ᠲᠤᠷᠠᠳᠠᠢ ᠵᠦᠢᠯ ᠢᠶᠠᠨ ᠬᠢᠬᠦ ᠶᠢᠨ ᠵᠢᠷᠭᠠᠯ
ᠨᠡᠶᠢᠲᠡᠯᠡᠭᠰᠡᠨ ᠴᠠᠭ᠄
2022/2/11
     ᠴᠠᠭ ᠦᠶ᠎ᠡ ᠤᠷᠤᠭᠰᠢᠯᠡᠨ ᠲᠠᠪᠰᠢᠵᠦ ᠲᠤᠤᠷ ᠰᠦᠯᠵᠢᠶᠡᠨ ᠤ ᠴᠠᠭ ᠡᠷᠡᠨ ᠳᠠᠬᠢ ᠤᠯᠠᠩᠬᠢ ᠬᠦᠮᠦᠰ ᠤᠨ ᠲᠤᠷ᠎ᠠ ᠪᠠᠬ᠎ᠠ ᠪᠠ ᠨᠠᠭᠠᠳᠤᠮ ᠲᠤᠭᠯᠠᠭᠠᠮ ᠨᠢ ᠴᠦᠮ ᠺᠤᠮᠫᠢᠦᠲ᠋ᠧᠷ ᠪᠤᠶᠤ ᠮᠠᠰᠢᠨᠴᠢᠯᠠᠵᠦ᠂ ᠪᠢᠳᠡᠨ ᠤ ᠤᠤᠯ ᠤᠨ ᠰᠤᠯᠠ ᠰᠡᠯᠡᠬᠦᠦ ᠴᠠᠭ ᠢᠶᠠᠷ ᠢᠶᠠᠨ ᠲᠤᠭᠯᠠᠵᠦ ᠪᠠᠶᠢᠭᠰᠠᠨ ᠬᠦᠵᠦᠷ᠂ ᠰᠢᠳᠠᠷ᠎ᠠ ᠮᠡᠳᠦ ᠶᠢᠨ ᠲᠤᠭᠯᠠᠭᠠᠮ ᠤᠮᠠᠷᠳᠠᠭᠳᠠᠭᠰᠠᠨ ᠪᠠᠶᠢᠳᠠᠭ᠃ ᠬᠡᠭᠦ ᠳᠤ ᠠᠵᠢᠯ ᠤᠨ ᠴᠢᠯᠦᠭᠡ ᠪᠠᠷ ᠢᠶᠠᠨ ᠮᠤᠩᠭᠤᠯ ᠰᠢᠳᠠᠷ᠎ᠠ ᠰᠡᠶᠢᠯᠵᠦ ᠲᠠᠨᠢᠯ ᠲᠠᠰᠤᠯ ᠤᠨ ᠢᠶᠠᠨ ᠪᠠᠭ᠎ᠠ ᠨᠠᠰᠤ ᠶᠢ ᠪᠤᠳᠤᠭᠳᠠᠭᠤᠯᠤᠨ᠂ ᠤᠨᠳᠤᠤ ᠪᠤᠰᠤᠳ ᠤᠨ ᠰᠤᠨᠢᠷᠬᠠᠯ ᠢ ᠲᠠᠳᠠᠵᠦ ᠶᠠᠪᠤᠭ᠎ᠠ ᠡᠨᠡ ᠬᠦᠮᠦᠨ ᠪᠤᠯ ᠲᠠᠷᠤᠢ ᠮᠠᠨ ᠤ ᠬᠤᠰᠢᠭᠤᠨ ᠤ ᠪᠠᠳᠤᠬᠠᠭᠠᠯᠭ᠎ᠠ ᠪᠠᠯᠭᠠᠰᠤᠨ   ᠤ ᠭᠠᠶᠢᠯᠢ ᠶᠢᠨ ᠶᠠᠪᠤᠳᠠᠯ ᠤᠨ  ᠲᠤᠪᠴᠢᠶᠠᠨ ᠤ ᠠᠵᠢᠯ ᠠᠯᠪᠠ ᠲᠠᠢ ᠪᠠᠶᠠᠠᠮᠦ᠋ᠩᠭᠡ ᠪᠤᠯᠤᠨ᠎ᠠ᠃ ᠲᠡᠷᠡ ᠶᠡᠷᠦ ᠠᠴᠠ ᠪᠠᠨ ᠲᠡᠥᠬᠡ ᠰᠤᠶᠤᠯ ᠢ ᠢᠯᠡᠭᠦᠦ ᠠᠩᠬᠠᠷᠴᠦ ᠰᠤᠷᠤᠯᠴᠠᠵᠦ ᠶᠠᠪᠤᠳᠠᠭ ᠤᠨ ᠣᠴᠢᠷ2008 ᠣᠨ ᠠᠴᠠ ᠪᠤᠰᠤᠳ ᠤᠨ ᠬᠢᠭᠰᠡᠨ ᠮᠤᠩᠭᠤᠯ ᠰᠢᠳᠠᠷ᠎ᠠ ᠶᠢ ᠭᠠᠶᠢᠬᠠᠵᠦ ᠪᠠᠭ᠋ᠠᠷᠬᠠᠨ ᠦᠪᠡᠷ ᠢᠶᠠᠨ ᠨᠢᠭᠡ ᠰᠠᠶᠢᠬᠠᠨ ᠮᠤᠩᠭᠤᠯ ᠰᠢᠳᠠᠷ᠎ᠠ ᠲᠠᠢ ᠪᠤᠯᠬᠤ ᠬᠦᠰᠡᠯ ᠢᠶᠠᠷ ᠴᠦᠬᠦᠷᠡᠰᠢ ᠦᠭᠡᠢ ᠬᠢᠵᠦ ᠤᠷᠣᠯᠳᠣᠭᠠᠳ ᠣᠳᠣ ᠪᠤᠯᠬᠤ ᠳᠤ14 ᠵᠢᠯ ᠤᠨ ᠨᠢᠭᠤᠷ ᠢ ᠦᠵᠡᠭᠰᠡᠨ ᠮᠤᠩᠭᠤᠯ ᠰᠢᠳᠠᠷ᠎ᠠ ᠶᠢᠨ ᠬᠠᠭᠤᠴᠢᠨ ᠰᠠᠶᠢᠯᠤᠮᠡᠯᠴᠢᠨ ᠪᠤᠯᠤᠭᠰᠠᠨ ᠪᠠᠶᠢᠵᠠᠢ᠂ ᠠᠯᠪᠠᠨ ᠠᠵᠢᠯᠳᠠᠳ ᠭᠠᠷᠠᠭ ᠤᠨ ᠵᠢᠷᠭᠤᠭᠠᠨ ᠡᠳᠦᠷ ᠰᠠᠶᠢᠨ ᠠᠮᠠᠷᠠᠶ᠎ᠠ ᠬᠡᠵᠦ ᠪᠤᠳᠤᠬᠤ   ᠳᠤ ᠪᠠᠶᠠᠠᠮᠦ᠋ᠩᠭᠡ ᠬᠠᠷᠢᠨ ᠠᠮᠠᠷᠠᠯᠳᠠ ᠪᠤᠯᠤᠭᠰᠠᠭᠠᠷ ᠯᠠ ᠭᠠᠷ ᠤᠷᠠᠯᠠᠯ ᠤᠨ ᠠᠵᠢᠯᠯᠠᠬᠤ ᠭᠡᠷ ᠲᠡᠭᠡᠨ ᠣᠷᠣᠵᠦ ᠰᠠᠭᠤᠪᠠᠯ ᠪᠦᠳᠦᠨ ᠡᠳᠦᠷ ᠪᠤᠯᠳᠠᠭ ᠬᠡᠨ᠎ᠡ᠃ ᠡᠶᠢᠨᠬᠦ ᠡᠴᠢᠨᠡᠨ ᠵᠢᠯ ᠤᠨ ᠲᠤᠷᠰᠢ ᠰᠢᠷᠭᠠᠭᠤ ᠴᠢᠷᠮᠠᠶᠢᠭᠰᠠᠨ ᠤ ᠡᠴᠦᠰ ᠲᠤ ᠪᠠᠶᠠᠠᠮᠦ᠋ᠩᠭᠡ ᠶᠢᠨ ᠰᠡᠶᠢᠯᠦᠭᠰᠡᠨ ᠮᠤᠩᠭᠤᠯ ᠰᠢᠳᠠᠷ᠎ᠠ2013 ᠣᠨ ᠳᠤ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠨᠡᠭᠦᠳᠡᠯ ᠰᠤᠲᠤᠯ ᠵᠤᠭᠠᠴᠠᠯ ᠤᠨ  ᠨᠠᠶᠢᠷ ᠤᠨ ᠭᠠᠷ ᠤᠷᠠᠯᠠᠯ ᠤᠨ ᠣᠷᠣᠯᠳᠣᠭᠠᠨ ᠳᠤ ᠲᠡᠷᠢᠬᠦᠨ ᠲᠡᠰ ᠤᠨ ᠱᠠᠩᠨᠠᠯ ᠢ ᠲᠤᠰᠴᠦ᠂2014 ᠣᠨ ᠳᠤ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠦᠪ ᠤᠨ ᠨᠡᠷᠡᠰ ᠤᠨ  ᠵᠢᠠᠠᠰᠠᠭᠠᠯᠳᠠ ᠳᠤ ︽ᠮᠤᠩᠭᠤᠯ ᠰᠢᠳᠠᠷ᠎ᠠ ᠰᠡᠶᠢᠯᠬᠦ︾ ᠲᠦᠷᠦᠯ ᠵᠦᠢᠯ ᠤᠨ ᠲᠦᠯᠦᠭᠡᠯᠡᠬᠦ ᠴᠢᠨᠠᠷ ᠲᠠᠢ ᠤᠯᠠᠮᠵᠢᠯᠠᠨ ᠵᠠᠯᠭᠠᠮᠵᠢᠯᠠᠭᠴᠢ ᠪᠠᠷ ᠦᠨᠡᠯᠡᠭᠳᠡᠵᠦ᠂2015 ᠣᠨ ᠳᠤ ᠨᠠᠶᠢᠮᠠᠨ ᠮᠤᠵᠢ ᠤᠷᠤᠨ ᠤ ᠦᠨᠳᠦᠰᠦᠳᠡᠨ ᠤ ᠭᠠᠷ ᠤᠷᠠᠯᠠᠯ ᠤᠨ ᠤᠷᠤᠯᠳᠤᠭᠠᠨ  ᠳᠤ ᠣᠷᠣᠯᠴᠠᠵᠦ ᠰᠠᠶᠢᠨ ᠬᠢᠷᠢ ᠪᠦᠳᠦᠮᠵᠢ ᠤᠯᠤᠭᠰᠠᠨ ᠢᠶᠠᠷ ᠪᠠᠷᠠᠬᠤ ᠦᠭᠡᠢ᠂ ᠦᠪᠡᠷᠳᠡᠭᠡᠨ ᠵᠠᠰᠠᠬᠤ ᠤᠷᠤᠨ ᠪᠤᠯᠤᠨ ᠪᠤᠭᠤᠳᠦ ᠬᠤᠳᠠ ᠶᠢᠨ ᠦᠨᠳᠦᠰᠦᠳᠡᠨ ᠤ ᠭᠠᠷ ᠤᠷᠠᠯᠠᠯ ᠤᠨ ᠨᠡᠶᠢᠭᠡᠮᠯᠢᠭ ᠤᠨ ᠬᠡᠰᠢᠬᠦᠨ ᠢᠶᠠᠷ ᠲᠤᠰ ᠲᠤᠰ ᠦᠨᠡᠯᠡᠭᠳᠡᠵᠡᠢ᠃
     ᠡᠭᠦᠨ ᠠᠴᠠ ᠭᠠᠳᠠᠨ᠎ᠠ ᠪᠠᠶᠠᠠᠮᠦᠩᠭᠡ ᠪᠠᠰᠠ ᠴᠤᠭᠯᠠᠭᠤᠯᠤᠨ ᠬᠠᠳᠠᠭᠠᠯᠠᠬᠤ ᠲᠤᠷ᠎ᠠ ᠰᠤᠨᠢᠷᠬᠠᠯ ᠲᠠᠢ ᠬᠡᠳᠡᠭ ᠢ ᠠᠵᠢᠯᠯᠠᠬᠤ ᠦᠷᠦᠭᠡ ᠶᠢᠨ ᠬᠢᠨᠢ ᠬᠠᠶᠢᠷᠴᠠᠭᠯᠠᠨ ᠦᠷᠦᠬᠡᠰᠦᠳᠡᠢ ᠤᠯᠠᠨ ᠶᠠᠩᠵᠦ ᠶᠢᠨ ᠬᠠᠴᠢᠨ ᠴᠢᠯᠠᠭᠤ ᠠᠴᠠ ᠤᠬᠠᠵᠦ ᠤᠶᠢᠯᠠᠭᠠᠭᠰᠠᠨ ᠮᠦᠷᠳᠡᠭᠡᠨ ᠦᠷᠦᠭᠡ ᠭᠡᠷ ᠤᠨ ᠬᠢᠨᠢ ᠬᠠᠭᠤᠴᠢᠨ ᠤ ᠡᠳ᠋ᠯᠡᠯ ᠬᠡᠷᠡᠭᠰᠡᠯ᠂ ᠬᠤᠷᠭᠤ ᠲᠦᠭᠦᠷᠡᠩ ᠨᠤᠮ ᠪᠢᠴᠢᠭ ᠠᠴᠠ ᠨᠢ ᠲᠡᠭᠦᠨ ᠤ ᠲᠡᠦᠬᠡ ᠰᠤᠶᠤᠯ ᠳᠤ ᠦᠨᠡᠨ ᠲᠤᠷᠠᠳᠠᠢ ᠬᠠᠶᠢᠷᠠᠳᠡᠢ ᠪᠠᠶᠢᠭ᠎ᠠ ᠰᠡᠳᠭᠢᠯᠬᠡ ᠶᠢ ᠤᠯᠵᠦ ᠬᠠᠷᠠᠯ᠎ᠠ᠃ ᠠᠩᠬ᠎ᠠ ᠡᠬᠢᠯᠡᠭᠡᠳ ᠦᠪᠡᠷ ᠤᠨ ᠰᠡᠶᠢᠯᠵᠦ ᠭᠠᠷᠭᠠᠭᠰᠠᠨ   ᠮᠤᠩᠭᠤᠯ ᠰᠢᠳᠠᠷ᠎ᠠ ᠪᠠᠨ ᠦᠨᠴᠦᠭ ᠪᠤᠯᠤᠩ ᠦᠭᠡᠢ ᠰᠠᠶᠢᠬᠠᠨ ᠰᠡᠭᠦᠳᠡᠷᠯᠡᠵᠦ ᠣᠯᠠᠨ ᠳᠤ ᠰᠤᠨᠢᠷᠬᠠᠭᠤᠯᠬᠤ ᠪᠤᠳᠤᠯ ᠲᠠᠢ ᠪᠠᠶᠢᠭᠰᠠᠪ ᠪᠤᠯ ᠡᠭᠦᠨ ᠢᠶᠠᠨ ᠦᠪᠡᠷ ᠤᠨ ᠪᠠᠰᠠ ᠨᠢᠭᠡᠨ ︽ᠠᠵᠢᠯ︾ ᠪᠤᠯᠭᠠᠵᠦ᠂ ᠠᠯᠢ ᠬᠡᠳᠦᠶᠢᠨ ᠰᠡᠭᠦᠳᠡᠷᠯᠡᠬᠦ ᠮᠠᠰᠢᠨ ᠢᠶᠠᠨ ᠡᠭᠦᠷᠴᠦ ᠭᠠᠷᠤᠭᠠᠳ ᠲᠠᠷᠬᠠᠨ ᠮᠤᠤᠮᠢᠩᠭᠠᠨ ᠤ ᠵᠢᠯ ᠤᠨ ᠲᠦᠷᠪᠡᠨ ᠤᠯᠠᠷᠢᠯ ᠤᠨ ᠦᠩᠭᠡ ᠦᠵᠡᠮᠵᠢ ᠶᠢ ᠤᠯᠠᠨ ᠬᠠᠷᠠᠭᠠᠰᠦ ᠠᠴᠠ ᠰᠡᠭᠦᠳᠡᠷᠯᠡᠨ ᠬᠦᠮᠦᠨ ᠵᠤᠨ ᠤ ᠪᠠᠨ ᠪᠠᠬ᠎ᠠ ᠶᠢ ᠲᠠᠳᠠᠵᠦ ᠪᠠᠰᠠ ᠶᠠᠪᠤᠨ᠎ᠠ᠃
     ᠤᠬᠠᠭᠠᠨ ᠤ ᠰᠠᠷᠠᠭᠤᠯ ᠤᠷᠤᠭᠰᠢᠯᠠᠬᠤ ᠵᠠᠮ ᠢ ᠭᠡᠷᠡᠯᠳᠦᠭᠦᠯᠳᠡᠭ ᠤᠨ ᠤᠴᠢᠷ ᠪᠠᠶᠠᠠᠮᠦ᠋ᠩᠭᠡ ᠭᠤᠸᠠᠢ ᠶᠢᠨ ᠪᠡᠶ᠎ᠡ ᠲᠡᠭᠡᠷ᠎ᠡ ᠠᠴᠠ ᠪᠢᠳᠡ ᠦᠪᠡᠷ ᠤᠨ ᠲᠤᠷ᠎ᠠ ᠪᠠᠬ᠎ᠠ ᠲᠠᠢ ᠵᠦᠢᠯ ᠢᠶᠠᠨ ᠬᠢᠵᠦ ᠠᠶᠢᠯ ᠭᠡᠷ ᠠᠵᠢᠯ ᠠᠮᠢᠳᠤᠷᠠᠯ ᠢᠶᠠᠨ ᠴᠢᠮᠡᠵᠦ ᠶᠠᠪᠤᠭ᠎ᠠ ᠶᠢᠨ ᠵᠤᠯ ᠵᠢᠷᠭᠠᠯ ᠢ ᠤᠯᠵᠦ ᠬᠠᠷᠠᠯ᠎ᠠ᠃
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号