ᠠᠵᠢᠯ ᠤᠨ ᠹᠷᠤᠨᠲ ᠲᠤ ᠪᠠᠨ ᠠᠵᠢᠯᠯᠠᠵᠦ ᠶᠠᠪᠦᠭ᠎ᠠ ᠤᠯᠤᠰ ᠲᠦᠷᠦ ᠶᠢᠨ ᠵᠦᠪᠯᠡᠯᠭᠡᠨ ᠤ ᠬᠡᠰᠢᠭᠦᠨ— ᠬᠠᠶᠢᠷᠠᠬᠠᠨ
ᠨᠡᠶᠢᠲᠡᠯᠡᠭᠰᠡᠨ ᠴᠠᠭ᠄
2021/3/11
     ᠬᠠᠶᠢᠷᠠᠬᠠᠨ᠂ ᠤᠳᠦ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠤᠯᠳᠠ ᠶᠢᠨ ᠲᠤᠪᠴᠢᠶᠠᠨ ᠤ ᠲᠤᠪᠴᠢᠶᠠᠨ  ᠳᠡᠳ᠋ ᠲᠠᠷᠤᠭ᠎ᠠ ᠪᠠᠷ ᠠᠵᠢᠯᠯᠠᠵᠦ ᠪᠤᠢ᠃2017 ᠤᠨ ᠳᠤ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠬᠡᠰᠢᠭᠦᠨ   ᠢᠶᠠᠷ ᠰᠤᠩᠭᠤᠭᠳᠠᠨ᠂ ᠲᠤᠰᠢᠶᠠᠯ ᠳᠤ ᠭᠠᠷᠤᠭᠰᠠᠨ ᠠᠴᠠ ᠪᠠᠨ ᠨᠠᠰᠢ᠂ ᠲᠡᠷᠡ ᠡᠭᠦᠷᠭᠡ ᠬᠠᠷᠢᠭᠤᠴᠠᠯᠭ᠎ᠠ ᠪᠠᠨ ᠪᠠᠳᠦ ᠴᠡᠭᠡᠵᠢᠯᠡᠵᠦ᠂ ᠠᠷᠠᠳ   ᠤᠨ ᠠᠮᠢᠳᠦᠷᠠᠯ ᠢ ᠬᠠᠯᠠᠮᠵᠢᠯᠠᠵᠦ᠂ ᠤᠯᠤᠰ ᠲᠦᠷᠦ ᠶᠢᠨ ᠵᠦᠪᠯᠡᠯᠭᠡᠨ ᠤ ᠡᠯ᠎ᠡ ᠲᠦᠷᠦᠯ  ᠤᠨ ᠬᠦᠳᠡᠯᠭᠡᠭᠡᠨ   ᠳᠤ ᠢᠳᠡᠪᠬᠢᠳᠠᠢ ᠤᠷᠤᠯᠴᠠᠨ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠵᠦ ᠠᠬᠤᠢ ᠨᠡᠶᠢᠭᠡᠮ ᠤᠨ ᠬᠦᠭᠵᠢᠯᠳᠡ ᠪᠤᠯᠤᠨ ᠤᠯᠤᠨ ᠲᠦᠮᠡᠨ ᠤ ᠠᠵᠢᠯ ᠠᠮᠢᠳᠤᠷᠠᠯ ᠲᠠᠢ ᠬᠤᠯᠪᠤᠭᠳᠠᠭᠰᠠᠨ ᠰᠠᠨᠠᠯ ᠲᠤᠷᠠᠳᠦᠯᠭ᠎ᠠ ᠶᠢ ᠲᠡᠪᠰᠢᠭᠦᠯᠦᠨ᠂ ᠤᠯᠤᠰ ᠲᠦᠷᠦ ᠶᠢᠨ ᠵᠦᠪᠯᠡᠯᠭᠡᠨ ᠤ ᠬᠡᠰᠢᠭᠦᠨ ᠤ ᠡᠭᠦᠷᠭᠡ ᠬᠠᠷᠢᠭᠤᠴᠠᠯᠭ᠎ᠠ ᠪᠠᠨ ᠰᠠᠶᠢᠳᠦᠷ ᠭᠦᠢᠴᠡᠳᠭᠡᠵᠦ ᠪᠠᠶᠢᠨ᠎ᠠ᠃
      ᠨᠢᠭᠡ ᠵᠢᠯ ᠤᠨ ᠲᠤᠷᠰᠢ᠂ ᠲᠡᠷᠡ ᠦᠵᠡᠯ ᠤᠬᠠᠮᠰᠠᠷ ᠤᠨ ᠠᠵᠢᠯ ᠢ ᠲᠡᠭᠡᠳᠦ ᠬᠡᠮᠵᠢᠶ᠎ᠡ ᠪᠠᠷ ᠴᠢᠬᠤᠯᠠᠴᠢᠯᠠᠨ᠂ ᠲᠤᠮᠳᠠᠳᠦ ᠶᠢᠨ ᠦᠨᠳᠦᠰᠦᠳᠡᠨ ᠤ ᠬᠠᠮᠳᠦ ᠶᠢᠨ ᠴᠤᠭᠴᠠ ᠶᠢᠨ ᠤᠬᠠᠮᠰᠠᠷ ᠢ ᠪᠠᠳᠦ ᠴᠤᠭᠴᠠᠯᠠᠬᠤ ᠪᠠᠷ ᠭᠤᠤᠯ ᠱᠤᠭᠤᠮ ᠪᠤᠯᠭᠠᠵᠦ᠂ ᠲᠤᠬᠠᠶᠢᠯᠠᠭᠰᠠᠨ ᠠᠵᠢᠯ ‍ᠤ᠊ ᠢᠶᠠᠨ ᠰᠠᠶᠢᠳᠦᠷ ᠬᠢᠬᠦ ᠶᠢᠨ ᠬᠠᠮᠳᠦ ᠡᠷᠦᠬᠡ   ᠳᠤ ᠬᠦᠨᠵᠡᠭᠡᠶᠢᠷᠡᠨ ᠰᠠᠭᠤᠭᠠᠯᠢ ᠠᠷᠠᠳ ᠤᠨ ᠬᠠᠯᠠᠮᠵᠢᠯᠠᠵᠦ ᠪᠠᠶᠢᠭ᠎ᠠ ᠶᠡᠭᠡ ᠰᠤᠷᠭᠠᠭᠤᠯᠢ ᠶᠢᠨ ᠤᠶᠤᠳᠠᠳ ᠤᠨ ᠠᠵᠢᠯ ᠤᠯᠭᠤᠯᠳᠠ ᠶᠢᠨ ᠠᠰᠠᠭᠤᠳᠠᠯ ᠢ ᠨᠠᠷᠢᠨ ᠨᠢᠮᠪᠠᠢ ᠤᠶᠢᠯᠠᠭᠠᠨ᠂ ᠢᠳᠡᠪᠬᠢᠳᠠᠢ ᠵᠦᠪᠳᠡᠯᠴᠡᠵᠦ᠂   ︽ᠴᠦᠬᠡᠨ ᠲᠤᠭᠠᠳᠦ ᠦᠨᠳᠦᠰᠦᠳᠡᠨ  ᠤ ᠶᠡᠭᠡ ᠰᠤᠷᠭᠠᠭᠤᠯᠢ ᠶᠢᠨ ᠤᠶᠤᠳᠠᠨ ᠤ ᠠᠵᠢᠯ ᠤᠯᠭᠤᠯᠳᠠ  ᠵᠢᠴᠢ ᠬᠤᠤᠰ ᠬᠡᠯᠡᠨ ᠤ ᠴᠢᠳᠠᠪᠦᠷᠢᠳᠠᠨ ᠢ ᠬᠦᠮᠦᠵᠢᠭᠦᠯᠬᠦ ᠲᠤᠰᠬᠠᠢ ᠰᠡᠳᠦᠪᠳᠦ ᠵᠦᠪᠳᠡᠯᠴᠡᠭᠡᠷ ᠤᠨ ᠮᠡᠳᠡᠭᠦᠯᠦᠯᠳᠡ︾ ᠶᠢ ᠵᠠᠰᠠᠭ ᠤᠨ ᠤᠷᠳᠤᠨ ᠳᠤ ᠲᠡᠪᠰᠢᠭᠦᠯᠵᠦ ᠲᠤᠷᠠᠳᠤᠨ᠂ ᠤᠯᠠᠨ ᠲᠦᠮᠡᠨ ᠤ ᠠᠮᠢᠳᠦᠷᠠᠯ ᠲᠤᠮᠳᠠ ᠤᠷᠤᠰᠢᠵᠦ ᠪᠠᠶᠢᠭ᠎ᠠ ᠠᠰᠠᠭᠤᠳᠠᠯ ᠢ ᠪᠤᠳᠠᠳᠠᠢ ᠰᠢᠢᠳᠪᠦᠷᠢᠯᠡᠬᠦ ᠪᠠᠷ  ᠴᠢᠷᠮᠠᠶᠢᠨ ᠠᠵᠢᠯᠯᠠᠵᠦ ᠪᠠᠶᠢᠨ᠎ᠠ᠃
      ᠬᠤᠶᠢᠰᠢᠳᠠ ᠶᠢᠨ ᠠᠵᠢᠯ ᠳᠤ ᠪᠠᠨ᠂ ᠬᠠᠶᠢᠷᠠᠬᠠᠨ ︽ᠤᠯᠤᠰ ᠲᠦᠷᠦ ᠶᠢᠨ ᠵᠤᠭᠰᠤᠴᠠ ᠪᠠᠨ ᠤᠯᠠᠮ ᠨᠢᠭᠡ ᠠᠯᠬᠤᠮ ᠲᠡᠭᠡᠭᠰᠢᠯᠡᠭᠦᠯᠵᠦ᠂ ᠰᠤᠷᠤᠯᠴᠠᠯᠭ᠎ᠠ ᠪᠠᠨ ᠴᠢᠩᠭᠠᠳᠬᠠᠨ᠂ ᠲᠡᠭᠡᠳᠦ ᠱᠠᠳᠦᠨ ᠤ ᠪᠠᠴᠢᠮ ᠪᠠᠶᠢᠳᠠᠯ ᠢ ᠠᠷᠭᠠᠴᠠᠭᠠᠬᠤ ᠬᠤᠷᠠᠯ ᠤᠨ ᠵᠤᠷᠢᠭ ᠰᠠᠨᠠᠭ᠎ᠠ᠂ ᠬᠠᠮᠢᠶ᠎ᠠ ᠪᠦᠬᠦᠢ ᠱᠠᠭᠠᠷᠳᠠᠯᠭ᠎ᠠ ᠶᠢ ᠴᠠᠭ ᠲᠤᠬᠠᠢ ᠳᠤ ᠨᠢ ᠤᠯᠠᠮᠵᠢᠯᠠᠨ  ᠰᠤᠷᠤᠯᠴᠠᠵᠦ᠂ ᠠᠵᠢᠯ ᠤᠨ ᠬᠢᠷᠢ ᠲᠦᠪᠰᠢᠨ ᠪᠤᠯᠤᠨ ᠴᠢᠳᠠᠪᠦᠷᠢ ᠵᠢᠴᠢ ᠲᠤᠰᠢᠶᠠᠯ ᠢᠶᠠᠨ ᠭᠦᠢᠴᠡᠳᠬᠡᠬᠦ ᠬᠢᠷᠢ ᠲᠦᠪᠰᠢᠨ ᠢᠶᠠᠨ ᠲᠡᠭᠡᠭᠰᠢᠯᠡᠭᠦᠯᠵᠦ᠂ ᠲᠠᠷᠬᠠᠨ ᠮᠤᠤᠮᠢᠩᠭᠭᠠᠨ ᠬᠤᠯᠪᠤᠭᠠᠳᠦ  ᠬᠤᠰᠢᠭᠤᠨ ᠤ ᠠᠵᠦ ᠠᠬᠤᠢ ᠨᠡᠶᠢᠭᠡᠮ  ᠤᠨ ᠬᠦᠭᠵᠢᠯᠳᠡ ᠪᠤᠯᠤᠨ ᠡᠯ᠎ᠡ ᠠᠵᠢᠯ ᠦᠢᠯᠡᠰ ᠤᠨ ᠬᠦᠭᠵᠢᠯᠳᠡ ᠳᠤ ᠨᠨᠡᠭ ᠶᠡᠭᠡ ᠬᠤᠪᠢ ᠨᠡᠮᠡᠷᠢ ᠦᠵᠡᠭᠦᠯᠬᠦ ᠪᠠᠷ ᠴᠢᠷᠮᠠᠶᠢᠨ᠎ᠠ︾ ᠭᠡᠵᠠᠢ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号