ᠪᠢ  ᠡᠵᠢ  ᠪᠠᠨ  ᠯᠡ  ᠮᠡᠳᠡᠨ᠎ᠡ
ᠨᠡᠶᠢᠲᠡᠯᠡᠭᠰᠡᠨ ᠴᠠᠭ᠄
2021/2/3
     
     ᠭᠠᠷᠠᠭ ᠡᠷᠭᠡᠰ ᠤᠨ ᠲᠣᠬᠠᠢ ᠶᠠᠭᠤ ᠴᠣ᠋ ᠮᠡᠳᠡᠬᠦ ᠦᠭᠡᠢ
     ᠭᠠᠯᠳᠣ ᠵᠡᠪᠰᠡᠭ ᠤᠨ ᠲᠣᠬᠠᠢ ᠪᠦᠷ ᠴᠣ᠋ ᠮᠡᠳᠡᠬᠦ ᠦᠭᠡᠢ      ᠭᠠᠶᠢᠬᠠᠮᠰᠢᠭᠲᠣ ᠬᠦᠮᠦᠰ ᠤᠨ ᠲᠣᠬᠠᠢ ᠴᠤ ᠮᠡᠳᠡᠬᠦ ᠦᠭᠡᠢ      ᠭᠠᠭᠴᠠᠬᠠᠨ ᠡᠵᠢ ᠪᠠᠨ ᠯᠡ ᠰᠠᠶᠢᠨ ᠮᠡᠳᠡᠨ᠎ᠡ      ᠪᠦᠷ ᠪᠠᠭ᠎ᠠ ᠶᠢᠨ ᠣᠢ ᠲᠣᠢ ᠳᠤ ᠮᠢᠨᠢ      ᠪᠦᠵᠢᠭᠯᠡᠵᠦ ᠢᠷᠡᠭᠰᠡᠨ ᠲᠡᠬᠢᠨᠢ      ᠪᠦᠳᠡᠭ ᠪᠠᠳᠠᠭ ᠲᠣᠷᠠᠳᠬᠠᠯ ᠳᠤ ᠮᠢᠨᠢ      ᠪᠦᠪᠡᠢ ᠠᠶᠠᠯᠣᠭᠰᠠᠨ ᠲᠠᠭᠤᠴᠢᠨ᠃      ᠴᠡᠴᠡᠷᠯᠢᠭ ᠲᠤ  ᠨᠠᠮ᠎ᠠ ᠶᠢ ᠬᠦᠷᠭᠡᠴᠢᠬᠡᠬᠡᠳ      ᠡᠷᠬᠢᠨ ᠬᠠᠷᠠᠭᠰᠠᠭᠠᠷ ᠪᠣᠴᠠᠳᠠᠭ      ᠴᠡᠩᠭᠡᠷ ᠲᠡᠪᠡᠯ ᠲᠠᠢ ᠡᠵᠢ ᠶᠢ ᠪᠠᠨ      ᠢᠷᠡᠬᠦ ᠶᠢ ᠨᠢ ᠶᠠᠭᠠᠷᠠᠨ ᠬᠦᠯᠢᠶᠡᠳᠡᠭ ᠰᠠᠨ᠃      ᠰᠢᠨᠡᠭᠡᠨ ᠰᠣᠷᠣᠭᠰᠠᠨ ᠲᠠᠭᠤᠥ ᠶᠢ ᠮᠢᠨᠢ      ᠰᠢᠮᠡᠲᠡᠢ ᠰᠣᠨᠣᠰᠴᠣ ᠲᠠᠭᠤᠯᠠᠭᠤᠯᠣᠭᠠᠳ      ᠲᠡᠩᠳᠡᠬᠦᠥ ᠪᠠᠶᠠᠷᠯᠠᠭᠰᠠᠨ ᠨᠠᠮ᠎ᠡ ᠶᠢ      ᠲᠡᠩᠳᠡ ᠪᠠᠨ ᠣᠷᠮ᠎ᠠ ᠪᠠᠷ ᠮᠢᠯᠢᠶᠠᠳᠠᠭ ᠰᠠᠨ᠃      ᠵᠢᠷᠤᠭ ᠵᠢᠷᠣᠵᠦ ᠵᠢᠷᠣᠭᠠᠴᠢ ᠪᠣᠯᠳᠠᠭ      ᠵᠢᠭᠤᠷᠠᠮᠠᠭ ᠵᠢᠭᠤᠷᠠᠵᠤ ᠪᠠᠷᠢᠯᠭᠠᠴᠢᠨ ᠪᠣᠯᠳᠠᠭ      ᠬᠡᠪᠢᠰ ᠨᠡᠬᠡᠵᠦ ᠭᠡᠷ ᠢᠶᠠᠨ ᠴᠢᠮᠡᠳᠡᠭ      ᠬᠡᠯᠡ ᠰᠣᠷᠴᠣ ᠣᠶᠣᠨ ᠢᠶᠠᠨ ᠲᠡᠯᠡᠳᠡᠭ᠃      ᠠᠮᠲᠠᠲᠠᠢ ᠬᠤᠭᠤᠯᠠ ᠪᠠᠷ ᠪᠢᠳᠡᠨ ᠢ ᠪᠠᠶᠠᠷᠯᠠᠭᠤᠯᠵᠣ      ᠠᠭᠠᠭ ᠲᠠᠢ ᠴᠠᠢ ᠪᠠᠷ ᠵᠣᠴᠢᠳ ᠢ ᠲᠠᠶᠢᠯᠠᠵᠦ      ᠭᠡᠷ ᠲᠤ ᠪᠠᠨ ᠦᠷᠬᠦᠯᠵᠢ ᠭᠡᠭᠡ ᠪᠣᠯᠳᠠᠭ      ᠭᠠᠭᠴᠠᠬᠠᠨ ᠡᠵᠢ ᠪᠠᠨ ᠯᠡ ᠪᠢ ᠮᠡᠳᠡᠨ᠎ᠡ᠃      ᠠᠭᠤᠷ ᠨᠢ ᠬᠦᠷᠬᠦ ᠪᠠᠷ ᠲᠠᠭᠤ ᠨᠢ ᠴᠦᠭᠡᠷᠡᠵᠦ      ᠣᠢ ᠪᠣᠯᠬᠤ ᠳᠤ ᠨᠢᠯᠪᠣᠰᠣ ᠪᠠᠨ ᠨᠢᠭᠤᠵᠦ      ᠬᠦᠮᠦᠨ ᠢ ᠪᠠᠶᠠᠷᠯᠠᠭᠤᠯᠬᠤ ᠯᠠ ᠬᠡᠵᠦ ᠬᠢᠴᠢᠶᠡᠳᠡᠭ      ᠪᠢ ᠪᠣᠰᠣᠳ ᠤᠨ ᠲᠣᠬᠠᠢ ᠮᠡᠳᠡᠬᠦ ᠦᠭᠡᠢ      ᠫᠣᠥ ᠰᠢᠳᠡᠮ᠂ ᠲᠠᠶᠢᠨ ᠤ ᠲᠣᠬᠠᠢ ᠴᠣ᠋ ᠮᠡᠳᠡᠬᠦ ᠦᠭᠡᠢ      ᠦᠪᠡᠷ ᠤᠨ ᠢᠶᠠᠨ ᠲᠣᠬᠠᠢ ᠴᠣ᠋ ᠬᠦᠢᠴᠡᠳ ᠮᠡᠳᠡᠬᠦ ᠦᠭᠡᠢ      ᠦᠷᠦᠪᠴᠢᠭᠡᠨ ᠡᠵᠢ ᠪᠠᠨ ᠯᠡ ᠰᠠᠶᠢᠨ ᠮᠡᠳᠡᠨ᠎ᠡ᠃
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号