︽ᠨᠠᠮ ᠢᠶᠠᠨ ᠡᠭᠦᠷᠢᠳᠡ ᠲᠠᠭᠠᠶ᠎ᠠ︾ ᠲᠤᠮᠳᠠᠳᠦ ᠤᠯᠤᠰ ᠤᠨ ᠡᠪ ᠬᠠᠮᠳᠦ ᠨᠠᠮ ᠪᠠᠶᠢᠭᠤᠯᠤᠭᠳᠠᠭᠰᠠᠨ ᠵᠠᠭᠤᠨ ᠵᠢᠯ ᠤᠨ ᠣᠢ ᠶᠢ ᠪᠡᠯᠭᠡᠯᠡᠬᠦ ᠨᠠᠶᠢᠷᠠᠯ ᠲᠠᠭᠤᠤ ᠶᠢᠨ ᠤᠷᠤᠯᠳᠤᠭᠠᠨ ᠵᠢᠴᠢ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠵᠢᠷᠭᠤᠳᠦᠭᠠᠷ ᠬᠤᠭᠤᠴᠠᠭᠠᠨ ᠤ ᠨᠠᠶᠢᠷᠠᠯ ᠲᠠᠭᠤᠤ ᠶᠢᠨ ᠤᠷᠤᠯᠳᠣᠭᠠᠨ ᠠᠮᠵᠢᠯᠳᠠ ᠲᠠᠢ ᠶᠠᠪᠤᠭᠳᠠᠭᠰᠠᠨ
ᠨᠡᠶᠢᠲᠡᠯᠡᠭᠰᠡᠨ ᠴᠠᠭ᠄
2021/6/25
     6 ᠰᠠᠷ᠎ᠠ ᠶᠢᠨ21 ᠤ ᠡᠳᠦᠷ ᠠᠴᠠ22 ᠤ ᠡᠳᠦᠷ ᠤᠨ ᠦᠳᠡ ᠶᠢᠨ ᠡᠮᠦᠨ᠎ᠡ ᠪᠤᠯᠳᠠᠯ᠎ᠠ᠂ ︽ᠨᠠᠮ ᠢᠶᠠᠨ ᠡᠭᠦᠷᠢᠳᠡ ᠲᠠᠭᠠᠶ᠎ᠠ︾ ᠲᠤᠮᠳᠠᠳᠤ ᠤᠯᠤᠰ ᠤᠨ ᠡᠪ ᠬᠠᠮᠳᠦ ᠨᠠᠮ ᠪᠠᠶᠢᠭᠤᠯᠤᠭᠳᠠᠭᠰᠠᠨ ᠵᠠᠭᠤᠨ ᠵᠢᠯ ᠤᠨ ᠤᠢ ᠶᠢ ᠪᠡᠯᠭᠡᠯᠡᠬᠦ ᠨᠠᠶᠢᠷᠠᠯ ᠲᠠᠭᠤᠤ ᠶᠢᠨ ᠤᠷᠤᠯᠳᠤᠭᠠᠨ ᠪᠠᠳᠤᠬᠠᠭᠠᠯᠭ᠎ᠠ ᠶᠢᠨ ᠨᠠᠭᠠᠳᠤᠮ ᠰᠤᠶᠤᠯ ᠤᠨ ᠠᠵᠦ ᠦᠢᠯᠡᠰ ᠤᠨ ᠲᠤᠭᠤᠷᠢᠭ ᠲᠤ ᠰᠦᠷ ᠵᠢᠪᠬᠤᠭ᠎ᠠ ᠲᠠᠢ ᠪᠠᠷ ᠡᠬᠢᠯᠡᠵᠦ᠂ ᠪᠦᠬᠦ ᠬᠤᠰᠢᠭᠤᠨ ᠤ ᠠᠯᠪᠠᠨ ᠪᠠᠶᠢᠭᠤᠯᠭ᠎ᠠ᠂ ᠰᠤᠷᠭᠠᠭᠤᠯᠢ᠂ ᠠᠵᠦ  ᠦᠢᠯᠡᠰ  ᠂  ᠨᠡᠶᠢᠭᠡᠮ ᠤᠨ ᠪᠦᠯᠬᠦᠮ ᠵᠡᠷᠭᠡ48 ᠨᠡᠶᠢᠷᠡᠯ ᠲᠠᠭᠤᠤ ᠶᠢᠨ ᠲᠤᠭᠤᠶᠢᠯᠠᠩ ᠤᠨ  ᠮᠢᠩᠭ᠎ᠠ ᠭᠠᠷᠤᠢ ᠬᠦᠮᠦᠰ ᠤᠷᠤᠯᠳᠤᠭᠠᠨ ᠳᠤ ᠤᠷᠤᠯᠴᠠᠵᠠᠢ᠃      ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ ᠭᠦᠩ ᠬᠤᠸᠠ᠂ ᠤᠯᠤᠰ ᠲᠦᠷᠦ ᠶᠢᠨ ᠵᠦᠪᠯᠡᠯᠭᠡᠨ ᠤ  ᠲᠡᠷᠢᠭᠦᠯᠡᠭᠴᠢ ᠰᠤᠳᠤ᠂ ᠬᠤᠰᠢᠭᠤ ᠨᠠᠮ ᠤᠨ ᠬᠤᠷᠢᠶᠠᠨ ᠤ ᠠᠯᠪᠠᠨ ᠭᠡᠷ ᠤᠨ ᠡᠷᠬᠢᠯᠡᠭᠴᠢ ᠸᠠᠩ ᠶᠢ ᠵᠢᠶᠦ᠋ᠨ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠭᠦᠨ᠂ ᠤᠬᠠᠭᠤᠯᠬᠤ ᠬᠡᠯᠳᠡᠰ ᠤᠨ ᠲᠠᠷᠤᠭ᠎ᠠ ᠵᠠᠩ ᠪᠠᠭᠠᠨ᠎ᠠ᠂ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠲᠡᠳ᠋ ᠲᠡᠷᠢᠭᠦᠯᠦᠭᠴᠢ ᠰᠠᠷᠠᠩᠭᠤᠸ᠎ᠠ᠂ ᠡᠦ ᠼᠦᠨ ᠪᠤᠤ᠂ ᠬᠤᠰᠢᠭᠤᠨ ᠤ ᠠᠷᠠᠳ ᠤᠨ ᠰᠢᠭᠦᠭᠦ ᠬᠤᠷᠢᠶᠠᠨ ᠤ ᠲᠠᠷᠤᠭ᠎ᠠ ᠵᠸᠦ ᠯᠢ ᠵᠢᠶᠦ᠋ᠨ ᠡᠬᠢᠯᠡᠯᠳᠡ ᠶᠢᠨ ᠶᠤᠰᠤᠯᠠᠯ ᠳᠤ ᠤᠷᠤᠯᠴᠠᠪᠠ᠃      ᠡᠬᠢᠯᠡᠯᠳᠡ ᠶᠢᠨ ᠶᠤᠰᠤᠯᠠᠯ ᠨᠢ ︽ᠡᠪ ᠬᠠᠮᠳᠦ ᠨᠠᠮ ᠪᠠᠶᠢᠬᠤ ᠦᠭᠡᠢ ᠪᠤᠯ ᠰᠢᠨ᠎ᠡ ᠲᠤᠮᠳᠠᠳᠦ ᠤᠯᠤᠰ ᠪᠠᠶᠢᠬᠤ ᠦᠭᠡᠢ︾ ᠭᠡᠬᠦ ᠲᠠᠭᠤᠤ ᠪᠠᠷ ᠬᠦᠰᠢᠭᠡ ᠪᠠᠨ ᠰᠡᠬᠦᠵᠦ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠭᠦᠨ ᠂ ᠤᠬᠠᠭᠤᠯᠬᠤ ᠬᠡᠯᠳᠡᠰ ᠤᠨ ᠲᠠᠷᠤᠭ᠎ᠠ ᠵᠠᠩ ᠪᠠᠭᠠᠨ᠎ᠠ ᠠᠴᠠ ᠤᠷᠤᠯᠳᠤᠭᠠᠨ ᠡᠬᠢᠯᠡᠬᠦ ᠶᠢ ᠵᠠᠷᠠᠯᠵᠦ᠂ ᠪᠦᠬᠦ ᠬᠤᠰᠢᠭᠤᠨ ᠤ ᠡᠯ᠎ᠡ ᠨᠠᠶᠢᠷᠠᠯ ᠲᠠᠭᠤᠤ ᠶᠢᠨ ᠪᠦᠯᠬᠦᠮ ᠠᠴᠠ ︽ᠮᠠᠭᠳᠠᠭᠠᠯ ᠲᠠᠭᠤᠤ︾ ︽ᠪᠢ ᠡᠬᠡ ᠤᠯᠤᠰ ᠲᠠᠢ  ᠪᠠᠨ ᠬᠠᠮᠳᠦ  ︾ ︽ᠨᠤᠳᠤᠭ ᠤᠨ ᠲᠠᠭᠤᠤ ᠪᠠᠨ ᠨᠠᠮ ᠳᠤ ᠪᠠᠨ ᠡᠷᠭᠦᠶ᠎ᠡ︾ ︽ᠲᠠᠯ᠎ᠠ ᠨᠤᠳᠤᠭ ᠲᠤ ᠮᠦᠩᠭᠡ ᠶᠢᠨ ᠨᠠᠷᠠ ᠮᠠᠨᠳᠤᠯ᠎ᠠ︾ ᠵᠡᠷᠭᠡ ᠬᠤᠪᠢᠰᠬᠠᠯᠳᠦ ᠲᠠᠭᠤᠤ ᠶᠢ ᠤᠷᠭᠢᠯᠤᠮ᠎ᠠ ᠬᠠᠯᠠᠭᠤᠨ ᠰᠡᠳᠭᠢᠯᠭᠡ ᠪᠠᠷ ᠲᠠᠭᠤᠯᠠᠵᠦ ᠠᠭᠤᠤ ᠶᠡᠭᠡ ᠡᠪ ᠬᠠᠮᠳᠦ ᠨᠠᠮ ᠤᠨ ᠠᠴᠢ ᠭᠠᠪᠢᠶ᠎ᠠ᠂ ᠡᠨᠡᠷᠢᠯ ᠬᠠᠶᠢᠷ᠎ᠠ ᠶᠢ ᠮᠠᠭᠳᠠᠨ ᠲᠠᠭᠤᠯᠠᠵᠦ᠂ ᠲᠤᠮᠳᠠᠳᠦ ᠤᠯᠤᠰ ᠤᠨ ᠡᠪ ᠬᠠᠮᠳᠦ ᠨᠠᠮ ᠤᠨ ᠠᠭᠤᠤ ᠶᠡᠭᠡ ᠲᠡᠥᠬᠡᠨ ᠦᠩᠭᠡᠷᠡᠯᠳᠡ ᠶᠢ ᠠᠶᠠᠯᠭᠤ ᠰᠠᠶᠢᠬᠠᠨ ᠡᠬᠡᠰᠢᠭ ᠲᠠᠭᠤᠤ ᠪᠠᠷ ᠬᠠᠩᠭᠢᠨᠠᠭᠤᠯᠤᠨ᠂ ᠵᠠᠭᠤᠨ ᠵᠢᠯ ᠤᠨ ᠭᠡᠷᠡᠯ ᠰᠠᠴᠤᠷᠠᠩᠭᠤᠢ ᠲᠡᠥᠬᠡ  ᠂ ᠭᠤᠶᠢᠪᠠᠰᠢ ᠦᠭᠡᠢ ᠦᠨᠡᠨ  ᠶᠤᠰᠤ ᠶᠢ ᠦᠬᠦᠯᠡᠵᠦ᠂ ᠲᠤᠮᠳᠠᠳᠦ ᠤᠯᠤᠰ ᠤᠨ ᠡᠪ ᠬᠠᠮᠳᠦ ᠨᠠᠮ ᠪᠠᠶᠢᠭᠤᠯᠤᠭᠳᠠᠭᠰᠠᠨ ᠵᠠᠭᠤᠨ ᠵᠢᠯ ᠤᠨ ᠤᠢ ᠪᠠᠨ ᠤᠭᠳᠤᠨ ᠪᠡᠯᠭᠡᠯᠡᠭᠰᠡᠨ ᠪᠠᠶᠢᠨ᠎ᠠ᠃      6 ᠰᠠᠷ᠎ᠠ ᠶᠢᠨ22 ᠤ ᠡᠳᠦᠷ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠨᠠᠮ ᠵᠠᠭᠤᠴᠢᠯᠠᠭᠤᠷ ᠤᠨ ᠲᠦᠪ ᠤᠨ ᠲᠤᠭᠯᠠᠯᠳᠠ ᠶᠢᠨ ᠲᠢᠩᠭᠢᠮ ᠳᠤ ︽ᠨᠠᠮ ᠢᠶᠠᠨ ᠡᠭᠦᠷᠢᠳᠡ ᠲᠠᠭᠠᠶ᠎ᠠ︾ ᠲᠤᠮᠳᠠᠳᠦ ᠤᠯᠤᠰ ᠤᠨ ᠡᠪ ᠬᠠᠮᠳᠦ ᠨᠠᠮ ᠪᠠᠶᠢᠭᠤᠯᠤᠭᠳᠠᠭᠰᠠᠨ ᠵᠠᠭᠤᠨ ᠵᠢᠯ ᠤᠨ ᠤᠢ ᠶᠢ ᠪᠡᠯᠭᠡᠯᠡᠬᠦ ᠨᠠᠶᠢᠷᠠᠯ ᠲᠠᠭᠤᠤ ᠶᠢᠨ ᠤᠷᠤᠯᠳᠤᠭᠠᠨ ᠵᠢᠴᠢ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠵᠢᠷᠭᠤᠳᠤᠭᠠᠷ ᠬᠤᠭᠤᠴᠠᠭᠠᠨ ᠤ ᠱᠠᠩᠨᠠᠯ ᠤᠯᠭᠤᠬᠤ ᠦᠳᠡᠰᠢᠯᠡᠭᠡ ᠶᠠᠪᠤᠭᠳᠠᠵᠦ᠂ ᠨᠢᠭᠡᠳᠦᠭᠡᠷ ᠲᠡᠰ ᠤᠨ ᠱᠠᠩᠨᠠᠯ11 ᠨᠡᠷᠡᠰ ᠤᠯᠭᠤᠵᠦ ᠪᠠᠰᠠ ᠬᠠᠮᠤᠭ ᠰᠠᠶᠢᠨ ᠵᠢᠯᠤᠭᠤᠳᠤᠭᠴᠢ᠂ ᠬᠠᠮᠤᠭ ᠰᠠᠶᠢᠨ ᠬᠡᠪ ᠰᠤᠷᠳᠠᠯ᠂ ᠬᠠᠮᠤᠭ ᠭᠤᠶᠤ ᠲᠤᠭᠯᠠᠯᠳᠠ ᠶᠢᠨ ᠱᠠᠩᠨᠠᠯ ᠬᠦᠷᠳᠡᠭᠡᠭᠰᠡᠨ ᠪᠠᠶᠢᠨ᠎ᠠ᠃
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号