ᠡᠳᠦᠷ ᠪᠦᠷᠢ ᠠᠯᠬᠤᠬᠤ ᠶᠢᠨ 12 ᠰᠠᠶᠢᠨ ᠲᠠᠢ ᠲᠠᠯ᠎ᠠ
ᠨᠡᠶᠢᠲᠡᠯᠡᠭᠰᠡᠨ ᠴᠠᠭ᠄
2022/2/10
     1᠂ ᠠᠯᠬᠤᠬᠤ ᠨᠢ ᠵᠢᠷᠤᠬᠡᠨ ᠤ ᠴᠢᠳᠠᠪᠬᠢ ᠶᠢ ᠰᠠᠶᠢᠵᠢᠷᠠᠭᠤᠯᠤᠨ᠎ᠠ᠃      2᠂ ᠠᠯᠬᠤᠬᠤ ᠨᠢ ᠴᠢᠰᠤᠨ ᠰᠤᠳᠠᠯ ᠤᠨ ᠬᠠᠷᠢᠮᠠᠬᠠᠢ ᠴᠢᠨᠠᠷ ᠢ ᠰᠠᠶᠢᠵᠢᠷᠠᠭᠤᠯᠤᠨ᠎ᠠ᠃      3᠂ ᠠᠯᠬᠤᠬᠤ ᠨᠢ ᠬᠦᠮᠦᠨ ᠤ ᠪᠡᠶ᠎ᠡ ᠶᠢᠨ ᠬᠡᠪᠡᠯᠢ ᠶᠢᠨ ᠬᠡᠰᠡᠭ ᠲᠠᠬᠢ ᠦᠭᠡᠬᠦᠨ ᠪᠦᠭᠡᠮᠨᠡᠷᠡᠯ ᠢ ᠪᠠᠭᠠᠰᠬᠠᠨ᠎ᠠ᠃      4᠂ ᠠᠯᠬᠤᠬᠤ ᠨᠢ ᠴᠢᠰᠤᠨ ᠤ ᠨᠦᠵᠢᠡᠷᠯ ᠢ ᠪᠠᠭᠠᠰᠬᠠᠨ᠎ᠠ᠃      5᠂ ᠠᠯᠬᠤᠬᠤ ᠨᠢ ᠭᠤᠷᠪᠠᠴᠢ ᠭᠯᠢᠼᠧᠷᠢᠳ᠋ ᠪᠠ ᠺᠤᠯᠧᠰᠲ᠋ᠧᠷᠤᠯ ᠤᠨ ᠯᠤᠭᠰᠢᠭᠤᠨ ᠰᠤᠳᠠᠯ ᠤᠨ ᠬᠠᠨ᠎ᠠ ᠲᠡᠭᠡᠷᠡᠬᠢ ᠪᠦᠭᠡᠮᠨᠡᠷᠡᠯ ᠢ ᠪᠠᠭᠠᠰᠬᠠᠬᠤ ᠪᠠᠷ ᠪᠠᠷᠠᠬᠤ ᠦᠭᠡᠢ ᠪᠠᠰᠠ ᠴᠢᠰᠤᠨ ᠰᠢᠬᠢᠷ ᠤᠨ ᠭᠤᠷᠪᠠᠴᠢ ᠭᠯᠢᠼᠧᠷᠢᠳ᠋ ᠪᠤᠯᠵᠦ ᠬᠤᠪᠢᠷᠠᠬᠤ ᠪᠤᠯᠤᠮᠵᠢ ᠶᠢ ᠪᠠᠭᠠᠰᠬᠠᠨ᠎ᠠ᠃      6᠂ ᠠᠯᠬᠤᠬᠤ ᠨᠢ ᠬᠤᠷᠮᠤᠨ ᠤ ᠢᠯᠭᠠᠷᠠᠭᠤᠯᠤᠯᠳᠠ ᠶᠢ ᠨᠠᠮᠳᠠᠭᠤᠯᠵᠦ᠂ ᠪᠦᠭᠡᠷ᠎ᠡ ᠶᠢᠨ ᠲᠡᠭᠡᠳᠦ ᠪᠤᠯᠴᠢᠷᠬᠠᠢ ᠶᠢᠨ ᠡᠳ᠋ ᠬᠡᠳᠦ ᠠᠷᠪᠢᠨ ᠢᠯᠭᠠᠷᠠᠭᠤᠯᠬᠤ ᠠᠴᠠ ᠰᠡᠷᠭᠡᠶᠢᠯᠡᠵᠦ ᠲᠡᠶᠢᠯᠦᠨ᠎ᠡ᠃      7᠂ ᠠᠯᠬᠤᠬᠤ ᠨᠢ ᠪᠤᠯᠴᠢᠩ ᠤᠨ ᠴᠢᠩᠭᠠᠷᠠᠯ ᠢ ᠰᠠᠶᠢᠵᠢᠷᠠᠭᠤᠯᠵᠦ᠂ ᠬᠦᠯ᠂ ᠶᠠᠰᠤ ᠰᠢᠷᠪᠤᠰᠤ ᠶᠢ ᠴᠢᠩᠭᠠᠷᠠᠭᠤᠯᠬᠤ ᠪᠦᠭᠡᠳ ᠦᠶ᠎ᠡ ᠭᠡᠰᠢᠬᠦᠦ ᠶᠢ ᠬᠦᠮᠦᠨ ᠤ ᠪᠡᠶ᠎ᠡ ᠶᠢᠨ ᠴᠢᠰᠤᠨ ᠤ ᠡᠷᠬᠢᠯᠳᠡ ᠪᠠ ᠰᠢᠨ᠎ᠡ ᠬᠠᠭᠤᠴᠢᠨ ᠤ ᠰᠤᠯᠢᠯᠴᠠᠭ᠎ᠠ ᠶᠢ ᠠᠬᠢᠭᠤᠯᠤᠨ᠎ᠠ᠃      8᠂ ᠴᠠᠭ ᠲᠤᠭᠳᠠᠭᠠᠵᠦ ᠠᠯᠬᠤᠬᠤ ᠶᠢ ᠪᠠᠷᠢᠮᠳᠠᠯᠠᠵᠦ᠂ ᠵᠢᠷᠤᠭᠡᠨ ᠴᠢᠰᠦ ᠲᠤᠳᠠᠬᠤ ᠴᠢᠨᠠᠷᠳᠠᠢ ᠡᠪᠡᠳᠴᠢᠨ ᠢ ᠠᠷᠢᠯᠭᠠᠬᠤ ᠪᠤᠶᠤ ᠴᠢᠰᠤᠨ ᠲᠠᠷᠤᠯᠳᠠ ᠶᠢ ᠪᠠᠭᠤᠷᠠᠭᠤᠯᠤᠨ᠎ᠠ᠃      9᠂ ᠠᠯᠬᠤᠬᠤ ᠨᠢ ᠤᠷᠴᠢᠨ ᠠᠬᠤᠢ ᠶᠢ ᠬᠠᠮᠠᠭᠠᠯᠠᠨ᠂ ᠬᠠᠶᠠᠭᠳᠠᠮᠠᠯ ᠬᠡᠢ ᠶᠢᠨ ᠪᠤᠬᠢᠷᠳᠠᠯ ᠢ ᠠᠷᠢᠯᠭᠠᠵᠦ᠂ ᠪᠡᠶ᠎ᠡ ᠮᠠᠬᠠᠪᠤᠳ ᠢ ᠴᠢᠬᠢᠷᠠᠭᠵᠢᠭᠤᠯᠤᠨ᠂ ᠡᠪᠡᠳᠴᠢᠨ ᠡᠰᠡᠷᠭᠦᠴᠡᠭᠦ ᠴᠢᠳᠠᠪᠤᠷᠢ ᠶᠢ ᠲᠡᠭᠡᠭᠰᠢᠯᠡᠬᠦᠯᠳᠡᠭ᠃      10᠂ ᠠᠯᠬᠤᠬᠤ ᠨᠢ ᠰᠢᠩᠭᠡᠭᠡᠯᠳᠡ ᠶᠢᠨ ᠪᠤᠯᠴᠢᠷᠬᠠᠢ ᠶᠢᠨ ᠱᠦᠬᠦᠷᠡᠭᠦᠯᠬᠦ ᠴᠢᠳᠠᠪᠬᠢ ᠶᠢ ᠰᠠᠶᠢᠵᠢᠷᠠᠭᠤᠯᠤᠨ᠂ ᠬᠤᠳᠤᠭᠤᠳᠤ ᠭᠡᠳᠡᠰᠤᠨ ᠤ ᠵᠢᠮ᠎ᠡ ᠶᠤᠰᠤᠳᠠᠢ ᠬᠦᠳᠡᠯᠭᠡᠭᠡᠨ ᠢ ᠠᠬᠢᠭᠤᠯᠵᠦ᠂ ᠢᠳᠡᠰᠢᠨ ᠲᠤᠷᠠᠰᠢᠯ ᠢ ᠨᠡᠮᠡᠭᠳᠡᠭᠦᠯᠦᠨ᠂ ᠴᠢᠰᠤᠨ ᠲᠠᠷᠦᠯᠳᠡ ᠦᠢᠳᠦᠷᠵᠢᠬᠦ᠂ ᠰᠢᠬᠢᠷ ᠰᠢᠵᠢᠩ ᠡᠪᠡᠳᠴᠢᠨ᠂ ᠲᠠᠳᠮᠠᠭᠠᠢ ᠴᠢᠨᠠᠷᠳᠦ ᠬᠤᠷᠭᠤᠰᠤᠯ ᠵᠡᠷᠭᠡ ᠡᠪᠡᠳᠴᠢᠨ ᠢ ᠵᠠᠰᠠᠬᠤ ᠳᠤ ᠴᠦᠮ ᠶᠡᠭᠡ ᠰᠠᠶᠢᠨ ᠦᠢᠯᠡᠳᠦᠯ ᠲᠠᠢ ᠪᠠᠶᠢᠳᠠᠭ᠃      11᠂ ᠠᠯᠬᠤᠬᠤ ᠨᠢ ᠮᠡᠳᠡᠷᠡᠯ ᠤᠨ ᠪᠤᠯᠴᠢᠩ ᠤᠨ ᠴᠢᠩᠭᠠᠷᠠᠯ ᠢ ᠨᠠᠮᠳᠠᠭᠤᠯᠳᠠᠭ᠃      12᠂ ᠭᠠᠳᠠᠨᠠᠬᠢ ᠰᠢᠨ᠎ᠡ ᠰᠤᠷᠭᠤᠭ ᠠᠭᠠᠷ ᠲᠤᠮᠳᠠ ᠠᠯᠬᠤᠪᠠᠯ ᠲᠡᠷᠢᠬᠢᠨ ᠤ ᠰᠡᠳᠬᠢᠬᠦᠢ ᠶᠢᠨ ᠠᠵᠢᠯᠯᠠᠭ᠎ᠠ ᠬᠤᠷᠴᠠ ᠰᠡᠷᠭᠡᠭ ᠮᠦᠷᠳᠡᠭᠡᠨ ᠠᠮᠢᠳᠤᠯᠢᠭ ᠪᠤᠯᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号