ᠪᠠᠶ᠋ᠬᠠᠤᠪᠤᠭ᠎ᠠ ᠰᠤᠮᠤᠨ ᠤ  ᠪᠠᠶ᠋ᠬᠤᠯᠠᠭᠠᠨ ᠭᠠᠴᠠᠭᠠᠨ ᠤ ᠮᠠᠯᠴᠢᠳ ︽ᠰᠡᠳᠬᠢᠯ ᠲᠤᠯᠠᠭᠠᠯᠠᠬᠤ ᠨᠡᠭᠦᠷᠡᠰᠦ︾ ᠪᠠᠨ ᠲᠤᠰᠴᠦ ᠠᠪᠤᠭᠰᠠᠨ
ᠨᠡᠶᠢᠲᠡᠯᠡᠭᠰᠡᠨ ᠴᠠᠭ᠄
2021/11/30
     ᠤᠶᠢᠷ᠎ᠠ ᠳᠤ᠂  ᠪᠠᠶ᠋ᠬᠠᠤᠪᠤᠭ᠎ᠠ ᠰᠤᠮᠤᠨ ᠤ ᠪᠠᠶ᠋ᠬᠤᠯᠠᠭᠠᠨ ᠭᠠᠴᠠᠭᠠᠨ ᠤ ᠭᠠᠴᠠᠭᠠᠨ ᠵᠦᠪᠯᠡᠯ ᠤᠨ ᠬᠢᠨ ᠠᠩᠬᠠᠨ ᠤ ᠪᠦᠯᠦᠭ ︽ᠰᠡᠳᠬᠢᠯ ᠲᠤᠯᠠᠭᠠᠯᠠᠬᠤ ᠨᠡᠭᠦᠷᠡᠰᠦ︾ ᠶᠢ  ᠮᠠᠯᠴᠢᠳ ᠲᠤ ᠲᠠᠷᠬᠠᠭᠠᠵᠦ᠂ ᠬᠠᠬᠢᠷ ᠡᠪᠦᠯ ᠤᠨ ᠬᠦᠢᠳᠡᠨ ᠳᠤ ᠬᠠᠶᠢᠷ᠎ᠠ ᠬᠠᠯᠠᠮᠵᠢ᠂ ᠬᠠᠯᠠᠭᠤᠨ ᠲᠤᠯᠠᠭᠠᠨ ᠢ ᠬᠦᠷᠭᠡᠭᠰᠡᠨ ᠪᠠᠶᠢᠨ᠎ᠠ  ᠃
     ᠡᠨᠡᠬᠦ ᠬᠠᠶᠢᠷ᠎ᠠ ᠬᠠᠯᠠᠮᠵᠢ ᠶᠢᠨ ᠨᠡᠭᠦᠷᠡᠰᠦ ᠨᠢ ᠲᠤᠨ ᠪᠦᠷᠦ ᠳᠤ ᠪᠠᠨ566 ᠲᠦᠭᠦᠷᠢᠭ ᠪᠠᠶᠢᠵᠦ᠂  ᠡᠨᠡ ᠵᠢᠯ  ᠤᠨ ᠵᠠᠬ᠎ᠠ ᠲᠡᠯᠭᠡᠭᠦᠷ ᠤᠨ ᠨᠡᠭᠦᠷᠡᠰᠦᠨ ᠤ ᠦᠷᠳᠡᠭ ᠠᠴᠠ ᠶᠡᠭᠡ ᠬᠢᠮᠳᠠ ᠪᠤᠯᠬᠤᠷ ᠪᠠᠶ᠋ᠬᠠᠤᠯᠠᠭᠠᠨ ᠭᠠᠴᠠᠭᠠᠨ ᠤ ᠰᠡᠳᠬᠢᠯ ᠲᠤᠯᠠᠭᠠᠯᠠᠬᠤ ᠨᠡᠭᠦᠷᠡᠰᠦ ᠪᠠᠭᠤᠯᠭᠠᠬᠤ ᠲᠤᠬᠠᠢ ᠶᠢᠨ ᠲᠠᠯᠠᠪᠤᠷ ᠲᠤ ᠬᠠᠶᠢᠷ᠎ᠠ ᠬᠠᠯᠠᠮᠵᠢ ᠶᠢᠨ ᠨᠡᠭᠦᠷᠡᠰᠦ ᠪᠠᠨ ᠲᠡᠭᠡᠭᠡᠬᠦ ᠪᠠᠷ ᠢᠷᠡᠭᠰᠡᠨ ᠮᠠᠯᠴᠢᠳ ᠤᠨ ᠲᠡᠷᠭᠡ ᠤᠨᠤᠭ᠎ᠠ ᠬᠦᠭᠯᠡᠷᠡᠨ᠂ ᠲᠡᠭᠷᠢ ᠬᠦᠢᠳᠡᠨ ᠪᠠᠶᠢᠭᠰᠠᠨ ᠴᠦ ᠮᠠᠯᠴᠢᠳ ᠪᠠᠶᠠᠷ ᠲᠠᠢ ᠶᠠᠭᠠᠷᠠᠯᠳᠤᠵᠦ᠂ ᠪᠠᠶ᠋ᠬᠠᠤᠯᠠᠭᠠᠨ ᠭᠠᠴᠠᠭᠠᠨ ᠤ ᠨᠠᠶᠠ ᠭᠠᠷᠤᠢ ᠡᠷᠦᠬᠡ ᠮᠠᠯᠴᠢᠳ ᠤᠨ ᠲᠠᠯᠠᠭᠠᠳ ᠡᠷᠦᠬᠡ  ᠨᠢ ᠲᠤᠰ ᠤᠳᠠᠭᠠᠨ ᠤ ᠬᠠᠶᠢᠷ᠎ᠠ ᠬᠠᠯᠠᠮᠵᠢ ᠶᠢᠨ ᠨᠡᠭᠦᠷᠡᠰᠦ ᠶᠢ ᠬᠤᠳᠠᠯᠳᠣᠨ ᠠᠪᠤᠭᠰᠠᠨ ᠪᠠᠶᠢᠨ᠎ᠠ᠃
     ᠡᠨᠡᠬᠦ ︽ᠰᠡᠳᠬᠢᠯ ᠲᠤᠯᠠᠭᠠᠯᠠᠬᠤ ᠨᠡᠭᠦᠷᠡᠰᠦ︾ ᠨᠢ ᠪᠦᠬᠦ ᠭᠠᠴᠠᠭᠠᠨ ᠤ ᠮᠠᠯᠴᠢᠳ ᠲᠤ ᠨᠠᠮ ᠪᠠ ᠵᠠᠰᠠᠭ ᠤᠨ ᠤᠷᠳᠤᠨ ᠤ  ᠬᠠᠶᠢᠷ᠎ᠠ ᠬᠠᠯᠠᠮᠵᠢ ᠶᠢ ᠬᠦᠷᠭᠡᠵᠦ᠂ ᠬᠠᠬᠢᠷ ᠡᠪᠦᠯ ᠤᠨ ᠬᠦᠢᠳᠡᠨ ᠳᠤ ᠮᠠᠯᠴᠢᠳ ᠤᠨ ᠰᠡᠳᠬᠢᠯ ᠢ ᠲᠤᠯᠠᠭᠠᠯᠠᠭᠰᠠᠨ ᠪᠠᠶᠢᠨ᠎ᠠ᠃
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号