ᠦᠨᠳᠦᠰᠦᠳᠡᠨ ᠤ ᠬᠡᠥᠬᠡᠳ ᠤᠨ ᠴᠡᠴᠡᠷᠯᠢᠭ ᠲᠤ ᠴᠠᠭᠠᠨ ᠢᠳᠡᠭᠡ ᠪᠤᠯᠪᠠᠰᠤᠷᠠᠭᠤᠯᠬᠤ ᠵᠢᠭᠠᠨ ᠰᠤᠷᠭᠠᠯᠳᠠ  ᠶᠢᠨ ᠠᠵᠢᠯᠯᠠᠭ᠎ᠠ ᠶᠠᠪᠤᠭᠳᠠᠭᠰᠠᠨ
ᠨᠡᠶᠢᠲᠡᠯᠡᠭᠰᠡᠨ ᠴᠠᠭ᠄
2022/6/27
      6 ᠰᠠᠷ᠎ᠠ ᠶᠢᠨ20 ᠠᠴᠠ21 ᠤ ᠡᠳᠦᠷ ᠪᠤᠯᠳᠠᠯ᠎ᠠ ᠮᠠᠨ ᠤ ᠬᠤᠰᠢᠭᠤᠨ ᠤ ᠦᠨᠳᠦᠰᠦᠳᠡᠨ ᠤ ᠬᠡᠥᠬᠡᠳ ᠤᠨ ᠴᠡᠴᠡᠷᠯᠢᠭ ᠲᠤ ᠬᠤᠰᠢᠭᠤᠨ ᠤ ᠡᠮᠡᠭᠳᠡᠶᠢᠴᠣᠳ ᠤᠨ ᠬᠤᠯᠪᠤᠭ᠎ᠠ᠂ ᠦᠨᠳᠦᠰᠦᠳᠡᠨ ᠤ ᠬᠡᠥᠬᠡᠳ ᠤᠨ ᠴᠡᠴᠡᠷᠯᠢᠭ᠂ ᠦᠷᠭᠡᠨ ᠮᠠᠯᠵᠢᠯ ᠤᠨ ᠲᠠᠯᠠᠪᠠᠢ ᠬᠠᠮᠳᠤᠷᠠᠨ ᠡᠷᠬᠢᠯᠡᠭᠰᠡᠨ ᠬᠤᠰᠢᠭᠤ ᠪᠠᠶᠢᠭᠤᠯᠤᠭᠳᠠᠭᠰᠠᠨ70 ᠵᠢᠯ ᠤᠨ ᠤᠢ ᠶᠢ ᠪᠡᠯᠭᠡᠯᠡᠬᠦ ᠤᠯᠠᠮᠵᠢᠯᠠᠯᠳᠦ ᠴᠠᠭᠠᠨ ᠢᠳᠡᠭᠡ ᠪᠤᠯᠪᠠᠰᠤᠷᠠᠭᠤᠯᠬᠤ ᠶᠢ ᠪᠡᠶᠡᠴᠢᠯᠠᠨ ᠬᠢᠬᠦ ᠦᠢᠯᠡ ᠠᠵᠢᠯᠯᠠᠭ᠎ᠠ ᠶᠠᠪᠤᠭᠳᠠᠭᠰᠠᠨ ᠪᠠᠶᠢᠨ᠎ᠠ᠃
      ᠠᠵᠢᠯᠯᠠᠭ᠎ᠠ ᠳᠤ ᠮᠠᠨ ᠤ ᠬᠤᠰᠢᠭᠤᠨ ᠤ ᠦᠷᠭᠡᠨ ᠮᠠᠯᠵᠢᠯ ᠤᠨ ᠲᠠᠯᠠᠪᠠᠢ ᠶᠢᠨ ᠡᠵᠡᠭᠳᠡᠢ ᠨᠡᠷᠠᠨᠴᠢᠮᠡᠭ ᠠᠴᠠ ᠴᠡᠴᠡᠷᠯᠢᠭ ᠤᠨ ᠬᠡᠥᠬᠡᠳ ᠪᠠ ᠮᠤᠩᠭᠤᠯ ᠰᠤᠷᠭᠠᠭᠤᠯᠢ ᠶᠢᠨ ᠨᠢᠭᠡᠳᠦᠭᠡᠷ ᠤᠨ ᠤ ᠰᠦ ᠴᠠᠭᠠᠨ ᠢᠳᠡᠭᠡ ᠶᠢ ᠬᠡᠷᠬᠢᠨ ᠪᠤᠯᠪᠠᠰᠤᠷᠠᠭᠤᠯᠬᠤ ᠬᠢᠬᠦ ᠶᠢ ᠵᠢᠭᠠᠵᠦ ᠦᠭᠬᠦ ᠶᠢᠨ ᠬᠠᠮᠳᠦ᠂ ᠬᠡᠥᠬᠡᠳ ᠢ ᠦᠪᠡᠷ ᠤᠨ ᠪᠡᠶ᠎ᠡ ᠪᠠᠷ ᠢᠶᠠᠨ ᠬᠢᠵᠦ ᠤᠷᠤᠯᠳᠤᠬᠤ ᠶᠢ ᠵᠤᠷᠢᠭᠵᠢᠭᠤᠯᠵᠦ᠂ ᠮᠠᠰᠢ ᠤᠯᠠᠨ ᠬᠡᠥᠬᠡᠳ ᠠᠭᠠᠷᠤᠤᠯ ᠪᠠᠵᠠᠨ ᠬᠤᠷᠤᠳ ᠬᠢᠵᠦ ᠪᠠᠰᠠ ᠴᠠᠭᠠᠨ ᠢᠳᠡᠭᠡᠨ ᠤ ᠰᠢᠬᠢᠷ ᠬᠢᠵᠦ ᠤᠷᠤᠯᠳᠤᠨ᠂ ᠶᠡᠷᠦ ᠶᠢᠨ ᠴᠠᠭ ᠲᠤ ᠭᠡᠷ ᠲᠤ ᠪᠠᠨ ᠢᠳᠡᠳᠡᠭ ᠴᠠᠭᠠᠨ ᠢᠳᠡᠭᠡ ᠶᠢ ᠬᠡᠷᠬᠢᠨ ᠪᠤᠯᠪᠠᠰᠤᠷᠠᠭᠤᠯᠳᠠ ᠲᠤᠬᠠᠢ ᠪᠡᠶ᠎ᠡ ᠪᠠᠷ ᠢᠶᠠᠨ ᠤᠶᠢᠯᠠᠭᠠᠭᠰᠠᠨ ᠪᠠᠶᠢᠨ᠎ᠠ᠃
      ᠲᠤᠰ ᠤᠳᠠᠭᠠᠨ ᠤ ᠴᠠᠭᠠᠨ ᠢᠳᠡᠭᠡ ᠪᠤᠯᠪᠠᠰᠤᠷᠠᠭᠤᠯᠬᠤ ᠶᠢᠨ ᠡᠷᠬᠢᠮ ᠨᠠᠨᠳᠢᠨ ᠪᠠ ᠢᠳᠡᠭᠡᠨ ᠤᠮᠳᠠᠭᠠᠨ ᠤ ᠢᠷᠡᠯ ᠭᠠᠷᠤᠯ ᠤᠨ ᠬᠢᠯᠪᠠᠷ ᠪᠤᠰᠤ ᠶᠢ ᠤᠶᠢᠯᠠᠭᠠᠭᠤᠯᠬᠤ ᠶᠢᠨ ᠬᠠᠮᠳᠦ᠂ ᠲᠡᠳᠡᠨ ᠤ ᠦᠨᠳᠦᠰᠦᠳᠡᠨ ᠤ ᠢᠳᠡᠭᠡᠨ ᠤ ᠲᠤᠬᠠᠢ ᠤᠶᠢᠯᠠᠭᠠᠯᠳᠠ ᠶᠢ ᠨᠢ ᠨᠡᠩ ᠬᠦᠨᠵᠡᠬᠡᠢ ᠪᠤᠯᠭᠠᠵᠦ ᠪᠢᠯᠡ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号