| 7 ᠰᠠᠷ᠎ᠠ ᠶᠢᠨ 16 ᠤ ᠦᠳᠡ ᠶᠢᠨ ᠬᠤᠶᠢᠨ᠎ᠠ᠂ ᠬᠤᠰᠢᠭᠤᠨ ᠤ ᠨᠠᠮ ᠤᠨ ᠬᠤᠷᠢᠶ᠎ᠠ ᠶᠢᠨ ᠣᠨᠣᠯ | ᠰᠤᠷᠤᠯᠴᠠᠬᠤ ᠭᠤᠤᠯ ᠳᠤᠭᠤᠶᠢᠯᠠᠩ ᠤᠨ ᠰᠢ ᠶᠢᠨ ᠫᠢᠩ ᠶᠡᠷᠦᠩᠬᠡᠶ ᠱᠦᠵᠢ ᠶᠢᠨ ︽ᠲᠤᠯᠤᠭᠠᠨ ᠰᠠᠷ᠎ᠠ ᠶᠢᠨ ᠨᠢᠭᠡᠨ︾ | ᠤ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠰᠤᠷᠤᠯᠴᠠᠨ ᠲᠤᠤᠱᠯᠠᠭᠤᠯᠬᠤ ᠲᠤᠰᠬᠠᠶ ᠰᠡᠳᠦᠪᠲᠦ ᠰᠤᠳᠤᠯᠤᠨ | ᠶᠠᠷᠢᠯᠴᠠᠬᠤ ᠬᠤᠷᠠᠯ ᠬᠤᠷᠠᠯᠳᠤᠪᠠ᠃ ᠬᠤᠰᠢᠭᠤᠨ ᠤ ᠨᠠᠮ ᠤᠨ ᠬᠤᠷᠢᠶᠠᠨ ᠤ ᠱᠦᠵᠢ ᠵᠢᠶᠠ ᠪᠦᠦ ᠯᠢᠶᠠᠩ ᠬᠤᠷᠠᠯ | ᠡᠷᠭᠢᠯᠡᠨ ᠶᠠᠷᠢᠶ᠎ᠠ ᠲᠠᠯᠪᠢᠵᠤ᠂ ᠬᠤᠰᠢᠭᠤᠨ ᠤ ᠨᠠᠮ ᠤᠨ ᠬᠤᠷᠢᠶᠠᠨ ᠤ ᠣᠨᠣᠯ ᠰᠤᠷᠤᠯᠴᠠᠬᠤ ᠭᠤᠤᠯ ᠳᠤᠭᠤᠶᠢᠯᠠᠩ ᠤᠨ | ᠭᠡᠰᠢᠭᠦᠨ ᠬᠤᠷᠠᠯ ᠳᠤ ᠣᠷᠣᠯᠴᠠᠵᠠᠶ᠃ | ᠰᠤᠳᠤᠯᠤᠨ ᠶᠠᠷᠢᠯᠴᠠᠬᠤ ᠬᠤᠷᠠᠯ ᠳᠡᠭᠡᠷ᠎ᠡ᠂ ᠫᠠᠨ ᡁᠢ ᠷᠦᠩ ᠨᠥᠬᠦᠷ ᠪᠡᠭᠡᠵᠢᠩ ᠳᠤ ᠬᠦᠷᠴᠦ ᠳᠤᠮᠳᠠᠳᠤ | ᠤᠯᠤᠰ ᠤᠨ ᠡᠪ ᠬᠠᠮᠲᠤ ᠨᠠᠮ ᠪᠠᠶᠢᠭᠤᠯᠤᠭᠳᠠᠭᠰᠠᠨ 100 ᠵᠢᠯ ᠤᠨ ᠤᠢ ᠶᠢ ᠪᠡᠯᠭᠡᠯᠡᠬᠦ ᠶᠡᠭᠡ ᠬᠤᠷᠠᠯ ᠳᠤ | ᠣᠷᠣᠯᠴᠠᠬᠤ ᠲᠤᠬᠠᠢ ᠲᠤᠰᠬᠠᠢ ᠰᠡᠳᠦᠪ ᠢᠶᠠᠷ ᠬᠤᠪᠢᠶᠠᠯᠴᠠᠪᠠ᠃ ᠰᠤᠳᠤ᠂ ᠴᠢᠦᠶ ᠨᠢᠩ᠂ ᠯᠢ ᠴᠢᠶᠠᠩ᠂ ᠯᠢ | ᠵᠢᠶᠧ᠂ ᠳ᠋ᠦᠩ ᠺᠠᠶ᠂ ᠯᠢ ᠸᠧᠶ ᠰᠢ ᠶᠢᠨ ᠫᠢᠩ ᠶᠡᠷᠦᠩᠬᠡᠶ ᠱᠦᠵᠢ ᠶᠢᠨ ︽ᠳᠣᠯᠣᠭᠠᠨ ᠰᠠᠷ᠎ᠠ ᠶᠢᠨ ᠨᠢᠭᠡᠨ︾ ᠤ | ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢᠨ ᠲᠣᠭᠤᠷᠢᠨ ᠳᠤ ᠬᠤᠪᠢ ᠬᠥᠮᠦᠨ ᠤ ᠦᠵᠡᠯ ᠰᠠᠨᠠᠭ᠎ᠠ᠂ ᠪᠣᠳᠠᠲᠠᠶ | ᠠᠵᠢᠯ ᠲᠠᠢ ᠪᠠᠨ ᠤᠶᠠᠯᠳᠤᠭᠤᠯᠤᠨ ᠰᠠᠨᠠᠯ ᠢᠶᠠᠨ ᠰᠣᠯᠢᠯᠴᠠᠵᠤ ᠰᠤᠳᠤᠯᠤᠨ ᠶᠠᠷᠢᠯᠴᠠᠬᠤ ᠶᠠᠷᠢᠶ᠎ᠠ ᠲᠠᠯᠪᠢᠵᠤ᠂ ᠪᠤᠰᠤᠳ | ᠭᠤᠣᠯ ᠳᠤᠭᠤᠶᠢᠯᠠᠩ ᠤᠨ ᠪᠦᠷᠢᠯᠳᠦᠬᠦᠨ ᠨᠡᠷ ᠪᠢᠴᠢᠭ ᠤᠨ ᠬᠡᠯᠪᠡᠷᠢ ᠪᠠᠷ ᠰᠠᠨᠠᠯ ᠢᠶᠠᠨ ᠰᠣᠯᠢᠯᠴᠠᠪᠠ᠃ | ᠬᠤᠳᠠ ᠶᠢᠨ ᠨᠠᠮ ᠤᠨ ᠬᠤᠷᠢ᠊ ᠡᠶ᠎ᠡ ᠶᠢᠨ ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ ᠤᠨ | ᠲᠠᠪᠤᠳᠤᠭᠠᠷ ᠲᠣᠭᠤᠷᠢᠨ ᠵᠢᠯᠣᠭᠤᠳᠬᠤ ᠳᠤᠭᠤᠶᠢᠯᠠᠩ ᠸᠢᠳᠢᠣ᠋ ᠶᠢᠨ ᠬᠡᠯᠪᠡᠷᠢ ᠪᠠᠷ ᠰᠤᠳᠤᠯᠤᠨ ᠶᠠᠷᠢᠯᠴᠠᠬᠤ ᠳᠤ | ᠣᠷᠣᠯᠴᠠᠪᠠ᠃ ᠬᠤᠲᠠ ᠶᠢᠨ ᠨᠠᠮ ᠤᠨ ᠬᠤᠷᠢᠶ᠎ᠠ ᠶᠢᠨ ᠨᠠᠮ ᠤᠨ ᠲᠡᠤᠬᠡ ᠶᠢᠨ ᠰᠤᠷᠤᠯᠴᠠᠯᠭ᠎ᠠ ᠬᠥᠮᠦᠵᠢᠯ ᠤᠨ | ᠲᠠᠪᠤᠳᠤᠭᠠᠷ ᠲᠣᠭᠤᠷᠢᠨ ᠵᠢᠯᠣᠭᠤᠳᠬᠤ ᠳᠤᠭᠤᠶᠢᠯᠠᠩ ᠤᠨ ᠳᠠᠷᠤᠭ᠎ᠠ ᠳ᠋ᠢᠩ ᠵᠧᠨ ᠪᠥᠸᠧ ᠬᠤᠰᠢᠭᠤᠨ ᠤ ᠨᠠᠮ ᠤᠨ | ᠬᠤᠷᠢᠶ᠎ᠠ ᠶᠢᠨ ᠣᠨᠣᠯ ᠤᠨ ᠰᠤᠷᠤᠯᠴᠠᠯᠭ᠎ᠠ ᠶᠢᠨ ᠭᠤᠤᠯ ᠳᠤᠭᠤᠶᠢᠯᠠᠩ ᠤᠨ ᠰᠤᠷᠤᠯᠴᠠᠵᠤ ᠰᠤᠳᠤᠯᠤᠨ ᠶᠠᠷᠢᠯᠴᠠᠬᠤ | ᠠᠵᠢᠯᠯᠠᠭ᠎ᠠ ᠶᠢ ᠭᠦᠶ᠋ᠴᠡᠳ ᠨᠤᠲᠠᠯᠠᠬᠤ ᠶᠢᠨ ᠬᠠᠮᠲᠤ ᠲᠠᠷᠠᠭᠠᠴᠢ ᠶᠢᠨ ᠠᠯᠬᠤᠮ ᠤᠨ ᠠᠵᠢᠯ ᠢᠶᠠᠨ ᠳᠣᠭᠢᠷᠠᠭᠤᠯᠤᠨ | ᠪᠠᠶᠢᠷᠢᠯᠠᠭᠤᠯᠪᠠ᠃ ᠳ᠋ᠢᠩ ᠵᠧᠨ ᠪᠥᠸᠧ ᠱᠠᠭᠠᠷᠳᠠᠭᠰᠠᠨ ᠨᠢ᠂ ᠰᠢ ᠶᠢᠨ ᠫᠢᠩ ᠶᠡᠷᠦᠩᠬᠡᠶ ᠱᠦᠵᠢ ᠶᠢᠨ ︽ᠲᠤᠯᠤᠭᠠᠨ | ᠰᠠᠷ᠎ᠠ ᠶᠢᠨ ᠨᠢᠭᠡᠨ︾ ᠤ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠪᠥᠬᠦ ᠬᠤᠰᠢᠭᠤᠨ ᠤ ᠣᠳᠣᠬᠠᠨ ᠤ ᠪᠠ | ᠬᠤᠶᠢᠰᠢᠳᠠ ᠶᠢᠨ ᠨᠢᠭᠡ ᠬᠤᠭᠤᠴᠠᠭᠠᠨ ᠤ ᠴᠢᠬᠤᠯᠠ ᠤᠯᠤᠰ ᠲᠥᠷᠥ ᠶᠢᠨ ᠡᠭᠦᠷᠭᠡ ᠪᠣᠯᠭᠠᠵᠤ᠂ ᠰᠤᠷᠤᠯᠴᠠᠵᠤ | ᠤᠬᠠᠭᠤᠯᠤᠨ ᠲᠤᠤᠱᠯᠠᠭᠤᠯᠬᠤ ᠬᠠᠯᠠᠭᠤᠨ ᠥᠷᠨᠢᠯᠲᠡ ᠶᠢ ᠦᠳᠲᠡᠷ ᠲᠦᠷᠭᠡᠨ ᠪᠣᠶ ᠪᠣᠯᠭᠠᠬᠤ ᠬᠡᠷᠡᠭᠲᠡᠶ᠃ ᠪᠦᠬᠦ ᠡᠪ | ᠬᠠᠮᠲᠤ ᠨᠠᠮ ᠤᠨ ᠭᠡᠰᠢᠭᠦᠨ᠂ ᠥᠷᠭᠡᠨ ᠤᠯᠠᠨ ᠲᠦᠮᠡᠨ ᠢᠯᠠᠩᠭᠤᠶ᠎ᠠ ᠵᠠᠯᠠᠭᠤᠴᠤᠳ ᠪᠠᠭᠠᠴᠤᠳ ᠲᠤ ᠬᠠᠨᠳᠤᠭᠤᠯᠤᠨ | ᠤᠬᠠᠭᠤᠯᠤᠨ ᠲᠠᠶᠢᠯᠪᠤᠷᠢᠯᠠᠬᠤ ᠠᠵᠢᠯ ᠢ ᠰᠠᠶᠢᠲᠤᠷ ᠬᠢᠵᠦ᠂ ᠥᠷᠭᠡᠨ ᠤᠯᠠᠨ ᠨᠠᠮ ᠤᠨ ᠭᠡᠰᠢᠭᠦᠨ᠂ ᠺᠠᠳ᠋ᠷ᠂ ᠤᠯᠠᠨ | ᠲᠦᠮᠡᠨ ᠢ ᠬᠥᠲᠥᠯᠥᠨ ᠵᠢᠯᠣᠭᠤᠳᠴᠤ ᠪᠠᠶᠢᠭᠠᠳ ᠰᠢ ᠶᠢᠨ ᠫᠢᠩ ᠶᠡᠷᠦᠩᠬᠡᠶ ᠱᠦᠵᠢ ᠶᠢᠨ ︽ᠲᠤᠯᠤᠭᠠᠨ ᠰᠠᠷ᠎ᠠ ᠶᠢᠨ | ᠨᠢᠭᠡᠨ︾ ᠤ ᠴᠢᠬᠤᠯᠠ ᠶᠠᠷᠢᠶᠠᠨ ᠤ ᠵᠣᠷᠢᠭ ᠰᠠᠨᠠᠭᠠᠨ ᠤ ᠲᠤᠬᠠᠶ ᠣᠶᠢᠯᠠᠭᠠᠯᠲᠠ ᠪᠠ ᠡᠵᠡᠮᠳᠡᠯ ᠢ ᠨᠢ ᠲᠠᠰᠤᠷᠠᠯᠳᠠ | ᠦᠭᠡᠢ ᠭᠦᠨᠵᠡᠭᠡᠶᠢᠷᠡᠭᠦᠯᠬᠦ ᠬᠡᠷᠡᠭᠲᠡᠶ᠃ ︽ᠪᠢ ᠤᠯᠠᠨ ᠲᠦᠮᠡᠨ ᠳᠤ ᠪᠣᠳᠠᠲᠠᠢ ᠶᠠᠪᠤᠳᠠᠯ ᠬᠢᠵᠦ ᠥᠭᠬᠦ︾ ᠪᠠᠷ | ᠭᠠᠷᠳᠠᠴᠠ ᠪᠣᠯᠭᠠᠵᠤ᠂ ᠠᠷᠠᠳ ᠤᠯᠠᠨ ᠤ ᠠᠩᠬᠠᠷᠴᠤ ᠬᠠᠯᠠᠮᠵᠢᠯᠠᠵᠤ ᠪᠠᠶᠢᠭ᠎ᠠ ᠪᠣᠳᠠᠲᠠᠢ ᠠᠰᠠᠭᠤᠳᠠᠯ ᠢ ᠰᠡᠳᠬᠢᠯ | ᠲᠠᠯᠪᠢᠨ ᠬᠠᠶᠢᠷ᠎ᠠ ᠰᠡᠳᠬᠢᠯᠭᠡ ᠲᠠᠢ ᠪᠠᠷ ᠬᠦᠴᠦ ᠣᠷᠣᠭᠤᠯᠤᠨ ᠰᠠᠶᠢᠲᠤᠷ ᠰᠢᠢᠳᠪᠦᠷᠢᠯᠡᠬᠦ ᠬᠡᠷᠡᠭᠲᠡᠢ᠃ | | ᠵᠢᠶᠠ ᠪᠦᠦ ᠯᠢᠶᠠᠩ ᠴᠢᠬᠤᠯᠠᠴᠢᠯᠠᠭᠰᠠᠨ ᠨᠢ᠂ ᠰᠢ ᠶᠢᠨ ᠫᠢᠩ ᠶᠡᠷᠦᠩᠬᠡᠶ ᠱᠦᠵᠢ ᠶᠢᠨ ︽7.1 ︾ ᠤ | ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠣᠳᠣᠬᠠᠨ ᠤ ᠪᠠ ᠬᠤᠶᠢᠰᠢᠳᠠ ᠶᠢᠨ ᠨᠢᠭᠡ ᠬᠤᠭᠤᠴᠠᠭᠠᠨ ᠤ ᠴᠢᠬᠤᠯᠠ | ᠤᠯᠤᠰ ᠳᠦᠷᠤ ᠶᠢᠨ ᠡᠭᠦᠷᠭᠡ ᠪᠣᠯᠭᠠᠵᠤ᠂ ᠲᠡᠭᠦᠨ ᠢ ᠨᠠᠮ ᠤᠨ ᠲᠡᠦᠬᠡ ᠶᠢᠨ ᠰᠤᠷᠤᠯᠴᠠᠯᠭ᠎ᠠ ᠬᠦᠢᠮᠣᠵᠢᠯ ᠤᠨ ᠭᠤᠣᠯ | ᠠᠭᠤᠯᠭ᠎ᠠ ᠪᠣᠯᠭᠠᠵᠤ᠂ ᠣᠯᠠᠨ ᠵᠦᠢᠯ ᠤᠨ ᠬᠡᠯᠪᠡᠷᠢ ᠪᠠᠷ ᠰᠤᠷᠤᠯᠴᠠᠬᠤ ᠪᠠᠷ ᠳᠠᠮᠵᠢᠭᠤᠯᠤᠨ᠂ ᠰᠤᠷᠤᠯᠴᠠᠨ | ᠣᠶᠢᠯᠠᠭᠠᠵᠤ ᠨᠡᠪᠲᠡᠷᠡᠲᠡᠯ᠎ᠡ ᠣᠶᠢᠯᠠᠭᠠᠬᠤ᠂ ᠣᠶᠢᠯᠠᠭᠠᠵᠤ ᠨᠡᠪᠲᠡᠷᠡᠲᠡᠯ᠎ᠡ ᠣᠶᠢᠯᠠᠭᠠᠬᠤ ᠲᠠᠯ᠎ᠠ ᠪᠠᠷ ᠬᠦᠴᠦ ᠲᠠᠯᠪᠢᠵᠤ᠂ | ᠦᠵᠡᠯ ᠰᠠᠨᠠᠭ᠎ᠠ ᠪᠠ ᠣᠢᠢᠯᠠ ᠠᠵᠢᠯᠯᠠᠭ᠎ᠠ ᠪᠠᠨ ᠶᠠᠷᠢᠶᠠᠨ ᠤ ᠵᠣᠷᠢᠭ ᠰᠠᠨᠠᠭ᠎ᠠ ᠲᠠᠢ ᠣᠢᠨᠠᠩᠦ ᠨᠢᠭᠡᠳᠬᠡᠬᠦ ᠬᠡᠷᠠᠭᠲᠠᠢ᠃ | ᠰᠢ ᠶᠢᠨ ᠫᠢᠩ ᠤ ᠶᠡᠷᠦᠩᠬᠡᠢ ᠱᠦᠵᠢ ᠶᠢᠨ ︽7 · 1︾ ᠤ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠰᠤᠷᠤᠯᠴᠠᠨ | ᠲᠤᠤᠱᠯᠠᠭᠤᠯᠬᠤ ᠶᠢ ᠳᠠᠷᠬᠠᠨ ᠮᠤᠤᠮᠢᠩᠭᠠᠨ ᠬᠤᠰᠢᠭᠤᠨ ᠤ ᠨᠠᠮ ᠤᠨ ᠪᠠᠶᠢᠭᠤᠯᠤᠯᠲᠠ ᠶᠢ ᠪᠦᠬᠦ ᠲᠠᠯ᠎ᠠ ᠪᠠᠷ | ᠴᠢᠩᠭᠠᠳᠬᠠᠬᠤ ᠲᠠᠢ ᠨᠢᠭᠲᠠ ᠤᠶᠠᠯᠳᠤᠭᠤᠯᠵᠤ᠂ ᠨᠠᠮ ᠢ ᠬᠠᠮᠢᠶᠠᠷᠴᠤ ᠨᠠᠮ ᠢ ᠵᠠᠰᠠᠬᠤ ᠬᠠᠷᠢᠭᠤᠴᠠᠯᠭ᠎ᠠ ᠶᠢ ᠴᠢᠩᠭ᠎ᠠ | ᠪᠣᠳᠠᠲᠠᠢ ᠠᠳᠬᠤᠵᠤ᠂ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠨᠢᠭᠲᠠᠷᠠᠯ ᠤᠨ ᠬᠦᠴᠦᠨ᠂ | ᠪᠦᠲᠦᠭᠡᠯᠴᠢ ᠬᠦᠴᠦᠨ ᠪᠣᠯᠤᠨ ᠲᠠᠶᠢᠴᠢᠨ ᠬᠦᠴᠦᠨ ᠢ ᠦᠨᠡᠨᠬᠦ ᠴᠢᠩᠭᠠᠳᠬᠠᠵᠤ᠂ ᠬᠥᠳᠡᠭᠡ ᠲᠣᠰᠬᠤᠨ ᠢ | ᠬᠥᠭᠵᠢᠭᠦᠯᠦᠨ ᠮᠠᠨᠳᠤᠭᠤᠯᠬᠤ ᠶᠢ ᠠᠬᠢᠭᠤᠯᠬᠤ ᠳᠤ ᠪᠠᠲᠤ ᠴᠢᠩᠭ᠎ᠠ ᠵᠣᠬᠢᠶᠠᠨ ᠪᠠᠶᠢᠭᠤᠯᠤᠯᠲᠠ ᠶᠢᠨ ᠪᠠᠲᠤᠯᠠᠭ᠎ᠠ | ᠬᠠᠩᠭᠠᠬᠤ ᠬᠡᠷᠡᠭᠲᠡᠢ ᠭᠡᠵᠦ ᠵᠢᠭᠠᠵᠤ ᠭᠠᠷᠭᠠᠪᠠ᠃ ᠪᠥᠬᠦ ᠵᠢᠯ ᠤᠨ ᠠᠵᠢᠯ ᠤᠨ ᠡᠭᠦᠷᠭᠡ ᠬᠠᠷᠠᠯᠲᠠ ᠲᠠᠢ | ᠬᠠᠷᠢᠴᠠᠭᠤᠯᠵᠤ᠂ ᠨᠠᠷᠢᠨ ᠬᠢᠨᠠᠮᠠᠭᠠᠶ ᠡᠮᠬᠢᠯᠡᠨ ᠳᠢᠭᠯᠡᠵᠦ᠂ ᠱᠠᠯᠠᠪᠳᠠᠨ ᠳᠣᠭᠢᠷᠠᠭᠤᠯᠵᠤ᠂ ᠨᠡᠭᠦᠷᠡᠰᠦᠲᠥ᠋ᠷᠥᠭᠴᠢ ᠶᠢᠨ | ᠳᠠᠪᠬᠤᠷ ᠢᠰᠦᠯ ᠤᠨ ᠣᠷᠭᠢᠯ ᠨᠡᠭᠦᠷᠡᠰᠦᠲᠥ᠋ᠷᠥᠭᠴᠢ ᠶᠢᠨ ᠰᠠᠭᠠᠷᠮᠠᠭᠵᠢᠯ᠂ ᠥᠪᠡᠷᠲᠡᠭᠡᠨ ᠵᠠᠰᠠᠬᠤ ᠣᠷᠣᠨ ᠤ ᠵᠣᠨ ᠤ | ᠤᠯᠠᠷᠢᠯ ᠤᠨ ᠵᠢᠭᠤᠯᠴᠢᠯᠠᠯ ᠤᠨ ᠨᠠᠭᠠᠳᠤᠮ ᠤᠨ ᠬᠤᠷᠠᠯ ᠤᠨ ᠪᠡᠯᠡᠳᠬᠡᠯ᠂ ᠶᠠᠳᠠᠭᠤ ᠠᠴᠠ ᠠᠩᠭᠢᠵᠢᠷᠠᠭᠤᠯᠬᠤ | ᠰᠢᠪᠲᠤᠯᠤᠯᠲᠠ ᠶᠢᠨ ᠦᠷ᠎ᠡ ᠪᠦᠲᠦᠭᠡᠯ ᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠲᠠᠢ ᠪᠦᠲᠦᠮᠵᠢᠲᠡᠶ | ᠵᠣᠯᠭᠠᠭᠤᠯᠬᠤ᠂ ᠠᠷᠠᠳ ᠤᠨ ᠠᠮᠢᠳᠤᠷᠠᠯ ᠢ ᠪᠠᠲᠤᠯᠠᠨ ᠰᠠᠶᠢᠵᠢᠷᠠᠭᠤᠯᠬᠤ ᠵᠡᠷᠭᠡ ᠡᠯ᠎ᠡ ᠵᠦᠶ᠋ᠯ ᠤᠨ ᠠᠵᠢᠯ ᠢ | ᠲᠣᠪᠤᠶᠢᠮ᠎ᠠ ᠰᠠᠶᠢᠲᠤᠷ ᠠᠳᠬᠤᠵᠤ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠴᠢᠨᠠᠷ ᠰᠠᠶᠢᠲᠠᠶ | ᠬᠥᠭᠵᠢᠯᠲᠡ ᠶᠢ ᠲᠦᠷᠭᠡᠳᠬᠡᠨ ᠠᠬᠢᠭᠤᠯᠬᠤ ᠬᠡᠷᠡᠭᠲᠡᠶ᠃ |