2021 ᠤᠨ ᠤ7 ᠰᠠᠷ᠎ᠠ ᠶᠢᠨ5 ᠤ ᠡᠳᠦᠷ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ | ᠤᠯᠠᠮᠵᠢᠯᠠᠯᠳᠦ ᠪᠡᠶ᠎ᠡ ᠲᠠᠮᠢᠷ ᠤᠨ ᠨᠡᠶᠢᠭᠡᠮᠯᠢᠭ ᠤᠨ ︽ᠠᠶᠢᠪᠠᠭ᠎ᠠ ᠶᠢᠨ ᠬᠤᠷᠳᠦ︾ ᠭᠠᠯ ᠤᠶᠠᠭ᠎ᠠ | ᠪᠠᠶᠢᠭᠤᠯᠤᠭᠳᠠᠭᠰᠠᠨ ᠶᠤᠰᠤᠯᠠᠯ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠵᠤᠴᠢᠳ ᠤᠨ ᠪᠠᠭᠤᠳᠠᠯ ᠤᠨ | ᠬᠠᠰᠠᠷ ᠤᠷᠳᠤᠨ ᠳᠤ ᠶᠠᠪᠤᠭᠳᠠᠪᠠ᠃ | ᠶᠤᠰᠤᠯᠠᠯ ᠲᠡᠭᠡᠷ᠎ᠡ ᠲᠠᠷᠬᠠᠨ ᠮᠤᠤᠶᠢᠩᠭᠠᠨ ᠬᠤᠯᠪᠤᠭᠠᠳᠦ ᠬᠤᠰᠢᠭᠤᠨ ᠤ ᠤᠯᠠᠮᠵᠢᠯᠠᠯᠳᠦ ᠪᠡᠶ᠎ᠡ ᠲᠠᠮᠢᠷ ᠤᠨ | ᠨᠡᠶᠢᠭᠡᠮᠯᠢᠭ ᠠᠴᠠ ︽ᠠᠶᠢᠪᠠᠭ᠎ᠠ ᠶᠢᠨ ᠬᠤᠷᠳᠦ︾ ᠭᠠᠯ ᠤᠶᠠᠭ᠎ᠠ ᠪᠠᠶᠢᠭᠤᠯᠤᠭᠳᠠᠭᠰᠠᠨ ᠢ ᠲᠤᠩᠬᠠᠭᠯᠠᠵᠦ᠂ ᠠᠳᠢᠶ᠎ᠠ᠂ | ᠪᠠᠯᠳᠦᠰᠦ᠋ᠬᠡ᠂ ᠪᠦᠮᠪᠦ ᠵᠡᠷᠭᠡ ᠵᠢᠷᠭᠤᠭᠠᠨ ᠠᠬᠠᠮᠠᠳ ᠤᠶᠠᠭᠠᠴᠢ ᠳᠤ ︽ᠠᠯᠳᠠᠷᠳᠦ ᠤᠶᠠᠭᠠᠴᠢ︾ ᠭᠡᠮᠡᠬᠦ ᠴᠤᠯᠠ | ᠬᠦᠷᠳᠡᠭᠡᠨ ᠮᠧᠳᠡᠯ ᠤᠯᠭᠤᠵᠦ᠂ ᠡᠷᠳᠡᠨᠢᠴᠤᠭᠳᠤ᠂ ᠡᠷᠳᠡᠨᠢᠴᠢᠯᠠᠭᠤ ᠵᠡᠷᠭᠡ ᠵᠢᠷᠭᠤᠭᠠᠨ ᠠᠳᠤᠭᠤ ᠦᠰᠭᠡᠵᠦ ᠪᠠᠶᠢᠭ᠎ᠠ | ᠬᠤᠪᠢ ᠬᠦᠮᠦᠨ ᠪᠤᠯᠤᠨ ᠬᠤᠷᠰᠢᠶᠠᠵᠢᠯ ᠳᠤ ︽2021 ᠤᠨ ᠤ ᠰᠠᠶᠢᠨ ᠠᠳᠤᠭᠤ ᠦᠰᠭᠡᠭᠴᠢ︾ ᠠᠯᠳᠠᠷ | ᠬᠦᠷᠳᠡᠭᠡᠪᠡ᠃ ᠡᠭᠦᠨ ᠠᠴᠠ ᠭᠠᠳᠠᠨ᠎ᠠ ᠤᠯᠠᠮᠵᠢᠯᠠᠯᠳᠦ ᠪᠡᠶ᠎ᠡ ᠲᠠᠮᠢᠷ ᠤᠨ ᠨᠡᠶᠢᠭᠡᠮᠯᠢᠭ ᠨᠢ ᠪᠠᠶ᠋ᠬᠠᠤᠪᠤᠭ᠎ᠠ ᠰᠤᠮᠤᠨ ᠤ | ᠪᠠᠶᠠᠨᠬᠤᠸᠠ ᠭᠠᠴᠠᠭ᠎ᠠ ᠪᠠᠷ ᠨᠤᠳᠤᠭ ᠲᠠᠢ ᠵᠠᠯᠠᠭᠤ ᠤᠶᠠᠭᠠᠴᠢ ᠭᠡᠷᠡᠯᠳᠦ ᠶᠢ2021 ᠤᠨ ᠤ ᠰᠢᠯᠢᠳᠡᠭ ᠤᠶᠠᠭᠠᠴᠢ | ᠪᠠᠷ ᠬᠦᠬᠢᠭᠦᠯᠦᠨ ᠱᠠᠩᠨᠠᠭᠰᠠᠨ ᠪᠠᠶᠢᠨ᠎ᠠ᠃ | ᠡᠨᠡᠬᠦ ᠰᠢᠨ᠎ᠡ ᠪᠠᠷ ᠪᠠᠶᠢᠭᠤᠯᠤᠭᠳᠠᠵᠦ ᠪᠠᠶᠢᠭ᠎ᠠ ︽ᠠᠶᠢᠪᠠᠭ᠎ᠠ ᠶᠢᠨ ᠬᠤᠷᠳᠦ︾ ᠭᠠᠯ ᠤᠶᠠᠭᠠᠨ ᠳᠤ ᠲᠠᠷᠬᠠᠨ | ᠮᠤᠤᠮᠢᠩᠭᠠᠨ ᠬᠤᠯᠪᠤᠭᠠᠳᠦ ᠬᠤᠰᠢᠭᠤᠨ ᠤ ᠡᠯ᠎ᠡ ᠰᠤᠮᠤ ᠪᠠᠯᠭᠠᠰᠤᠨ ᠤ ᠲᠦᠴᠢ ᠭᠠᠷᠤᠢ ᠵᠠᠯᠠᠭᠤ ᠠᠳᠤᠭᠤᠴᠢᠨ ᠪᠠ | ᠤᠶᠠᠭᠠᠴᠢᠳ ᠤᠷᠤᠯᠴᠠᠪᠠ᠃ | ᠶᠤᠰᠤᠯᠠᠯ ᠲᠡᠭᠡᠷ᠎ᠡ ᠬᠤᠰᠢᠭᠤ ᠲᠡᠳ᠋ ᠲᠠᠷᠤᠭ᠎ᠠ ᠮᠦᠩᠭᠡᠪᠠᠭᠠᠳᠤᠷ᠂ ᠲᠠᠮᠢᠷ ᠤᠨ ᠵᠦᠪᠯᠡᠯ ᠤᠨ ᠲᠠᠷᠤᠭ᠎ᠠ | ᠤᠯᠠᠭᠠᠨᠪᠠᠭᠠᠳᠤᠷ ᠨᠠᠷ ᠰᠠᠭᠠᠳᠠᠭᠰᠠᠨ ᠪᠠᠶᠢᠨ᠎ᠠ᠃ | | | | | | | | | | | | |