ᠪᠠᠳᠤᠬᠠᠭᠠᠯᠭ᠎ᠠ ᠪᠠᠯᠭᠠᠰᠤᠨ ᠤ ︽ᠰᠤᠳᠤ ᠠᠳᠤᠭᠤᠨ ᠲᠠᠯᠠᠪᠠᠢ︾ ᠶᠢᠨ ᠡᠷᠬᠢᠯᠡᠭᠰᠡᠨ ᠶᠢᠰᠦᠳᠦᠭᠡᠷ ᠬᠤᠭᠤᠴᠠᠭᠠᠨ ᠤ ᠮᠤᠷᠢᠨ ᠤ ᠤᠷᠤᠯᠳᠤᠭᠠᠨ ᠤᠷᠤᠭᠰᠢᠳᠠᠢ ᠶᠠᠪᠤᠭᠳᠠᠭᠰᠠᠨ
ᠨᠡᠶᠢᠲᠡᠯᠡᠭᠰᠡᠨ ᠴᠠᠭ᠄
2022/1/5
     2021 ᠤᠨ ᠤ1 ᠰᠠᠷ᠎ᠠ ᠶᠢᠨ1 ᠤ ᠦᠳᠡ ᠶᠢᠨ ᠡᠮᠦᠨ᠎ᠡ᠂ ᠪᠠᠳᠤᠬᠠᠭᠠᠯᠭ᠎ᠠ ᠪᠠᠯᠭᠠᠰᠤᠨ ᠤ ᠪᠠᠷᠠᠭᠤᠨ ᠠᠮᠠ  ᠶᠢᠨ ᠮᠤᠷᠢᠨ ᠤᠷᠤᠯᠳᠤᠭᠠᠨ ᠤ ᠲᠠᠯᠠᠪᠤᠷ ᠲᠤ ︽ᠰᠤᠳᠦ ᠠᠳᠤᠭᠤᠨ ᠲᠠᠯᠠᠪᠠᠢ︾ ᠶᠢᠨ ᠡᠷᠬᠢᠯᠡᠭᠰᠡᠨ ᠶᠢᠰᠦᠳᠦᠭᠡᠷ ᠬᠤᠭᠤᠴᠠᠭᠠᠨ ᠤ ᠮᠤᠷᠢᠨ ᠤ ᠤᠷᠤᠯᠳᠤᠭᠠᠨ ᠤᠷᠤᠭᠰᠢᠳᠠᠢ ᠶᠠᠪᠤᠭᠳᠠᠭᠰᠠᠨ ᠪᠠᠶᠢᠨ᠎ᠠ᠃
     ᠲᠤᠰ ᠤᠷᠤᠯᠳᠤᠭᠠᠨ ᠨᠢ᠂ ᠮᠤᠩᠭᠤᠯ ᠮᠤᠷᠢᠨ ᠤ ᠤᠷᠤᠯᠳᠤᠭᠠᠨ  ᠪᠤᠯᠤᠨ ᠡᠷᠯᠢᠰᠡ ᠮᠤᠷᠢᠨ ᠤ ᠤᠷᠤᠯᠳᠤᠭᠠᠨ ᠬᠡᠵᠦ ᠬᠤᠶ᠎ᠠ ᠲᠤᠭᠤᠶᠢᠯᠠᠩ ᠬᠤᠪᠢᠶᠠᠵᠦ᠂ ᠲᠤᠰ ᠲᠤᠰ15000 ᠮᠧᠲᠷ ᠪᠠ10000 ᠮᠧᠲᠷ ᠤᠨ ᠤᠷᠤᠯᠳᠤᠭᠠᠨ ᠶᠠᠪᠤᠳᠠᠭᠤᠯᠪᠠ᠃ ᠡᠭᠦᠨ ᠳᠤ᠂ ᠮᠤᠩᠭᠤᠯ ᠮᠤᠷᠢᠨ ᠤ ᠤᠷᠤᠯᠳᠤᠭᠠᠨ ᠳᠤ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠪᠠᠶ᠋ᠬᠠᠤᠪᠤᠭ᠎ᠠ ᠰᠤᠮᠤᠨ ᠤ ᠮᠦᠩᠭᠡ ᠶᠢᠨ ᠪᠤᠭᠤᠷᠤᠯ ᠮᠤᠷᠢ ᠲᠦᠷᠦᠬᠦᠯᠡᠵᠦ᠂ ᠲᠦᠷᠪᠡᠳ ᠬᠤᠰᠢᠭᠤᠨ  ᠤ ᠭᠠᠩᠪᠤᠤ ᠶᠢᠨ ᠬᠤᠸᠠ ᠮᠤᠷᠢ ᠲᠡᠳ᠋ᠯᠡᠵᠦ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠪᠠᠶ᠋ᠬᠠᠤᠪᠤᠭ᠎ᠠ ᠰᠤᠮᠤᠨ ᠤ ᠭᠡᠷᠡᠯᠳᠦ ᠶᠢᠨ ᠬᠡᠬᠡᠷ ᠮᠤᠷᠢ ᠭᠤᠷᠪᠠ  ᠤᠷᠤᠭᠰᠠᠨ ᠪᠠᠶᠢᠨ᠎ᠠ᠃ ᠡᠷᠯᠢᠰᠡ ᠮᠤᠷᠢᠨ ᠤ ᠤᠷᠤᠯᠳᠤᠭᠠᠨ ᠳᠤ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠰᠢᠨᠡᠪᠤᠯᠠᠭ ᠰᠤᠮᠤᠨ ᠤ ᠨᠠᠷᠠᠨᠴᠢᠮᠡᠭ ᠤᠨ ᠬᠡᠭᠡᠷ ᠠᠵᠢᠷᠭ᠎ᠠ ᠲᠦᠷᠦᠭᠦᠯᠡᠵᠦ᠂ ᠲᠦᠷᠪᠡᠳ ᠬᠤᠰᠢᠭᠤᠨ ᠤ ᠪᠠᠳᠤᠸ᠋ᠴᠢᠷ ᠤᠨ ᠬᠠᠯᠵᠠᠨ ᠬᠠᠯᠳᠠᠷ ᠮᠤᠷᠢ ᠲᠡᠳ᠋ᠯᠡᠵᠦ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠪᠤᠶᠠᠨᠬᠦᠦ ᠶᠢᠨ ᠬᠠᠷ᠎ᠠ ᠮᠤᠷᠢ ᠭᠤᠷᠪᠠ ᠳᠤ ᠤᠷᠤᠭᠰᠠᠨ ᠪᠠᠶᠢᠨ᠎ᠠ᠃
     ᠤᠷᠤᠯᠳᠤᠭᠠᠨ ᠨᠢ ᠲᠠᠯ᠎ᠠ ᠨᠤᠳᠤᠭ ᠤᠨ ᠮᠤᠷᠢᠨ ᠨᠢᠷᠤᠭᠤᠨ ᠲᠡᠭᠡᠷᠡᠬᠢ ᠰᠤᠶᠤᠯ ᠢᠶᠠᠨ ᠨᠡᠩ ᠤᠯᠠᠨ ᠬᠦᠮᠦᠰ  ᠲᠤ ᠲᠠᠨᠢᠭᠤᠯᠤᠨ ᠮᠡᠳᠡᠭᠦᠯᠦᠭᠰᠡᠨ ᠢᠶᠠᠷ ᠪᠠᠷᠠᠬᠤ ᠦᠭᠡᠢ᠂ ᠬᠦᠮᠦᠰ ᠤᠨ ᠪᠠᠭ᠋ᠠᠷᠬᠠᠯ ᠰᠤᠨᠢᠷᠬᠠᠯ ᠢ ᠲᠠᠳᠠᠵᠦ᠂ ᠬᠤᠯᠠ ᠤᠶᠢᠷ᠎ᠠ ᠠᠴᠠ ᠬᠦᠷᠦᠯᠴᠠᠨ ᠢᠷᠡᠭᠰᠡᠨ ᠦᠵᠡᠭᠴᠢᠳ ᠢᠷᠡᠭᠰᠡᠨ ᠦᠵᠡᠭᠴᠢᠳ ᠤᠷᠭᠢᠯᠤᠮ᠎ᠠ ᠬᠠᠯᠠᠭᠤᠨ ᠰᠡᠳᠭᠢᠯᠬᠡ  ᠪᠠᠷ ᠠᠯᠠᠭ᠎ᠠ ᠲᠠᠰᠢᠵᠦ  ᠤᠷᠤᠯᠳᠤᠭᠠᠨᠴᠢᠳ ᠢ ᠤᠷᠠᠮᠰᠢᠭᠤᠯᠵᠦ ᠪᠠᠶᠢᠯ᠎ᠠ᠃
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号