᠯᠳᠠ ᠨᠢ ︽ᠨᠠᠮ ᠢᠶᠠᠨ ᠮᠠᠭᠳᠠᠨ ᠲᠠᠭᠤᠯᠠᠬᠤ᠂ ᠡᠬᠡ ᠤᠯᠤᠰ ᠢᠶᠠᠨ ᠮᠠᠭᠳᠠᠨ ᠲᠠᠭᠤᠯᠠᠬᠤ᠂ ᠠᠷᠠᠳ ᠲᠦᠮᠡᠨ ᠢᠶᠠᠨ ᠮᠠᠭᠳᠠᠨ ᠲᠠᠭᠤᠯᠠᠬᠤ᠂ ᠪᠠᠭᠠᠳᠤᠷᠴᠤᠳ ᠢᠶᠠᠨ ᠮᠠᠭᠳᠠᠨ ᠲᠠᠭᠤᠯᠠᠬᠤ︾ ᠪᠠᠷ ᠤᠷᠠᠨ ᠪᠦᠳᠦᠭᠡᠯ ᠤᠨ ᠤᠳᠤᠷᠢᠳᠤᠮᠵᠢ ᠪᠤᠯᠭᠠᠵᠦ᠂ ᠨᠠᠮ ᠤᠨ ᠲᠦᠪ ᠬᠤᠷᠢᠶᠠᠨ ᠤ ᠬᠠᠯᠠᠮᠵᠢᠯᠠᠯ ᠲᠤᠤᠷ᠎ᠠ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠡᠯ᠎ᠡ ᠦᠨᠳᠦᠰᠦᠳᠡᠨ ᠨᠦᠬᠦᠳ ᠬᠠᠷᠢᠯᠴᠠᠨ ᠲᠤᠳᠤᠨᠢᠴᠢᠯᠠᠵᠦ᠂ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠨ᠂ ᠰᠠᠶᠢᠨ ᠰᠠᠶᠢᠬᠠᠨ ᠠᠮᠢᠳᠤᠷᠠᠯ ᠢᠶᠠᠨ ᠬᠠᠮᠳᠤᠪᠠᠷ ᠴᠤᠭᠴᠠᠯᠠᠨ ᠪᠠᠶᠢᠭᠤᠯᠤᠭᠰᠠᠨ ᠦᠨᠡᠨ ᠪᠤᠳᠠᠳᠦ ᠵᠢᠷᠤᠭᠯᠠᠯ ᠢ ᠭᠦᠢᠴᠡᠳ ᠲᠡᠯᠭᠡᠨ ᠦᠵᠡᠭᠦᠯᠵᠡᠢ᠃
微信图片_20220719093805.jpg
       ᠲᠤᠰᠬᠠᠢ ᠲᠤᠭᠯᠠᠯᠳᠠ ᠨᠢ ᠨᠡᠶᠢᠳᠡ20 ᠤᠷᠠᠨ ᠰᠠᠶᠢᠬᠠᠨ ᠤ ᠪᠦᠳᠦᠭᠡᠯ ᠲᠠᠢ ᠪᠠᠶᠢᠵᠦ᠂ ᠮᠦᠨᠴᠦ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠨᠠᠮ ᠤᠨ ᠬᠤᠷᠢᠶᠠᠨ ᠤ ᠨᠢᠭᠡᠳᠤᠮᠡᠯ ᠹᠷᠤᠨᠲ ᠠᠴᠠ2021 ᠤᠨ ᠳᠤ ᠲᠤᠰᠬᠠᠢ ᠵᠤᠬᠢᠶᠠᠨ ᠪᠦᠳᠦᠭᠡᠬᠦ ᠵᠠᠷᠤᠳᠠᠯ49 ᠲᠦᠮᠡᠨ ᠲᠦᠭᠦᠷᠢᠭ ᠢ ᠭᠤᠶᠤᠴᠢᠯᠠᠵᠦ ᠵᠤᠬᠢᠶᠠᠨ ᠪᠦᠳᠦᠭᠡᠭᠰᠡᠨ ᠲᠤᠮᠳᠠᠳᠦ ᠶᠢᠨ ᠦᠨᠳᠦᠰᠦᠳᠡᠨ ᠤ ᠬᠠᠮᠳᠦ ᠶᠢᠨ ᠴᠤᠭᠴᠠ ᠶᠢᠨ ᠦᠵᠡᠯ ᠤᠬᠠᠮᠰᠠᠷ ᠢ ᠴᠤᠭᠴᠠᠯᠠᠬᠤ ᠤᠬᠠᠭᠤᠯᠭ᠎ᠠ ᠬᠦᠮᠦᠵᠢᠯ ᠢ ᠠᠬᠢᠭᠤᠯᠵᠦ ᠪᠠᠶᠢᠭ᠎ᠠ ᠨᠢᠭᠡ ᠵᠦᠢᠯ ᠤᠨ ᠠᠷᠭ᠎ᠠ ᠬᠡᠮᠵᠢᠶ᠎ᠡ ᠶᠤᠮ᠂ ᠤᠳᠤ ᠨᠢᠭᠡᠨᠳᠡ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠨᠠᠮᠴᠢ ᠴᠢᠨᠠᠷ ᠤᠨ ᠰᠤᠷᠭᠠᠨ ᠬᠦᠮᠦᠵᠢᠯ ᠤᠨ ᠵᠢᠭᠠᠨ ᠰᠤᠷᠭᠠᠯᠳᠠ ᠶᠢᠨ ᠠᠭᠤᠯᠭ᠎ᠠ ᠳᠤ ᠤᠷᠤᠭᠤᠯᠤᠭᠰᠠᠨ ᠪᠠᠶᠢᠨ᠎ᠠ᠃ ᠤᠳᠤ ᠪᠤᠯᠳᠠᠯ᠎ᠠ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤ᠂ ᠭᠦᠶᠠᠩ ᠰᠢᠶᠠᠨ ᠢᠶᠠᠷ2 ᠤᠳᠠᠭᠠᠨ ᠤ ᠬᠠᠷᠢᠭᠤ ᠮᠡᠳᠡᠭᠦᠯᠦᠯᠳᠡ ᠶᠢᠨ ᠲᠤᠭᠯᠠᠯᠳᠠ ᠭᠠᠷᠭᠠᠵᠦ᠂ ︽ᠪᠦᠬᠦ ᠬᠤᠳᠠ ᠶᠢᠨ ᠨᠠᠮ ᠵᠠᠰᠠᠭ ᠤᠨ ᠪᠠᠶᠢᠭᠤᠯᠭ᠎ᠠ ᠶᠢᠨ ᠠᠯᠪᠠᠳᠠᠨ ᠤ ᠲᠤᠰᠢᠶᠠᠯ ᠬᠠᠷᠢᠭᠤᠴᠠᠬᠤ ᠪᠤᠯᠪᠠᠰᠤᠷᠠᠯ ᠤᠨ ᠠᠩᠭᠢ︾ ᠶᠢᠨ ᠠᠵᠢᠯᠯᠠᠭ᠎ᠠ ᠵᠡᠷᠭᠡ ᠳᠤ9 ᠲᠠᠯᠠᠪᠤᠷ ᠲᠤᠰᠬᠠᠢ ᠲᠤᠭᠯᠠᠯᠳᠠ ᠭᠠᠷᠭᠠᠵᠠᠢ᠃
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号