ᠬᠦᠴᠦ ᠪᠠᠨ ᠨᠢᠭᠡᠳᠭᠡᠭᠰᠡᠨ ᠬᠦᠳᠡᠯᠮᠦᠷᠢ ᠠᠴᠠ ᠬᠦᠯᠦᠰᠦ ᠪᠢᠰᠢ ᠵᠢᠷᠭᠠᠯ ᠠᠮᠳᠠᠯᠠᠭᠳᠠᠨ᠎ᠠ
ᠨᠡᠶᠢᠲᠡᠯᠡᠭᠰᠡᠨ ᠴᠠᠭ᠄
2022/6/17
      ︽ᠲᠠᠮ ᠲᠠᠮ ᠳᠤ ᠪᠠᠨ᠂ ᠲᠡᠭᠡᠰᠦ ᠡᠷᠴᠢᠮ ᠳᠤ ᠪᠠᠨ︾ ᠭᠡᠵᠦ ᠮᠤᠩᠭᠤᠯᠴᠣᠳ ᠤᠨ ᠮᠢᠨᠢ ᠲᠤᠮᠳᠠ ᠦᠷᠭᠦᠯᠵᠢ ᠶᠠᠷᠢᠭᠳᠠᠳᠠᠭ ᠵᠦᠢᠷ ᠦᠭᠡ ᠪᠠᠶᠢᠳᠠᠭ᠃ ᠮᠠᠨ ᠤ ᠮᠤᠩᠭᠤᠯᠴᠣᠳ ᠨᠢᠭᠡ ᠨᠢ ᠠᠵᠢᠯ ᠬᠢᠵᠦ ᠪᠠᠶᠢᠬᠤ ᠳᠤ ᠪᠤᠰᠤᠳ ᠨᠢ ᠭᠠᠷ ᠢᠶᠠᠨ ᠵᠦᠷᠢᠭᠦᠯᠦᠨ ᠬᠠᠷᠠᠭᠠᠳ ᠵᠤᠭᠰᠤᠳᠠᠭ ᠦᠭᠡᠢ ᠲᠤᠰᠠᠴᠢ ᠬᠦᠮᠦᠰ ᠪᠢᠯᠡ᠂ ᠶᠠᠭ ᠡᠨᠡᠬᠦ ᠰᠠᠶᠢᠬᠠᠨ ᠵᠠᠩ ᠠᠷᠠᠨᠰᠢᠨ ᠢᠶᠠᠨ ᠤᠯᠪᠠᠭᠠᠯᠠᠵᠦ ᠪᠠᠶ᠋ᠬᠠᠤᠪᠤᠭ᠎ᠠ ᠰᠤᠮᠤᠨ ᠤ ᠪᠠᠶᠠᠨᠪᠤᠯᠠᠭ ᠭᠠᠴᠠᠭᠠᠨ ᠤ ᠬᠤᠷᠢ ᠰᠢᠬᠠᠭᠤ ᠡᠷᠦᠬᠡ ᠮᠠᠯᠴᠢᠳ ᠬᠤᠯᠪᠤᠭᠠᠯᠠᠨ ᠡᠳᠦᠷ ᠲᠤᠳᠤᠮ ᠤᠨ ᠠᠮᠢᠳᠤᠷᠠᠯ ᠲᠤᠮᠳᠠ ᠪᠠᠨ ᠨᠢᠭᠡ ᠨᠢᠭᠡᠨ ᠤ ᠢᠶᠠᠨ ᠠᠵᠢᠯ ᠶᠠᠪᠤᠳᠠᠯ ᠳᠤ ᠬᠠᠮᠵᠢᠯᠴᠠᠭ᠎ᠠ ᠪᠤᠯᠵᠦ ᠠᠶᠢᠯ ᠤᠰᠤ ᠪᠠᠷ ᠢᠶᠠᠨ ᠡᠶ᠎ᠡ ᠲᠠᠢ ᠡᠪ ᠲᠠᠢ᠂ ᠠᠵᠢᠯ ᠬᠢᠳᠡᠯ ᠨᠢ ᠤᠷᠤᠭᠰᠢᠳᠠᠢ ᠬᠤᠷᠳᠤᠴᠠ ᠲᠠᠢ ᠶᠠᠪᠤᠭᠳᠠᠵᠦ ᠪᠠᠶᠢᠭ᠎ᠠ ᠰᠠᠶᠢᠬᠠᠨ ᠴᠢᠮᠡᠭᠡ ᠤᠯᠠᠨ ᠤ ᠲᠤᠮᠳᠠ ᠠᠮᠠ ᠲᠠᠮᠵᠢᠨ ᠮᠠᠭᠳᠠᠭᠳᠠᠵᠦ ᠪᠤᠢ᠃
4.jpg
      ᠵᠠᠯᠠᠭᠤᠴᠣᠳ ᠤᠯᠠᠩᠭᠢ ᠲᠤᠭ᠎ᠠ ᠶᠢ ᠡᠵᠡᠯᠡᠭᠰᠡᠨ ᠬᠤᠷᠢ ᠰᠢᠬᠠᠭᠤ ᠡᠷᠦᠬᠡ ᠶᠢᠨ ᠭᠤᠴᠢᠭᠠᠳ ᠮᠠᠯᠴᠢᠳ ᠮᠠᠨᠢ ᠰᠠᠨᠠᠭ᠎ᠠ ᠰᠡᠳᠬᠢᠯ ᠢᠶᠠᠨ ᠬᠤᠯᠪᠤᠨ᠂ ᠬᠡᠨ ᠠᠯᠢᠨ ᠳᠤ ᠪᠠᠨ ᠴᠦ ᠲᠤᠰᠠ ᠪᠤᠯᠬᠤ ᠡᠭᠦᠳᠡᠨ ᠠᠴᠠ ᠬᠠᠪᠤᠷ ᠤᠨ ᠬᠢᠷᠭᠠᠭᠠᠨ ᠤ ᠠᠵᠢᠯ ᠡᠬᠢᠯᠡᠮᠡᠭᠴᠡ ᠰᠡᠳᠬᠢᠯ ᠨᠢᠭᠡᠳᠡᠢ ᠪᠠᠷ ᠬᠠᠮᠳᠦ ᠪᠠᠷ ᠬᠦᠳᠡᠯᠦᠯᠴᠡᠵᠦ᠂ ᠬᠦᠮᠦᠨ ᠣᠯᠠᠨ ᠬᠦᠴᠦ ᠶᠡᠭᠡ ᠲᠠᠪᠠᠭᠤᠯᠢᠭ ᠲᠤ ᠪᠠᠨ ᠲᠦᠰᠢᠭᠯᠡᠨ ᠨᠢᠭᠡ ᠡᠳᠦᠷ ᠨᠢᠭᠡ ᠡᠷᠦᠬᠡ ᠶᠢᠨ ᠬᠤᠨᠢ ᠶᠢ ᠬᠠᠶᠢᠴᠢᠯᠠᠵᠦ ᠲᠠᠭᠤᠰᠬᠠᠬᠤ  ᠪᠠᠷ ᠰᠢᠭᠤᠷᠬᠠᠢ ᠠᠵᠢᠯᠯᠠᠵᠦ᠂ ᠬᠠᠮᠤ ᠤᠯᠠᠨ ᠳᠤ ᠪᠠᠨ ᠨᠢᠭᠡ ᠡᠳᠦᠷ ᠲᠤ ᠭᠤᠷᠪᠠᠨ ᠵᠠᠭᠤ ᠨᠠᠶᠠᠭᠠᠳ ᠬᠤᠨᠢ ᠶᠢ ᠬᠠᠶᠢᠴᠢᠯᠠᠨ ᠲᠠᠭᠤᠰᠬᠠᠵᠦ᠂ ᠭᠠᠭᠴᠠ ᠬᠤᠶᠠᠷ ᠬᠦᠮᠦᠨ ᠪᠦᠯᠢ ᠲᠠᠢ ᠠᠶᠢᠯ ᠤᠨ ᠰᠠᠷ᠎ᠠ ᠬᠤᠷᠢ ᠬᠤᠨᠤᠭ ᠤᠨ ᠠᠵᠢᠯ ᠢ ᠬᠠᠮᠳᠤᠪᠠᠷ ᠬᠠᠪᠰᠤᠷᠤᠯᠴᠠᠨ ᠭᠠᠭᠴᠠ ᠡᠳᠦᠷ ᠲᠤ ᠬᠢᠵᠦ ᠲᠠᠭᠤᠰᠬᠠᠨ᠂ ᠬᠦᠯᠦᠰᠦ ᠪᠠᠨ ᠭᠤᠭᠤᠵᠢᠭᠤᠯᠤᠭᠰᠠᠨ ᠴᠦ ᠬᠦᠳᠡᠯᠮᠦᠷᠢ ᠪᠠᠨ ᠡᠷᠭᠦᠭᠰᠡᠨ ᠬᠦᠮᠦᠰ ᠮᠠᠨᠢ ᠮᠠᠷᠭᠠᠰᠢ ᠶᠢᠨ ᠠᠵᠢᠯ ᠤᠨ ᠪᠤᠯᠵᠤᠭ᠎ᠠ ᠪᠠᠨ ᠲᠤᠭᠳᠠᠵᠦ᠂ ᠮᠠᠯᠠᠭᠠᠢ ᠠᠪᠬᠤ ᠵᠠᠪ ᠦᠭᠡᠢ ᠶᠠᠬᠠᠷᠠᠯᠳᠤᠵᠠᠭᠠᠨ᠎ᠠ᠃ ᠡᠨᠡ ᠮᠡᠳᠦᠴᠢᠯᠡᠨ ᠡᠳᠡᠭᠡᠷ ᠮᠠᠯᠴᠢᠳ ᠮᠠᠨᠢ ᠵᠢᠯ ᠤᠨ ᠲᠦᠷᠪᠡᠨ ᠤᠯᠠᠷᠢᠯ  ᠤᠨ ᠲᠤᠷᠰᠢ ᠨᠢᠭᠡ ᠨᠢᠭᠡᠨ ᠤ ᠪᠠᠨ ᠠᠵᠢᠯ ᠳᠤ ᠲᠤᠰᠠ ᠲᠠᠮ ᠪᠤᠯᠵᠦ᠂ ᠠᠮᠢᠳᠤᠷᠠᠯ ᠤᠨᠳᠤᠷᠤᠯᠭ᠎ᠠ ᠪᠠᠨ ᠦᠭᠡᠳᠡ ᠨᠢ ᠲᠠᠳᠠᠳᠠᠭ ᠢᠶᠠᠷ ᠪᠠᠷᠠᠬᠤ ᠦᠭᠡᠢ ᠬᠡᠳᠦᠨ ᠵᠢᠯ ᠲᠠᠷᠠᠭᠠᠯᠠᠨ ᠵᠢᠯ ᠴᠠᠭᠠᠨ ᠰᠠᠷ᠎ᠠ ᠪᠠᠷ ᠮᠤᠷᠢ ᠪᠠᠨ ᠤᠨᠠᠵᠦ ᠠᠶᠢᠯ ᠬᠡᠰᠦᠨ ᠂ ᠤᠯᠠᠮᠵᠢᠯᠠᠯ ᠢᠶᠠᠨ ᠰᠡᠷᠭᠦᠭᠡᠵᠦ ︽ᠲᠤᠤᠭᠠᠷᠪᠠᠯ ᠲᠠᠭᠤᠤ ᠨᠢᠭᠡᠳᠡᠢ᠂ ᠲᠤᠭᠳᠤᠷᠪᠠᠯ ᠬᠦᠴᠦ ᠨᠢᠭᠡᠳᠡᠢ︾ ᠬᠠᠮᠵᠢᠯᠴᠠᠵᠦ ᠶᠠᠪᠤᠨ᠎ᠠ᠃
6 (1).jpg
       ᠬᠠᠮᠳᠦ ᠤᠯᠠᠨ ᠤ ᠪᠠᠨ ᠴᠢᠷᠮᠠᠶᠢᠯᠭ᠎ᠠ ᠪᠠᠷ ᠠᠶᠢᠯ ᠤᠰᠤ ᠪᠠᠷ ᠢᠶᠠᠨ ᠨᠦᠬᠦᠷᠰᠡᠭ ᠶᠠᠪᠤᠯᠴᠠᠵᠦ᠂ ᠠᠵᠢᠯ ᠠᠮᠢᠳᠤᠷᠠᠯ ᠳᠤ ᠪᠠᠨ ᠲᠤᠰᠠ ᠪᠤᠯᠬᠤ ᠰᠠᠶᠢᠬᠠᠨ ᠠᠵᠢᠯᠯᠠᠭ᠎ᠠ ᠪᠠᠨ ᠶᠠᠪᠤᠭᠳᠠᠭᠤᠯᠤᠭᠠᠳ ᠭᠤᠷᠪᠠᠨ ᠵᠢᠯ ᠭᠠᠷᠤᠢ ᠶᠢᠨ ᠨᠢᠭᠤᠷ ᠦᠵᠡᠵᠦ᠂ ᠴᠠᠭᠠᠨ ᠰᠠᠷ᠎ᠠ ᠤᠶᠠᠭᠠᠨ ᠲᠡᠭᠡᠷ᠎ᠡ ᠮᠤᠷᠢᠳᠠᠢ ᠪᠠᠭᠤᠳᠠᠭ ᠬᠤᠷᠢᠭᠠᠳ ᠬᠡᠶᠢᠴᠢᠳ᠂ ᠴᠠᠢ ᠠᠴᠠ ᠡᠮᠦᠨ᠎ᠡ ᠬᠠᠮᠳᠦ ᠶᠢᠨ ᠠᠵᠢᠯ ᠳᠤ ᠪᠠᠨ ᠭᠠᠪᠰᠢᠭᠠᠶᠢᠯᠠᠨ ᠶᠠᠭᠠᠷᠠᠯᠳᠣᠳᠠᠭ ᠪᠠᠶᠠᠨᠪᠤᠯᠠᠭ ᠭᠠᠴᠠᠭᠠᠨ ᠤ ᠬᠢᠨ ᠬᠡᠵᠦ ᠬᠤᠯᠠ ᠤᠶᠢᠷ᠎ᠠ ᠨᠤᠳᠤᠭ ᠤᠰᠤ ᠪᠠᠷ ᠮᠠᠭᠳᠠᠳᠠᠵᠦ ᠶᠠᠪᠤᠨ᠎ᠠ᠃      ᠬᠦᠴᠦ ᠪᠠᠨ ᠬᠠᠮᠳᠤᠳᠬᠠᠭᠰᠠᠨ ᠬᠦᠳᠡᠯᠮᠦᠷᠢ ᠠᠴᠠ ᠬᠦᠯᠦᠰᠦ ᠪᠢᠰᠢ ᠵᠢᠷᠭᠠᠯ ᠠᠮᠳᠠᠯᠠᠭᠳᠠᠯ᠎ᠠ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号