ᠨᠢᠭᠡ ᠬᠤᠳᠠ ᠳᠤ ᠬᠠᠮᠲᠤ ᠪᠠᠷ ᠰᠠᠭᠤᠵᠤ᠂ ᠨᠢᠭᠡ ᠭᠡᠷ ᠪᠦᠯᠢ ᠪᠠᠨ ᠬᠠᠮᠲᠤ ᠪᠠᠷ ᠬᠠᠶᠢᠷᠠᠯᠠᠵᠤ᠂ ᠪᠣᠯᠪᠠᠰᠤᠨ | ᠦᠵᠡᠰᠬᠦᠯᠡᠩᠲᠦ ᠰᠠᠶᠢᠬᠠᠨ ᠭᠡᠷ ᠣᠷᠣᠨ ᠢᠶᠠᠨ ᠮᠠᠨ ᠤ ᠰᠠᠭᠤᠭᠠᠯᠢ ᠠᠷᠠᠳ ᠨᠢᠭᠡᠪᠦᠷᠢ ᠬᠠᠮᠲᠤ ᠪᠠᠷ ᠪᠦᠳᠦᠭᠡᠨ | ᠪᠠᠶᠢᠭᠤᠯᠬᠤ ᠶᠢ ᠱᠠᠭᠠᠷᠳᠠᠨ᠎ᠠ᠃ ᠨᠢᠭᠡ ᠬᠤᠳᠠ ᠶᠢᠨ ᠰᠠᠭᠤᠭᠠᠯᠢ ᠠᠷᠠᠳ ᠨᠢ ᠪᠣᠯᠪᠠᠰᠤᠨ ᠠᠵᠢᠯᠯᠠᠭ᠎ᠠ ᠶᠢᠨ | ᠦᠢᠯᠡᠳᠦᠯᠭᠡᠵᠢᠭᠦᠯᠦᠭᠴᠢ᠂ ᠪᠣᠯᠪᠠᠰᠤᠨ ᠨᠡᠶᠢᠭᠡᠮ ᠤᠨ ᠬᠠᠮᠠᠭᠠᠯᠠᠭᠴᠢ ᠪᠣᠯᠬᠤ ᠪᠠᠷ ᠪᠠᠷᠠᠬᠤ ᠦᠭᠡᠢ ᠪᠠᠰᠠ ᠪᠣᠯᠪᠠᠰᠤᠨ | ᠬᠤᠳᠠ ᠪᠠᠯᠭᠠᠰᠤᠨ ᠤ ᠠᠰᠢᠭ ᠬᠦᠷᠳᠡᠭᠴᠢ ᠪᠣᠯᠬᠤ ᠶᠤᠮ᠃ ᠳᠣᠣᠷᠠᠬᠢ ᠨᠠᠶᠢᠷᠠᠭᠤᠯᠤᠭᠴᠢ ᠳᠤ ᠣᠯᠠᠨ ᠢ ᠳᠠᠭᠠᠭᠤᠯᠵᠤ | ᠮᠠᠨ ᠤ ᠳ᠋ᠠ ᠮᠤᠤ ᠶᠢᠨ ᠬᠥᠮᠦᠰ ᠤᠨ ᠡᠳᠦᠷ ᠲᠤᠲᠤᠮ ᠤᠨ ᠪᠣᠯᠪᠠᠰᠤᠨ ᠦᠢᠯᠡ ᠠᠵᠢᠯᠯᠠᠭ᠎ᠠ ᠶᠢ ᠦᠵᠡᠶ᠎ᠡ᠃ | | | | | | | | | ᠪᠣᠯᠪᠠᠰᠤᠨ ᠢᠶᠠᠷ ᠵᠠᠮ ᠭᠡᠲᠦᠯᠵᠦ᠂ ᠡᠷᠢᠶᠡᠨ ᠵᠢᠷᠤᠭᠠᠰᠤᠨ ᠳᠤ ᠨᠠᠶᠢᠷ ᠲᠠᠯᠪᠢᠨ᠎ᠠ᠃ ᠵᠠᠮ ᠬᠠᠷᠢᠯᠴᠠᠭᠠᠨ ᠤ | ᠵᠠᠮ ᠤᠨ ᠠᠭᠤᠯᠵᠠᠷ ᠲᠤ ᠶᠠᠪᠠᠭᠠᠨ ᠬᠥᠮᠦᠨ ᠤᠬᠠᠮᠰᠠᠷ ᠠᠴᠠ ᠪᠠᠨ ᠤᠯᠠᠭᠠᠨ ᠳ᠋ᠧᠩ ᠢ ᠵᠣᠭᠰᠣᠭᠠᠵᠤ ᠨᠣᠭᠤᠭᠠᠨ | ᠳ᠋ᠧᠩ ᠢ ᠵᠣᠭᠰᠣᠭᠠᠬᠤ ᠶᠢ ᠪᠡᠶᠡᠯᠡᠭᠦᠯᠵᠦ᠂ ᠵᠠᠮ ᠭᠡᠲᠦᠯᠬᠦ ᠳᠤ ᠤᠯᠠᠭᠠᠨ ᠨᠣᠭᠤᠭᠠᠨ ᠳ᠋ᠧᠩ ᠢ ᠦᠵᠡᠬᠦ ᠬᠡᠷᠡᠭᠲᠡᠶ᠃ | ᠮᠠᠰᠢᠨ ᠲᠡᠷᠭᠡ ᠵᠢᠯᠣᠭᠤᠳᠬᠤ ᠳᠠᠭᠠᠨ ᠶᠠᠪᠠᠭᠠᠨ ᠬᠥᠮᠦᠨ ᠳᠤ ᠨᠠᠶᠢᠷ ᠲᠠᠯᠪᠢᠵᠤ᠂ ᠡᠷᠢᠶᠡᠨ ᠱᠤᠭᠤᠮ ᠠᠴᠠ ᠡᠮᠦᠨ᠎ᠡ | ᠤᠬᠠᠮᠰᠠᠷ ᠠᠴᠠ ᠪᠠᠨ ᠬᠤᠷᠳᠤᠴᠠ ᠪᠠᠨ ᠪᠠᠭᠠᠰᠬᠠᠵᠤ᠂ ᠶᠠᠪᠠᠭᠠᠨ ᠬᠥᠮᠦᠨ ᠳᠤ ᠨᠠᠶᠢᠷ ᠲᠠᠯᠪᠢᠬᠤ ᠬᠡᠷᠡᠭᠲᠡᠶ᠃ | | ᠨᠠᠶᠢᠷ ᠲᠠᠯ᠎ᠠ ᠶᠢᠨ ᠴᠡᠴᠡᠭ ᠤᠯᠠᠮ ᠦᠵᠡᠰᠬᠦᠯᠡᠩ ᠪᠣᠯᠵᠣ᠂ ᠨᠠᠶᠢᠷ ᠲᠠᠯ᠎ᠠ ᠶᠢᠨ ᠴᠡᠴᠡᠭ ᠤᠯᠠᠮ ᠬᠥᠬᠡᠷᠡᠨ᠂ | ᠴᠡᠴᠡᠷᠯᠢᠭ᠂ ᠲᠠᠯᠠᠪᠠᠶ ᠵᠡᠷᠭᠡ ᠣᠯᠠᠨ ᠨᠡᠶᠢᠲᠡ ᠶᠢᠨ ᠲᠠᠯᠠᠪᠤᠷ ᠲᠤ ᠴᠡᠴᠡᠭ ᠲᠡᠭᠦᠵᠦ ᠰᠠᠯᠠᠭ᠎ᠠ ᠨᠠᠮᠠᠭ᠎ᠠ ᠶᠢ ᠨᠢ | ᠬᠤᠭᠤᠯᠬᠤ ᠥᠬᠡᠶ᠂ ᠵᠦᠯᠭᠡ ᠶᠢ ᠭᠢᠰᠬᠢᠬᠦ ᠥᠬᠡᠶ᠃ ᠤᠯᠠᠨ ᠨᠡᠶᠢᠲᠡ ᠶᠢᠨ ᠣᠷᠴᠢᠨ ᠲᠣᠭᠤᠷᠢᠨ ᠤ ᠡᠷᠡᠭᠦᠯ | ᠬᠠᠮᠠᠭᠠᠯᠠᠯ ᠢ ᠰᠠᠶᠢᠲᠤᠷ ᠪᠦᠳᠦᠭᠡᠨ ᠪᠠᠶᠢᠭᠤᠯᠵᠤ᠂ ᠰᠠᠶᠢᠲᠤᠷ ᠬᠠᠮᠠᠭᠠᠯᠠᠬᠤ ᠳᠤ ᠪᠢᠳᠡᠨ ᠤ ᠬᠥᠮᠦᠨ ᠨᠢᠭᠡᠪᠦᠷᠢ | ᠬᠠᠮᠲᠤ ᠪᠠᠷ ᠴᠢᠷᠮᠠᠶᠢᠬᠤ ᠬᠡᠷᠡᠭᠲᠡᠢ᠃ | | | | | | ᠭᠠᠵᠠᠷ ᠪᠣᠯᠭᠠᠨ ᠳᠤ ᠨᠤᠯᠮᠤᠬᠤ ᠥᠬᠡᠶ᠂ ᠬᠤᠭ ᠨᠣᠪᠰᠢ ᠶᠢ ᠳᠤᠷ᠎ᠠ ᠪᠠᠷ ᠬᠠᠶᠠᠬᠤ ᠥᠬᠡᠶ᠂ ᠣᠯᠠᠨ | ᠨᠡᠶᠢᠲᠡ ᠶᠢᠨ ᠲᠠᠯᠠᠪᠤᠷ ᠲᠤ ᠤᠬᠠᠮᠰᠠᠷ ᠠᠴᠠ ᠪᠠᠨ ᠠᠮᠠᠪᠴᠢ ᠵᠡᠭᠦᠵᠦ᠂ ᠬᠥᠮᠦᠨ ᠪᠣᠯᠭᠠᠨ ᠪᠣᠯᠪᠠᠰᠤᠨ ᠬᠤᠲᠠ | ᠪᠠᠯᠭᠠᠰᠤ ᠶᠢᠨ ᠬᠠᠮᠠᠭᠠᠯᠠᠭᠴᠢ ᠪᠠ ᠦᠶ᠋ᠯᠡᠳᠦᠯᠭᠡᠵᠢᠭᠦᠯᠦᠭᠴᠢ ᠪᠣᠯᠬᠤ ᠬᠡᠷᠡᠭᠲᠡᠶ᠃ | | | | | | ᠨᠢᠭᠡ ᠢᠮᠠᠬᠤ ᠶᠢᠨ ᠨᠠᠶᠢᠷ ᠲᠠᠯᠪᠢᠪᠠᠯ ᠨᠢᠭᠡ ᠲᠣᠬᠤᠢ ᠶᠢᠨ ᠶᠣᠰᠣ ᠣᠯᠤᠨ᠎ᠠ᠂ ᠨᠡᠶᠢᠲᠡ ᠶᠢᠨ ᠵᠠᠮ | ᠬᠠᠷᠢᠯᠴᠠᠭᠠᠨ ᠤ ᠪᠠᠭᠠᠵᠢ ᠬᠡᠷᠡᠭᠰᠡᠯ ᠳᠤ ᠰᠠᠭᠤᠬᠤ ᠳᠠᠭᠠᠨ ᠨᠠᠰᠤᠲᠠᠨ᠂ ᠬᠡᠦᠬᠡᠳ᠂ ᠵᠢᠷᠮᠦᠰᠦᠨ ᠪᠦᠰᠡᠭᠦᠶ | ᠪᠤᠰᠤᠳ ᠲᠤ ᠨᠠᠶᠢᠷ ᠲᠠᠯᠪᠢᠬᠤ ᠬᠡᠷᠡᠭᠲᠡᠶ᠂ ᠲᠡᠷᠭᠡᠨ ᠳᠤ ᠭᠠᠷᠴᠤ ᠲᠡᠷᠭᠡᠨ ᠠᠴᠠ ᠪᠠᠭᠤᠬᠤ ᠳᠠᠭᠠᠨ ᠪᠤᠯᠢᠶᠠᠯᠳᠤᠵᠤ | ᠪᠣᠯᠬᠤ ᠦᠭᠡᠢ᠃ ᠪᠣᠯᠪᠠᠰᠤᠨ ᠢᠶᠠᠷ ᠮᠠᠭᠤ ᠳᠠᠳᠬᠠᠯ ᠢ ᠡᠰᠡᠷᠭᠦᠴᠡᠵᠦ᠂ ᠶᠣᠰᠣᠯᠠᠯ ᠢᠶᠠᠷ ᠪᠣᠯᠪᠠᠰᠤᠨ ᠢ ᠳᠠᠶᠢᠴᠢᠯᠠᠨ᠎ᠠ᠃ | | ᠪᠣᠯᠪᠠᠰᠤᠨ ᠪᠣᠯ ᠵᠠᠮ ᠵᠠᠭᠤᠷ᠎ᠠ ᠪᠠᠨ ᠤᠴᠠᠷᠠᠬᠤ ᠦᠶ᠎ᠡ ᠶᠢᠨ ᠢᠨᠢᠶᠡᠳᠦ ᠮᠥᠨ᠂ ᠪᠣᠯᠪᠠᠰᠤᠨ ᠪᠣᠯ | ᠪᠤᠰᠤᠳ ᠤᠨ ᠬᠦᠴᠢᠷ ᠪᠡᠷᠬᠡᠰᠢᠶᠡᠯ ᠲᠠᠢ ᠦᠶ᠎ᠡ ᠶᠢᠨ ᠬᠠᠯᠠᠭᠤᠨ ᠬᠠᠪᠰᠤᠷᠤᠯᠭ᠎ᠠ ᠮᠥᠨ᠂ ᠪᠣᠯᠪᠠᠰᠤᠨ ᠪᠣᠯ ᠬᠢᠴᠢᠶᠡᠮᠵᠢ | ᠦᠭᠡᠢ ᠪᠠᠷ ᠡᠰᠡᠷᠭᠦ ᠡᠲᠡᠭᠡᠳ ᠲᠠᠢ ᠪᠠᠨ ᠮᠥᠷᠭᠦᠬᠦ ᠦᠶ᠎ᠡ ᠶᠢᠨ ︽ᠣᠰᠣᠯᠳᠠᠯᠠ︾ ᠮᠥᠨ᠂ ᠪᠣᠯᠪᠠᠰᠤᠨ ᠪᠣᠯ | ᠤᠬᠠᠮᠰᠠᠷ ᠠᠴᠠ ᠪᠠᠨ ᠬᠤᠭ ᠨᠣᠪᠰᠢ ᠶᠢ ᠬᠤᠭ ᠤᠨ ᠰᠠᠪᠠᠨ ᠳᠤ ᠬᠢᠬᠦ ᠵᠢᠵᠢᠭ ᠰᠠᠵᠢᠭ ᠠᠵᠢᠯᠯᠠᠭ᠎ᠠ ᠮᠥᠨ᠂ | ᠪᠣᠯᠪᠠᠰᠤᠨ ᠪᠣᠯ ᠳᠠᠷᠤᠶ ᠠᠮᠢᠳᠤᠷᠠᠯ ᠳᠤᠮᠳᠠᠬᠢ ᠵᠢᠵᠢᠭ ᠰᠠᠵᠢᠭ ᠶᠠᠪᠤᠳᠠᠯ ᠮᠥᠨ᠃ ᠥᠪᠡᠷ ᠤᠨ ᠪᠡᠶ᠎ᠡ ᠠᠴᠠ ᠪᠠᠨ | ᠡᠬᠢᠯᠡᠨ ᠬᠢᠵᠦ᠂ ᠪᠠᠭ᠎ᠠ ᠶᠠᠪᠤᠳᠠᠯ ᠠᠴᠠ ᠡᠬᠢᠯᠡᠨ ᠬᠢᠵᠦ᠂ ᠪᠢᠳᠠ ᠬᠠᠮᠲᠤᠪᠠᠷ ᠪᠣᠯᠪᠠᠰᠤᠨ ᠬᠥᠮᠦᠨ ᠪᠤᠯᠵᠤ᠂ | ᠪᠣᠯᠪᠠᠰᠤᠨ ᠶᠠᠪᠤᠳᠠᠯ ᠢ ᠬᠢᠵᠦ᠂ ᠪᠣᠳᠠᠲᠤ ᠠᠵᠢᠯᠯᠠᠭ᠎ᠠ ᠪᠠᠷ ᠢᠶᠠᠨ ᠦᠵᠡᠰᠬᠦᠯᠡᠩᠲᠦ ᠰᠠᠶᠢᠬᠠᠨ ᠪᠣᠯᠪᠠᠰᠤᠨ ᠵᠣᠯ | ᠵᠢᠷᠭᠠᠯᠲᠤ ᠳᠠᠷᠬᠠᠨ ᠮᠤᠤᠮᠢᠩᠭᠠᠨ ᠬᠤᠰᠢᠭᠤ ᠶᠢ ᠪᠦᠳᠦᠬᠡᠨ ᠪᠠᠶᠢᠭᠤᠯᠬᠤ ᠳᠤ ᠬᠦᠴᠦᠨ ᠴᠢᠳᠠᠯ ᠢᠶᠠᠨ ᠡᠷᠭᠦᠵᠡᠭᠡᠶ᠎ᠡ᠃ | |