ᠦᠬᠡᠷ ᠬᠤᠳᠳᠤᠭ ᠪᠠᠯᠭᠠᠰᠤᠨ ᠤ ᠤᠯᠠᠭᠠᠨ ᠬᠤᠳᠳᠤᠭ ᠲᠣᠰᠬᠤᠨ ᠤ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠤ ᠠᠷᠠᠯᠵᠢᠶᠠᠨ ᠤ ᠵᠠᠬ᠎ᠠ ᠳᠡᠯᠭᠡᠭᠦᠷ ᠤᠨ ᠬᠤᠳᠠᠯᠳᠤᠭᠠᠴᠢᠨ ᠤᠷᠢᠬᠤ ᠠᠯᠪᠠᠨ ᠵᠠᠷ
ᠨᠡᠶᠢᠲᠡᠯᠡᠭᠰᠡᠨ ᠴᠠᠭ᠄
2021/8/27
     ᠬᠤᠳᠠᠯᠳᠤᠭᠠᠴᠢᠨ ᠤᠷᠢᠬᠤ ᠵᠠᠷ      1 ᠲᠥᠷᠥᠯ  ᠵᠤᠶᠢᠯ ᠤᠨ ᠨᠡᠷᠡᠶᠢᠳᠦᠯ᠄ ᠤᠯᠠᠭᠠᠨ ᠬᠤᠳᠳᠤᠭ ᠲᠣᠰᠬᠤᠨ ᠤ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠤ ᠠᠷᠠᠯᠵᠢᠶᠠᠨ ᠤ ᠵᠠᠬ᠎ᠠ ᠳᠡᠯᠭᠡᠭᠦᠷ      2 ᠪᠥᠲᠥᠭᠡᠨ ᠪᠠᠶᠢᠭᠤᠯᠬᠤ ᠭᠠᠵᠠᠷ᠄ ᠦᠬᠡᠷ ᠬᠤᠳᠳᠤᠭ ᠪᠠᠯᠭᠠᠰᠤᠨ ᠤ ᠤᠯᠠᠭᠠᠨ ᠬᠤᠳᠳᠤᠭ ᠲᠣᠰᠬᠤᠨ       3 ᠲᠥᠷᠥᠯ  ᠵᠤᠶᠢᠯ ᠤᠨ ᠨᠢᠭᠡᠴᠡ᠄ ᠦᠬᠡᠷ ᠬᠤᠳᠳᠤᠭ ᠪᠠᠯᠭᠠᠰᠤᠨ ᠤ ᠠᠷᠠᠳ ᠤᠨ ᠵᠠᠰᠠᠭ ᠤᠨ ᠣᠷᠳᠣᠨ       4 ᠲᠦᠷᠦᠯ ᠵᠦᠢᠯ ᠤᠨ ᠠᠭᠤᠯᠭ᠎ᠠ᠄ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠰᠢᠨ᠎ᠡ ᠬᠥᠳᠡᠯᠭᠡᠭᠦᠷ ᠢ ᠢᠳᠡᠪᠬᠢᠲᠡᠢ ᠡᠭᠦᠳᠴᠦ᠂ ᠡᠷᠬᠢᠨ ᠲᠣᠭᠤᠷᠢᠨ ᠤ ᠠᠵᠤ ᠦᠢᠯᠡᠰ ᠤᠨ ᠪᠦᠲᠦᠴᠡ ᠶᠢ ᠰᠢᠯᠢᠳᠡᠭᠵᠢᠭᠦᠯᠦᠨ ᠲᠡᠰ ᠳᠡᠪᠰᠢᠭᠦᠯᠬᠦ ᠶᠢ ᠠᠬᠢᠭᠤᠯᠵᠤ᠂ ᠮᠠᠯᠴᠢᠨ ᠲᠠᠷᠢᠶᠠᠴᠢᠨ ᠤ ᠣᠷᠣᠯᠭ᠎ᠠ ᠶᠢ ᠨᠡᠮᠡᠭᠳᠡᠭᠦᠯᠵᠦ᠂ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠤ ᠭᠦᠢᠯᠭᠡᠭᠡᠨ ᠤ ᠥᠪᠡᠷ ᠤᠨ ᠦᠷᠳᠡᠭ ᠢ ᠪᠠᠭᠤᠷᠠᠭᠤᠯᠵᠤ᠂ ᠭᠦᠢᠯᠭᠡᠭᠡᠨ ᠤ ᠦᠷ᠎ᠡ ᠠᠰᠢᠭ ᠢ ᠳᠡᠭᠡᠭᠰᠢᠯᠡᠭᠦᠯᠵᠦ᠂ ᠰᠠᠭᠤᠭᠠᠯᠢ ᠠᠷᠠᠳ ᠤᠨ ᠠᠵᠢᠯ ᠣᠯᠭᠤᠯᠲᠠ ᠶᠢ ᠥᠷᠭᠡᠳᠬᠡᠵᠦ᠂ ᠬᠤᠳᠠ ᠶᠢᠨ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠤ ᠬᠠᠩᠭᠠᠯᠭ᠎ᠠ ᠶᠢ ᠪᠠᠲᠤᠯᠠᠵᠤ᠂ ᠦᠬᠡᠷ ᠬᠤᠳᠳᠤᠭ ᠪᠠᠯᠭᠠᠰᠤ ᠶᠢᠨ ᠠᠵᠤ ᠠᠬᠤᠢ ᠶᠢᠨ ᠬᠥᠭᠵᠢᠯᠲᠡ ᠶᠢᠨ ᠠᠯᠬᠤᠴᠠ ᠶᠢ ᠲᠦᠷᠭᠡᠳᠬᠡᠨ᠎ᠡ᠃ ᠤᠯᠠᠭᠠᠨᠬᠤᠳᠳᠤᠭ ᠲᠣᠰᠬᠤᠨ ᠤ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠤ ᠠᠷᠠᠯᠵᠢᠶᠠᠨ ᠤ ᠵᠠᠬ᠎ᠠ ᠳᠡᠯᠭᠡᠭᠦᠷ ᠲᠤ ᠬᠠᠮᠢᠶ᠎ᠠ ᠪᠥᠬᠦᠶ ᠢᠵᠢ ᠪᠥᠷᠢᠳᠦᠭᠦᠯᠬᠦ ᠲᠥᠬᠦᠭᠡᠷᠦᠮᠵᠢ ᠪᠠᠶᠢᠭᠤᠯᠬᠤ ᠶᠢᠨ ᠬᠠᠮᠲᠤ ᠡᠵᠡᠩᠨᠡᠯᠲᠡ ᠬᠢᠬᠦ ᠪᠠᠷ ᠲᠥᠯᠥᠪᠯᠡᠵᠦ ᠪᠣᠶ᠃      5 ᠪᠠᠯᠠ ᠣᠷᠣᠭᠤᠯᠤᠯᠲᠠ ᠶᠢᠨ ᠶᠡᠷᠦᠩᠬᠡᠶ ᠲᠤᠭ᠎ᠠ᠄ ᠪᠠᠯᠠ ᠣᠷᠣᠭᠤᠯᠤᠯᠲᠠ ᠶᠢᠨ ᠶᠡᠷᠦᠩᠬᠡᠶ ᠲᠤᠭ᠎ᠠ 300 ᠲᠦᠮᠡᠨ ᠲᠥᠭᠦᠷᠢᠭ᠃       6 ᠬᠠᠮᠲᠤᠷᠠᠨ ᠠᠵᠢᠯᠯᠠᠬᠤ ᠬᠡᠯᠪᠡᠷᠢ᠄ ᠲᠤᠰᠠᠭᠠᠷ ᠪᠡᠯᠡ ᠣᠷᠣᠭᠤᠯᠬᠤ᠂ ᠪᠡᠯᠡ ᠨᠡᠶᠢᠯᠡᠭᠦᠯᠵᠦ ᠪᠦᠷ ᠪᠣᠯᠤᠨ᠎ᠠ᠃      7. ᠵᠠᠬ᠎ᠠ ᠳᠡᠯᠭᠡᠭᠦᠷ ᠤᠨ ᠵᠠᠳᠠᠯᠤᠯᠲᠠ᠄ ᠤᠯᠠᠭᠠᠨᠬᠤᠳᠳᠤᠭ ᠲᠣᠰᠬᠤᠨ ᠪᠣᠯ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠪᠠᠷᠠᠭᠤᠨ ᠡᠮᠦᠨ᠎ᠡ ᠪᠠᠶᠢᠷᠢᠰᠢᠵᠤ᠂ ᠭᠦᠶᠡᠩ ᠰᠢᠶᠠᠨ ᠲᠠᠢ ᠵᠠᠬ᠎ᠠ ᠨᠡᠶᠢᠯᠡᠵᠦ᠂ ᠬᠤᠰᠢᠭᠤᠨ ᠤ ᠵᠠᠰᠠᠭ ᠤᠨ ᠣᠷᠳᠣᠨ ᠠᠴᠠ 30 ᠺᠢᠯᠣᠮᠧᠲᠷ ᠵᠠᠶᠢᠲᠠᠶ ᠪᠠᠶᠢᠳᠠᠭ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠪᠠᠷᠠᠭᠤᠨ ᠡᠮᠦᠨᠡᠲᠦ ᠶᠢᠨ ︽ᠴᠣᠩᠬᠤ︾ ᠮᠥᠨ᠂ 211 ᠮᠤᠵᠢ ᠶᠢᠨ ᠵᠠᠮ᠂ 085 ᠰᠢᠶᠠᠨ ᠤ ᠵᠠᠮ ᠨᠢ ᠬᠢᠯᠢ ᠪᠠᠷ ᠥᠩᠭᠡᠷᠡᠵᠦ᠂ ᠵᠠᠮ ᠬᠠᠷᠢᠯᠴᠠᠭᠠᠨ ᠤ ᠴᠢᠬᠤᠯᠠ ᠵᠠᠮ ᠪᠣᠯᠵᠣ᠂ ᠭᠠᠵᠠᠷ ᠵᠦᠶ ᠶᠢᠨ ᠲᠠᠯ᠎ᠠ ᠪᠠᠷ ᠢᠯᠡᠳᠲᠡ ᠳᠠᠪᠠᠭᠤᠯᠢᠭ ᠲᠠᠯ᠎ᠠ ᠲᠠᠢ ᠪᠠᠶᠢᠳᠠᠭ᠃ ᠲᠥᠷᠥᠯ  ᠵᠤᠶᠢᠯ ᠪᠠᠶᠢᠭᠤᠯᠤᠭᠳᠠᠭᠰᠠᠨ ᠤ ᠳᠠᠷᠠᠭ᠎ᠠ᠂ ᠵᠢᠯ ᠳᠤ 200 ᠲᠦᠮᠡᠨ ᠲᠥᠭᠦᠷᠢᠭ ᠤᠨ ᠠᠰᠢᠭ ᠣᠷᠣᠯᠭ᠎ᠠ ᠶᠢ ᠪᠡᠶᠡᠯᠡᠭᠦᠯᠵᠦ ᠪᠣᠯᠤᠨ᠎ᠠ᠃       8 ᠲᠥᠷᠥᠯ  ᠵᠤᠶᠢᠯ ᠤᠨ ᠬᠠᠷᠢᠯᠴᠠᠬᠤ ᠬᠥᠮᠦᠨ᠄ᠶᠠᠨ ᠬᠤᠢ ︵ᠦᠬᠡᠷ ᠬᠤᠳᠳᠤᠭ ᠪᠠᠯᠭᠠᠰᠤᠨ ᠤ ᠳᠡᠳ᠋ ᠳᠠᠷᠤᠭ᠎ᠠ︶ 15335596910ᠯᠦ ᠢᠦᠢ ᠲᠢᠩ ︵ᠦᠬᠡᠷ ᠬᠤᠳᠳᠤᠭ ᠪᠠᠯᠭᠠᠰᠤᠨ ᠤ ᠶᠡᠷᠦᠩᠬᠡᠶᠢᠯᠡᠭᠰᠡᠨ ᠪᠠᠲᠤᠯᠠᠭ᠎ᠠ ᠪᠠ ᠲᠧᠭᠨᠢᠭ ᠮᠡᠷᠭᠡᠵᠢᠯ ᠢ ᠳᠡᠯᠭᠡᠷᠡᠭᠦᠯᠬᠦ ᠲᠥᠪ ᠤᠨ ᠡᠷᠬᠢᠯᠡᠭᠴᠢ︶ 13694720754 ︵ᠦᠬᠡᠷ ᠤᠨ ᠬᠤᠳᠳᠤᠭ ᠪᠠᠯᠭᠠᠰᠤᠨ ᠤ ᠶᠡᠷᠦᠩᠬᠡᠶᠢᠯᠡᠭᠰᠡᠨ ᠪᠠᠲᠤᠯᠠᠭ᠎ᠠ ᠪᠠ ᠲᠧᠭᠨᠢᠭ ᠮᠡᠷᠭᠡᠵᠢᠯ ᠢ ᠳᠡᠯᠭᠡᠷᠡᠭᠦᠯᠬᠦ ᠲᠥᠪ ᠤᠨ ᠡᠷᠬᠢᠯᠡᠭᠴᠢ︶ 13694720754
 
ᠢᠷᠡᠯᠲᠡ᠄ ᠲᠠᠷᠬᠠᠨ ᠮᠤᠤᠮᠢᠩᠭᠠᠨ ᠬᠤᠰᠢᠭᠤᠨ ᠤ ᠠᠷᠠᠳ ‍ᠤᠨ‌ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号