ᠮᠢᠨᠤ ︽  ᠪᠠᠶᠢᠯᠳᠤᠭᠴᠢ︾ ᠡᠵᠢ
ᠨᠡᠶᠢᠲᠡᠯᠡᠭᠰᠡᠨ ᠴᠠᠭ᠄
2022/10/24
      ᠮᠢᠨᠤ ᠡᠵᠢ ᠡᠮᠴᠢ ᠪᠢᠰᠢ᠂ ᠨᠡᠩ ᠴᠦ ᠴᠡᠷᠢᠭ ᠬᠦᠮᠦᠨ ᠪᠢᠰᠢ᠃ ᠡᠵᠢ ᠮᠢᠨᠢ ᠵᠦᠪᠬᠡᠨ ᠯᠡ ᠡᠭᠡᠯ ᠵᠢᠷ ᠤᠨ ᠨᠢᠭᠡᠨ ᠠᠵᠢᠯᠳᠠᠨ ᠪᠢᠯᠡ᠃       ᠤᠯᠤᠰ ᠤᠨ ᠪᠠᠶᠠᠷ ᠤᠨ ᠠᠮᠠᠷᠠᠯᠳᠠ ᠶᠢᠨ ᠰᠡᠭᠦᠯᠴᠢ ᠪᠠᠷ ᠲᠠᠰᠬᠠᠯ ᠲᠠᠭᠠᠭᠠᠯᠪᠤᠷᠢ ᠪᠠᠨ ᠴᠦᠮ ᠲᠠᠭᠤᠰᠬᠠᠭᠰᠠᠨ ᠪᠤᠯᠬᠤᠷ ᠡᠵᠢ ᠮᠢᠨᠢ ᠨᠠᠳᠠ ᠶᠢ ᠲᠠᠭᠠᠭᠤᠯᠤᠨ ᠬᠦᠳᠡᠭᠡ ᠪᠠᠶᠢᠭ᠎ᠠ ᠡᠪᠦᠭᠡᠨ ᠨᠠᠭᠠᠴᠦ ᠶᠢᠨ ᠳᠤ ᠤᠴᠢᠬᠤ ᠪᠠᠷ ᠲᠦᠯᠦᠪᠯᠡᠵᠦ ᠪᠠᠶᠢᠭᠰᠠᠨ ᠶᠤᠮ᠃ ᠬᠡᠪᠡᠴᠦ ᠬᠢᠵᠢᠭ ᠤᠨ ᠪᠠᠶᠢᠳᠠᠯ ᠭᠡᠨᠡᠳᠳᠡ ᠬᠦᠨᠳᠦ ᠨᠤᠴᠢᠳᠠᠢ ᠪᠤᠯᠤᠭᠰᠠᠨ ᠠᠴᠠ ᠡᠵᠢ ᠮᠢᠨᠢ ᠬᠡᠵᠢᠶ᠎ᠡ ᠮᠠᠭᠠᠳ ᠠᠵᠢᠯ ᠤᠨ ᠪᠡᠶᠢᠷᠢ ᠳᠠᠭᠠᠨ ᠡᠭᠦᠷᠭᠡ ᠬᠦᠯᠢᠶᠡᠬᠦ ᠤᠴᠢᠷ ᠲᠠᠢ ᠪᠤᠯᠬᠤ  ᠠᠴᠠ ᠬᠢᠴᠢᠶᠡᠵᠦ᠂ ᠨᠠᠳᠠ ᠶᠢ ᠲᠠᠭᠠᠭᠤᠯᠤᠨ ᠬᠦᠳᠡᠭᠡ ᠶᠠᠪᠤᠬᠤ ᠪᠠᠨ ᠪᠠᠶᠢᠯ᠎ᠠ᠂ ᠡᠭᠦᠨ ᠳᠤ ᠪᠢ ᠭᠤᠮᠤᠳᠠᠵᠦ᠂ ᠡᠵᠢ  ᠳᠡᠭᠡᠨ ᠪᠠᠭ᠋ᠠᠨ ᠠᠭᠤᠷᠯᠠᠵᠦ ᠪᠠᠶᠢᠭᠰᠠᠨ ᠰᠠᠨ᠃
微信图片_20221024102753.jpg
      ᠡᠵᠢ ᠶᠢᠨ ᠮᠢᠨᠢ ᠪᠤᠳᠤᠯ ᠵᠦᠪ ᠪᠠᠶᠢᠵᠠᠢ᠃ ᠮᠦᠨ ᠲᠡᠷᠡ ᠡᠳᠦᠷ ᠤᠨ ᠦᠳᠡ ᠶᠢᠨ ᠬᠤᠶᠢᠨ᠎ᠠ ᠡᠵᠢ ᠮᠢᠨᠢ ︽ᠲᠠᠷᠤᠶᠢᠬᠠᠨ ᠪᠠᠶᠢᠯᠳᠤᠭᠠᠨ ᠤ ᠲᠤᠭᠤᠷᠢᠭ ᠲᠤ ᠴᠤᠭᠯᠠᠷᠠᠭᠠᠷᠠᠢ︕︾ ᠭᠡᠰᠡᠨ ᠮᠡᠳᠡᠭᠳᠡᠯ ᠢ ᠬᠦᠯᠢᠶᠡᠵᠦ᠂ ᠨᠠᠳᠠ ᠶᠢ ᠭᠡᠷ ᠲᠤ ᠭᠠᠭᠴᠠᠭᠠᠷ ᠤᠷᠬᠢᠵᠦ ᠶᠠᠪᠤᠭᠰᠠᠨ ᠶᠤᠮ᠃ ᠲᠡᠷᠡ ᠦᠳᠡᠰᠢ ᠡᠵᠢ ᠮᠢᠨᠢ ᠮᠠᠰᠢ ᠤᠷᠤᠢ ᠬᠠᠷᠢᠵᠦ ᠪᠢᠯᠡ᠃      ᠲᠠᠷᠠᠭ᠎ᠠ ᠦᠷᠯᠦᠭᠡ ᠨᠢ ᠡᠵᠢ ᠮᠢᠨᠢ ᠲᠠᠪᠤᠨ ᠴᠠᠭ ᠢᠶᠠᠷ ᠠᠵᠢᠯ ᠳᠠᠭᠠᠨ ᠭᠠᠷᠴᠦ᠂ ᠤᠷᠤᠶᠢᠬᠠᠨ ᠬᠠᠷᠢᠵᠦ ᠢᠷᠡᠭᠡᠳ ᠬᠤᠭᠤᠯᠠ ᠬᠢᠬᠦ᠂ ᠤᠬᠢᠶᠠᠵᠦ ᠴᠡᠪᠡᠷᠯᠡᠬᠦ ᠵᠡᠷᠭᠡ ᠠᠵᠢᠯ ᠳᠤ ᠪᠠᠨ ᠮᠤᠩᠭᠢᠨᠠᠵᠦ ᠮᠠᠰᠢ ᠶᠡᠭᠡ ᠵᠦᠳᠡᠷᠡᠭᠰᠡᠨ ᠪᠢᠯᠡ᠃ ᠭᠤᠷᠪᠠᠳᠤᠭᠠᠷ ᠡᠳᠦᠷ ᠨᠢ ᠡᠵᠢ ᠮᠢᠨᠢ᠄ ︽ᠬᠢᠵᠢᠭ ᠤᠨ ᠪᠠᠶᠢᠳᠠᠯ ᠪᠤᠳᠤᠯᠢᠶᠠᠨᠳᠠᠢ ᠪᠤᠯᠵᠦ ᠤᠯᠠᠮ ᠶᠠᠭᠠᠷᠠᠦ ᠪᠤᠯᠤᠯ᠎ᠠ᠂ ᠮᠦᠨᠴᠦ ᠠᠮᠤᠷ ᠲᠦᠪᠰᠢᠨ ᠢ ᠪᠤᠳᠤᠯᠬᠢᠯᠠᠵᠦ᠂ ᠴᠢᠮ᠎ᠠ ᠶᠢ ᠨᠠᠭᠠᠴᠦ ᠡᠮᠡᠭᠡ ᠶᠢᠨ ᠳᠤ ᠴᠢᠨᠢ ᠬᠦᠷᠭᠡᠶ᠎ᠡ᠃ ᠬᠢᠵᠢᠭ ᠤᠨ ᠪᠠᠶᠢᠳᠠᠯ ᠰᠠᠶᠢᠵᠢᠷᠠᠭᠰᠠᠨ ᠤ ᠲᠠᠷᠠᠭ᠎ᠠ ᠡᠵᠢ ᠨᠢ ᠢᠷᠡᠵᠦ ᠲᠤᠰᠤᠶ᠎ᠠ᠃︾ ᠭᠡᠵᠦ ᠨᠠᠳᠠ ᠶᠢ ᠨᠠᠭᠠᠴᠦ ᠡᠮᠡᠭᠡ ᠶᠢᠨ ᠳᠤ ᠬᠦᠷᠭᠡᠯ᠎ᠡ᠃ ᠡᠵᠢ ᠶᠢᠨ ᠢᠶᠠᠨ ᠮᠠᠰᠢ ᠶᠡᠭᠡ ᠶᠠᠳᠠᠷᠠᠵᠦ ᠵᠦᠳᠡᠷᠡᠵᠦ ᠪᠠᠶᠢᠬᠤ ᠶᠢ ᠪᠢ ᠮᠡᠳᠡᠵᠦ ᠪᠠᠶᠢᠭ᠎ᠠ ᠪᠤᠯᠬᠤᠷ ᠡᠵᠢ ᠶᠢᠨ ᠦᠭᠡ ᠶᠢ ᠰᠤᠨᠤᠰᠴᠦ ᠨᠠᠭᠠᠴᠦ ᠡᠮᠡᠭᠡ ᠶᠢᠨ ᠳᠡᠭᠡᠨ ᠤᠴᠢᠵᠦ ᠰᠠᠭᠤᠭᠰᠠᠨ ᠶᠤᠮ᠃      ᠡᠵᠢ  ᠶᠢᠨ ᠢᠶᠠᠨ ᠡᠪᠡᠳᠴᠢᠯᠡᠭᠰᠡᠨ ᠢ ᠰᠤᠨᠤᠰᠤᠭᠠᠳ ᠪᠢ ᠡᠵᠢ ᠳᠡᠭᠡᠨ ᠤᠳᠠᠰᠤᠳᠠᠬᠤ ᠳᠤ ᠡᠵᠢ ᠮᠢᠨᠢ ᠮᠦᠨ ᠯᠡ ᠵᠢᠵᠢᠭᠦᠷᠯᠡᠵᠦ ᠪᠠᠶᠢᠪᠠ᠃ ᠲᠡᠩᠷᠢ ᠬᠦᠢᠳᠡᠨ᠂ ᠡᠵᠢ ᠮᠢᠨᠢ ᠪᠦᠬᠦᠯᠢ ᠡᠳᠦᠷ ᠢᠶᠠᠷ ᠢᠶᠠᠨ ᠭᠠᠳᠠᠨ᠎ᠠ ᠵᠤᠭᠰᠤᠨ᠎ᠠ᠃ ᠡᠪᠡᠳᠴᠢᠯᠡᠭᠰᠡᠨ ᠴᠦ ᠬᠠᠷᠢᠵᠦ ᠠᠮᠠᠷᠠᠬᠤ ᠵᠠᠪ ᠦᠭᠡᠢ ᠦᠷᠭᠦᠯᠵᠢᠯᠡᠨ ᠶᠠᠭᠠᠷᠠᠨ᠎ᠠ᠃
微信图片_20221024102802.jpg
      ᠡᠵᠢ ᠮᠢᠨᠢ ᠡᠶᠢᠨᠬᠦ ᠨᠡᠶᠢᠭᠡᠮ ᠬᠦᠮᠦᠨ ᠠᠷᠠᠳ ᠤᠨ ᠢᠶᠠᠨ ᠡᠷᠡᠭᠦᠯ ᠡᠩᠭᠡ ᠶᠢᠨ ᠲᠦᠯᠦᠭᠡ ᠠᠯᠢᠪᠠ ᠪᠠᠨ ᠵᠤᠷᠢᠭᠤᠯᠵᠦ᠂ ᠶᠠᠳᠠᠷᠠᠵᠦ ᠵᠦᠳᠡᠷᠡᠵᠦ ᠪᠠᠶᠢᠪᠠᠴᠦ ᠠᠵᠢᠯ ᠤᠨ ᠪᠠᠶᠢᠷᠢ ᠪᠠᠨ ᠪᠠᠳᠤ ᠰᠠᠬᠢᠨ ᠡᠳᠦᠷ ᠰᠦᠨᠢ ᠦᠭᠡᠢ ᠶᠠᠭᠠᠷᠠᠯᠳᠠᠢ ᠠᠵᠢᠯᠯᠠᠨ᠎ᠠ᠃ ᠮᠢᠨᠤ ᠡᠵᠢ ᠮᠢᠨᠤ ᠤᠮᠤᠭᠰᠢᠯ︕ ᠮᠦᠨ ᠴᠦ ᠮᠢᠨᠤ ᠲᠠᠭᠠᠨ ᠰᠤᠷᠤᠯᠴᠠᠬᠤ ᠦᠯᠢᠭᠡᠷ ᠲᠠᠭᠤᠷᠢᠶᠠᠯ︕      ᠬᠢᠵᠢᠭ ᠤᠨ ᠪᠠᠶᠢᠳᠠᠯ ᠭᠡᠴᠡᠭᠦᠳᠡᠵᠦ ᠪᠠᠶᠢᠭ᠎ᠠ ᠣᠳᠣᠬᠠᠨ ᠳᠤ ᠮᠢᠨᠤ ᠡᠵᠢ ᠰᠢᠭ ᠮᠠᠰᠢ ᠤᠯᠠᠨ ︽ᠪᠠᠶᠢᠯᠳᠤᠭᠴᠢᠳ︾ ᠪᠢᠳᠡᠨ ᠢ ᠬᠠᠮᠠᠭᠠᠯᠠᠬᠤ ᠶᠢᠨ ᠲᠦᠯᠦᠭᠡ ᠮᠠᠰᠢ ᠵᠦᠳᠡᠷᠡᠯᠳᠡᠢ ᠲᠡᠮᠡᠴᠡᠵᠦ ᠪᠤᠢ︕ ᠪᠢᠳᠡᠨ ᠤ ᠬᠢᠵᠦ ᠲᠡᠶᠢᠯᠬᠦ ᠨᠢ ᠵᠦᠪᠬᠡᠨ ᠡᠵᠢ ᠶᠢᠨ ᠢᠶᠠᠨ ᠦᠭᠡ ᠶᠢ ᠰᠤᠨᠤᠰᠴᠦ᠂ ᠲᠤᠷ᠎ᠠ ᠪᠠᠷ ᠢᠶᠠᠨ ᠠᠭᠠᠰᠢᠯᠠᠬᠤ ᠦᠭᠡᠢ᠂ ᠭᠡᠷ ᠲᠤ ᠪᠠᠨ ᠰᠠᠭᠤᠬᠤ  ᠯᠡ ᠤᠴᠢᠷ ᠲᠡᠳᠦᠢ᠃      ᠡᠨᠡ ᠣᠳᠠᠭᠠᠨ ᠤ ᠲᠠᠷᠢ ᠶᠢᠨ ᠤᠳᠤᠭ᠎ᠠ ᠦᠭᠡᠢ ︽ᠪᠠᠶᠢᠯᠳᠤᠭᠠᠨ︾ ᠳᠤ ᠯᠠᠪᠳᠠᠢ ᠢᠯᠠᠯᠳᠠ ᠤᠯᠵᠦ ᠴᠢᠳᠠᠨ᠎ᠠ ᠭᠡᠳᠡᠭ ᠢ ᠪᠢ ᠪᠠᠳᠤ ᠢᠳᠡᠭᠡᠵᠦ ᠪᠠᠶᠢᠨ᠎ᠠ᠃ ᠬᠢᠵᠢᠭ ᠢ ᠰᠡᠷᠭᠡᠶᠢᠯᠡᠬᠦ ᠨᠢᠭᠡᠳᠦᠭᠡᠷ ᠹᠷᠤᠨᠲ ᠲᠤ ᠠᠵᠢᠯᠯᠠᠵᠦ ᠪᠠᠶᠢᠭ᠎ᠠ ︽ᠪᠠᠶᠢᠯᠳᠤᠭᠴᠢᠳ︾ ᠴᠢᠷᠮᠠᠢ︕
微信图片_20221024102815.jpg
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号