ᠨᠤᠮ ᠤᠨ ᠴᠠᠭᠠᠨ  ᠪᠤᠶᠠᠨ ᠬᠤᠷᠤᠶᠢᠯᠠᠭᠰᠠᠨ ᠬᠢᠷ᠎ᠠ ᠨᠤᠳᠤᠭ ᠤᠨ  ᠬᠡᠶᠢᠮᠦᠷᠯᠢᠭ ᠠᠶᠢᠯ
ᠨᠡᠶᠢᠲᠡᠯᠡᠭᠰᠡᠨ ᠴᠠᠭ᠄
2021/11/8
     ᠬᠢᠯᠢ ᠨᠤᠳᠤᠭ ᠤᠨ ᠲᠡᠭᠷᠢ ᠬᠤᠯᠠ ᠶᠢᠨ ᠬᠤᠯᠠ ᠠᠴᠠ ᠴᠡᠩᠭᠡᠷᠯᠡᠨ ᠬᠠᠷᠠᠭᠳᠠᠵᠦ᠂ ᠰᠢᠨᠡᠬᠡᠨ ᠵᠠᠰᠠᠭᠰᠠᠨ ᠵᠠᠰᠠᠮᠠᠯ ᠵᠠᠮ  ᠠᠵᠠ ᠵᠢᠷᠭᠠᠯ ᠤᠨ ᠦᠷᠳᠡᠭᠡᠨ ᠳᠤ ᠬᠦᠷᠬᠦ ᠶᠤᠮ  ᠰᠢᠭ᠋ ᠦᠷᠭᠡᠨ ᠭᠤᠪᠢ ᠶᠢ ᠰᠤᠨᠳᠠᠯᠠᠨ ᠰᠤᠨᠤᠯᠵᠠᠵᠦ᠂ ᠪᠢᠳᠡ ᠵᠠᠮ ᠢ ᠪᠢᠰᠢ᠂ ᠵᠠᠮ ᠪᠢᠳᠠᠨ ᠢ ᠲᠠᠭᠠᠭᠤᠯᠤᠨ ᠲᠠᠪᠬᠢᠭᠰᠠᠭᠠᠷ᠂ ᠭᠠᠳᠠᠨ᠎ᠠ ᠪᠠᠨ ᠭᠠᠩᠭᠠᠩ ᠴᠠᠭᠠᠨ ᠮᠤᠩᠭᠤᠯ ᠭᠡᠷ ᠲᠠᠢ ᠮᠠᠯᠴᠢᠨ ᠠᠶᠢᠯ ᠤᠨ ᠡᠭᠦᠳᠡᠨ ᠳᠤ ᠪᠠᠭᠤᠯ᠎ᠠ᠃
     ᠨᠠᠮᠤᠷ ᠤᠷᠤᠢ ᠶᠢᠨ ᠲᠡᠭᠷᠢ ᠬᠦᠢᠳᠡᠷᠡᠵᠦ ᠡᠬᠢᠯᠡᠭᠰᠡᠨ ᠴᠦ ᠡᠪᠡᠰᠦ ᠲᠡᠵᠢᠭᠡᠯ ᠢᠶᠠᠨ ᠤᠷᠤᠭᠤᠯᠤᠭᠰᠠᠨ ᠬᠦᠳᠡᠯᠮᠦᠷᠢᠴᠢ ᠠᠶᠢᠯ ᠢ ᠭᠠᠳᠠᠨ᠎ᠠ ᠠᠴᠠ ᠨᠢ ᠬᠠᠷᠠᠬᠤ ᠳᠤ ᠯᠠ ᠨᠦᠮᠦᠷᠢ ᠲᠠᠢ ᠰᠠᠶᠢᠬᠠᠨ᠂ ᠭᠤᠷᠪᠠᠨ ᠬᠤᠳᠠᠴᠢ ᠬᠠᠷ᠎ᠠ ᠪᠢᠳᠡᠨ ᠢ ᠲᠠᠨᠢᠳᠠᠭ ᠶᠤᠮ  ᠰᠢᠭ᠋ ᠡᠭᠡᠯᠢᠳᠡᠶᠢᠬᠡᠨ ᠰᠢᠷᠪᠠᠯᠵᠢᠵᠦ ᠤᠭᠳᠤᠨ ᠠᠪᠤᠯ᠎ᠠ᠃
     ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠪᠠᠶᠠᠠᠬᠤᠸᠠ ᠪᠠᠶᠢᠭᠠᠰᠤᠨ ᠤ ᠵᠢᠪᠬᠤᠯᠠᠩᠳᠦ ᠭᠠᠴᠠᠭᠠᠨ ᠤ ᠮᠠᠯᠴᠢᠨ ᠠᠭᠤᠯᠠ ᠬᠡᠵᠦ ᠤᠯᠠᠨ ᠤ ᠪᠠᠨ ᠲᠤᠮᠳᠠ ᠪᠦᠬᠡᠴᠢᠨ ᠠᠯᠳᠠᠷ ᠢᠶᠠᠷ ᠢᠶᠠᠨ ᠲᠠᠨᠢᠭᠳᠠᠭᠰᠠᠨ ᠬᠢᠷ᠎ᠡ ᠨᠤᠳᠤᠭ ᠤᠨ ᠰᠠᠶᠢᠬᠠᠨ ᠡᠷ᠎ᠡ ᠬᠦᠮᠦᠨ ᠢᠨᠢᠶᠡᠳᠦ ᠲᠦᠭᠦᠷᠡᠩ ᠪᠢᠳᠡᠨ ᠢ ᠲᠤᠰᠤᠨ ᠭᠠᠷᠴᠦ ᠢᠷᠡᠭᠰᠡᠨ ᠨᠢ ᠦᠨᠦᠳᠦᠷ ᠤᠨ ᠰᠤᠷᠪᠤᠯᠵᠢᠯᠭ᠎ᠠ ᠶᠢᠨ ᠭᠤᠤᠯ ᠪᠠᠭᠠᠳᠤᠷ ᠪᠢᠯᠡ᠃ ᠡᠭᠡᠯ ᠲᠠᠷᠤᠤᠬᠠᠨ ᠠᠳᠠᠯ᠎ᠠ ᠡᠷᠬᠢᠮᠰᠦᠭ ᠬᠦᠮᠦᠰ ᠬᠦᠳᠡᠭᠡ ᠨᠤᠳᠤᠭ  ᠲᠤ ᠮᠠᠨᠢ ᠴᠦᠬᠡᠨ ᠦᠭᠡᠢ ᠪᠠᠶᠢᠳᠠᠭ ᠤᠨ  ᠨᠢᠭᠡ ᠨᠢ ᠶᠠᠭᠠᠬᠢᠯᠳᠠ ᠴᠦ ᠦᠬᠡᠢ ᠮᠠᠯᠴᠢᠨ ᠠᠭᠤᠯᠠ ᠶᠤᠮ᠃
     ᠡᠨᠡ ᠵᠢᠯ ᠨᠤᠳᠤᠭ ᠤᠰᠤ ᠪᠠᠷ ᠮᠢᠨᠢ ᠬᠤᠷ᠎ᠠ ᠪᠤᠷᠤᠭᠠᠨ ᠲᠡᠭᠰᠢ ᠰᠠᠶᠢᠬᠠᠨ ᠵᠢᠯ ᠪᠤᠯᠵᠦ᠂ ᠨᠠᠯᠠᠭᠠᠷ ᠨᠠᠮᠤᠷ ᠨᠠᠯᠠᠶᠢᠨ ᠰᠠᠭᠠᠳᠠᠭᠰᠠᠨ ᠤ ᠬᠠᠮᠳᠦ ᠤᠯᠠᠨ ᠵᠢᠯ ᠬᠦᠰᠡᠵᠦ ᠶᠠᠪᠤᠭᠰᠠᠨ ᠨᠤᠮ ᠤᠨ ᠦᠷᠦᠭᠡ ᠲᠠᠢ ᠪᠤᠯᠬᠤ ᠮᠦᠷᠦᠭᠡᠳᠦᠯ  ᠨᠢ ᠪᠡᠶᠡᠯᠡᠭᠰᠡᠨ ᠠᠭᠤᠯᠠ ᠮᠠᠩᠨᠠᠢ ᠲᠡᠨᠢᠭᠡᠷ ᠪᠠᠶᠠᠷᠯᠠᠵᠦ ᠶᠠᠪᠤᠨ᠎ᠠ᠃ ᠶᠡᠷᠡᠭᠡᠳ ᠤᠨ ᠤ ᠡᠬᠢ ᠪᠠᠷ ᠲᠤᠮᠳᠠᠳᠦ ᠰᠤᠷᠭᠠᠭᠤᠯᠢ ᠪᠠᠨ ᠲᠤᠷᠭᠤᠨ ᠵᠤᠭᠰᠤᠭᠰᠠᠨ ᠲᠡᠷᠡ ᠠᠷᠤ ᠭᠡᠷ ᠲᠤ ᠪᠠᠨ ᠬᠠᠷᠢᠨ ᠬᠠᠪᠤᠷ ᠤᠨ ᠲᠦᠯ ᠲᠤᠰᠬᠤ ᠠᠵᠢᠯ  ᠳᠤ ᠭᠠᠪᠰᠢᠭᠠᠶᠢᠯᠠᠨ ᠴᠢᠷᠮᠠᠶᠢᠭᠰᠠᠨ ᠢᠶᠠᠷ  ᠢᠵᠢᠢ ᠠᠴᠠ ᠪᠠᠨ ᠬᠡᠳᠦᠨ ᠱᠠᠩᠨᠠᠯ ᠤᠨ ᠮᠦᠩᠭᠦ ᠤᠯᠵᠦ᠂ ᠬᠦᠬᠡᠬᠤᠳᠠ ᠤᠷᠤᠵᠦ ᠠᠩᠬᠠᠨ ᠤ ᠭᠤᠴᠢᠭᠠᠳ ᠲᠡᠪᠳᠡᠷ ᠨᠤᠮ ᠢᠶᠠᠨ ᠬᠤᠳᠠᠯᠳᠤᠨ ᠠᠪᠤᠭᠰᠠᠨ ᠨᠢ ᠨᠤᠮ ᠳᠤ ᠪᠠᠭ᠋ᠠᠳᠠᠢ᠂ ᠨᠤᠮ ᠳᠤ ᠬᠠᠶᠢᠷᠠᠳᠠᠢ᠂ ᠪᠦᠷ ᠴᠦ ᠨᠤᠮ ᠴᠤᠭᠯᠠᠭᠤᠯᠤᠭᠴᠢ ᠪᠤᠯᠬᠤ ᠶᠢᠨ ᠬᠢᠨᠢ ᠠᠩᠬᠠᠨ ᠤ  ᠭᠠᠷᠤᠭ᠎ᠠ ᠪᠤᠯᠤᠭᠰᠠᠨ ᠰᠠᠨᠵᠠᠢ᠃ ᠲᠡᠭᠦᠨ ᠠᠴᠠ ᠬᠤᠶᠢᠰᠢ ᠲᠡᠷᠡ ᠨᠤᠮ ᠪᠢᠴᠢᠭ ᠤᠩᠰᠢᠬᠤ ᠴᠤᠭᠯᠠᠭᠤᠯᠬᠤ ᠲᠤᠷ᠎ᠠ ᠪᠠᠬ᠎ᠠ ᠳᠤ ᠪᠠᠨ ᠬᠦᠳᠦᠯᠦᠭᠳᠡᠨ ᠤᠯᠠᠨ ᠵᠢᠯ ᠤᠨ ᠲᠤᠷᠰᠢ ᠨᠤᠮ ᠬᠤᠳᠠᠯᠳᠤᠨ ᠠᠪᠴᠦ ᠴᠤᠭᠯᠠᠭᠤᠯᠤᠨ ᠬᠠᠳᠠᠭᠠᠯᠠᠭᠰᠠᠨ ᠢᠶᠠᠷ ᠤᠳᠤ ᠪᠤᠯᠬᠤ ᠳᠤ ᠭᠤᠴᠢᠭᠠᠳ ᠲᠦᠮᠡᠨ ᠲᠦᠭᠦᠷᠢᠭ ᠤᠨ ᠬᠤᠶᠠᠷ ᠮᠢᠩᠭ᠎ᠠ ᠰᠢᠬᠠᠭᠤ ᠲᠡᠪᠳᠡᠷ ᠨᠤᠮ ᠤᠨ ᠴᠤᠭᠯᠠᠭ᠎ᠠ ᠲᠠᠢ ᠪᠤᠯᠵᠦ᠂ ᠤᠯᠠᠨ ᠰᠠᠶᠢᠬᠠᠨ ᠬᠤᠪᠤᠷ ᠴᠤᠬᠠᠭ ᠨᠤᠮ ᠤᠨ ᠬᠠᠳᠠᠭᠠᠯᠠᠮᠵᠢ ᠲᠠᠢ ᠬᠦᠳᠡᠭᠡ ᠨᠤᠳᠤᠭ ᠤᠨ ᠢᠶᠠᠨ ᠨᠤᠮ ᠲᠠᠢ ︽ᠪᠠᠶᠠᠨ ︾ ᠪᠤᠯᠵᠠᠢ᠃
     ᠬᠡᠵᠢᠶ᠎ᠡ ᠨᠢᠭᠡᠨ ᠡᠳᠦᠷ ᠬᠦᠳᠡᠭᠡ ᠤᠷᠤᠨ ᠨᠤᠳᠤᠭ ᠲᠤ ᠪᠠᠨ ᠦᠷᠦᠭᠡ ᠲᠦᠭᠦᠷᠡᠩ ᠨᠤᠮ ᠲᠠᠢ ᠪᠤᠯᠬᠤ ᠰᠠᠨ ᠭᠡᠳᠡᠭ ᠮᠦᠷᠦᠭᠡᠳᠦᠯ ᠨᠢ ᠲᠡᠭᠦᠨ ᠤ ᠤᠯᠠᠨ ᠵᠢᠯ ᠤᠨ ᠤᠶᠢᠭ᠎ᠠ ᠦᠭᠡᠢ ᠴᠢᠷᠮᠠᠶᠢᠯᠭ᠎ᠠ᠂ ᠦᠨᠡᠨ ᠰᠡᠳᠭᠢᠯ ᠤᠨ ᠵᠢᠳᠭᠦᠯ ᠲᠡᠮᠡᠥᠯᠡᠯ ᠢᠶᠠᠷ ᠪᠠᠶᠠᠯᠠᠵᠦ᠂ ᠬᠢᠯᠢ ᠨᠤᠳᠤᠭ ᠤᠨ ᠢᠶᠠᠨ ᠬᠠᠨᠠᠭᠠᠷ ᠦᠷᠦᠴᠡᠨ ᠳᠤ ᠬᠠᠨᠠᠳᠦ ᠴᠠᠭᠠᠨ ᠮᠤᠩᠭᠤᠯ ᠭᠡᠷ ᠲᠤ ᠪᠠᠨ ᠨᠠᠮ ᠵᠠᠰᠠᠭ ᠤᠨ ᠲᠡᠮᠵᠢᠯᠭᠡ ᠪᠠᠷ ᠨᠤᠮ ᠤᠨ ᠦᠷᠦᠭᠡ ᠪᠠᠨ ᠵᠢᠩᠭᠢᠨᠢ ᠪᠠᠷ ᠨᠡᠭᠡᠭᠡᠨ᠂ ᠦᠷᠦᠭᠡ ᠲᠦᠭᠦᠷᠡᠩ ᠨᠠᠮ ᠢᠶᠠᠨ ᠤᠩᠰᠢᠭᠴᠢ ᠲᠦᠮᠡᠨ ᠳᠤ ᠪᠠᠨ ᠬᠠᠷᠠᠮ ᠦᠭᠡᠢ  ᠲᠡᠯᠭᠡᠵᠦ᠂ ᠨᠤᠳᠤᠭ ᠤᠰᠤᠨ ᠤ ᠪᠠᠨ ᠮᠠᠯᠴᠢᠳ ᠢ ᠨᠤᠮ ᠤᠩᠰᠢᠬᠤ ᠪᠠᠷ ᠬᠦᠷᠦᠯᠴᠡᠨ ᠢᠷᠡᠬᠦ ᠶᠢ ᠬᠦᠰᠡᠨ ᠤᠷᠢᠶᠠᠯᠠᠵᠦ᠂ ᠮᠠᠯᠴᠢᠨ ᠲᠦᠮᠡᠨ ᠤ ᠪᠠᠨ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠤᠨ᠂ ᠵᠠᠯᠠᠭᠤ ᠲᠡᠭᠦᠨᠠᠷ ᠪᠠᠭᠠᠴᠤᠤᠯ ᠢᠶᠠᠨ ᠨᠤᠮ ᠳᠤ ᠪᠠᠭ᠋ᠠᠳᠠᠢ᠂ ᠡᠷᠳᠡᠮ ᠮᠡᠳᠡᠯᠭᠡ ᠲᠠᠢ ᠬᠦᠮᠦᠨ ᠪᠤᠯᠤᠨ ᠬᠦᠮᠦᠵᠢᠬᠦ ᠳᠤ ᠲᠤᠰᠠ ᠪᠤᠯᠬᠤ ᠰᠠᠨ ᠭᠡᠳᠡᠭ ᠬᠦᠰᠡᠯ ᠨᠢ ᠪᠠᠶᠠᠯᠠᠯ ᠢᠶᠠᠨ ᠤᠯᠵᠦ ᠪᠤᠢ  ᠶᠢ ᠰᠤᠷᠪᠤᠯᠵᠢᠯᠠᠨ ᠲᠡᠮᠳᠡᠭᠯᠡᠵᠦ ᠪᠠᠶᠢᠭ᠎ᠠ ᠨᠢ ᠡᠨᠡ ᠪᠢᠯᠡ᠃ ᠮᠠᠯᠴᠢᠨ ᠲᠦᠮᠡᠨ  ᠮᠠᠨᠢ ᠡᠨᠡᠬᠦ  ᠨᠤᠮ ᠤᠨ ᠦᠷᠦᠭᠡᠨ  ᠳᠤ ᠪᠠᠨ ᠦᠷᠭᠦᠯᠵᠢ ᠤᠴᠢᠵᠦ ᠤᠶᠤᠨ ᠢᠶᠠᠨ ᠬᠤᠷᠴᠠᠯᠠᠬᠤ ᠪᠤᠯᠤᠭᠠᠰᠠᠢ᠂ ᠨᠤᠮ ᠤᠨ ᠴᠠᠭᠠᠨ ᠪᠤᠶᠠᠨ ᠲᠡᠯᠭᠡᠷᠡᠬᠦ ᠪᠤᠯᠳᠤᠭᠠᠢ᠃
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号