ᠬᠤᠵᠢᠮ ᠢ ᠵᠤᠷᠢᠵᠤ ᠬᠤᠯᠠ ᠶᠢ ᠰᠡᠳᠬᠢᠭᠰᠡᠨ ᠬᠤᠶᠠᠷ ᠡᠳᠥᠷ ᠤᠨ ᠠᠵᠢᠯᠯᠠᠭ᠎ᠠ—ᠮᠠᠯᠴᠢᠨ ᠪᠢᠯᠢᠭ ᠤᠨ ᠬᠤᠶᠠᠷ ᠡᠳᠥᠷ ᠤᠨ ᠦᠢᠯᠡ ᠠᠵᠢᠯᠯᠠᠭ᠎ᠠ ᠶᠢᠨ  ᠰᠣᠷᠪᠤᠯᠵᠢᠯᠠᠭ᠎ᠠ
ᠨᠡᠶᠢᠲᠡᠯᠡᠭᠰᠡᠨ ᠴᠠᠭ᠄
2020-08-05
                                      ᠰᠣᠷᠪᠤᠯᠵᠢᠯᠠᠭᠴᠢ    ᠰᠣᠶᠣᠯᠳᠥ   ᠪᠠᠳᠠᠷᠠᠬᠤ      ᠵᠤᠨ ᠤ ᠰᠡᠭᠦᠯᠴᠢ ᠵᠢᠷᠭᠤᠭᠠᠨ ᠰᠠᠷ᠎ᠠ ᠶᠢᠨ ᠠᠷᠪᠠᠳ ᠢᠶᠠᠷ ᠤᠷᠤᠭᠰᠠᠨ ᠪᠤᠷᠤᠭᠠᠨ ᠤ ᠳᠠᠷᠠᠭᠠᠴᠢ ᠪᠠᠷ ᠪᠢᠳᠡ ᠮᠢᠩᠭᠠᠨ ᠪᠠᠯᠭᠠᠰᠣᠨ ᠤ ᠮᠠᠯᠴᠢᠨ ᠪᠢᠯᠢᠭ ᠤᠨ ᠬᠤᠶᠠᠷ ᠡᠳᠥᠷ ᠤᠨ ᠠᠵᠢᠯ ᠠᠮᠢᠳᠣᠷᠠᠯᠭ᠎ᠠ ᠶᠢ ᠰᠣᠷᠪᠤᠯᠵᠢᠯᠠᠬᠤ ᠪᠠᠷ ᠬᠥᠷᠴᠣ ᠪᠢᠯᠡ᠃
     ︽ᠳᠠᠨᠠᠶᠢᠬᠡᠨ ᠶᠠᠭᠠᠬᠢᠭᠠᠳ ᠵᠤᠨ ᠤ ᠰᠡᠭᠦᠯᠴᠢ ᠪᠤᠯᠵᠤ ᠰᠠᠶ᠋ᠢ ᠠᠳᠤᠭᠤ ᠪᠠᠨ ᠳᠡᠯᠯᠡᠵᠤ ᠪᠠᠶᠢᠬᠤ ᠪᠢᠯᠡ︖︾ ᠬᠡᠵᠥ ᠠᠩᠬᠠᠨ ᠤ ᠵᠤᠭᠤᠭ ᠤᠨ ᠳᠣᠮᠳᠠ ᠠᠰᠠᠭᠤᠬᠤ ᠳᠤ ︽ᠮᠠᠨᠠᠶᠢᠬᠢᠨ ᠮᠠᠷᠭᠠᠰᠢ ︵ᠪᠢᠯᠢᠭ ᠤᠨ ᠤᠯᠠᠷᠢᠯ ᠤᠨ6 ᠰᠠᠷ᠎ᠠ ᠶᠢᠨ12︶ ᠣᠪᠣᠭ᠎ᠠ ᠳᠠᠬᠢᠨ᠎ᠠ᠃ ᠳᠡᠭᠡᠭᠡᠳ ᠥᠨᠥᠳᠥᠷ ᠤᠷᠢᠳᠠᠪᠠᠷ ᠳᠡᠯ ᠳᠠᠮᠠᠭ᠎ᠠ ᠪᠠᠨ ᠬᠢᠵᠥ ᠪᠠᠶᠢᠭ᠎ᠠ ᠨᠢ ᠡᠨᠡ᠃ ᠶᠡᠷᠥ ᠨᠢ ᠰᠤᠷᠭᠠᠭᠤᠯᠢ ᠴᠢᠯᠥᠭᠡ ᠳᠡᠯᠪᠢᠵᠤ᠂ ᠤᠮᠪᠤᠯᠥ ᠤᠳ ᠤᠨ ᠢᠶᠠᠨ ᠬᠠᠷᠢᠵᠤ ᠢᠷᠡᠬᠦ ᠶᠢ ᠬᠥᠯᠢᠶᠡᠭᠰᠡᠭᠡᠷ ᠪᠠᠶᠢᠵᠤ ᠵᠢᠭᠠᠬᠠᠨ ᠤᠷᠤᠶᠢᠳᠠᠴᠢᠬᠠᠯ᠎ᠠ᠃ ᠭᠤᠤᠯ ᠨᠢ ᠡᠨᠡ ᠬᠡᠥᠭᠡᠳ ᠤᠳ ᠲᠤ ᠦᠵᠡᠭᠦᠯᠵᠥ ᠬᠠᠷᠠᠭᠤᠯᠤᠶ᠎ᠠ ᠭᠡᠵᠥ ᠪᠤᠳᠤᠭᠰᠠᠨ ᠶᠤᠮ︾ ᠭᠡᠵᠥ ᠪᠢᠯᠢᠭ ᠶᠠᠷᠢᠵᠤ ᠪᠠᠶᠢᠯ᠎ᠠ᠃
     ᠪᠢᠯᠢᠭ ᠤᠤᠯ ᠨᠢ ᠪᠠᠶᠠᠨᠵᠢᠷᠥᠬᠡ ᠰᠤᠮᠤᠨ ᠤ ᠪᠠᠶᠠᠨᠮᠠᠨᠳᠤᠯ ᠭᠠᠴᠠᠭᠠᠨ ᠤ ᠤᠤᠭᠠᠯ᠂66 ᠤᠨ ᠤ ᠴᠠᠭᠠᠨ ᠮᠤᠷᠢᠨ ᠵᠢᠯᠳᠡᠨ᠂ ᠨᠢᠭᠡ ᠬᠥᠥ ᠬᠤᠶᠠᠷ ᠥᠬᠢᠨ ᠲᠠᠢ᠃ ᠬᠡᠥᠬᠡᠳ ᠤᠳ ᠨᠢ ᠪᠥᠷ ᠠᠶᠢᠯ ᠭᠡᠷ ᠪᠤᠯᠵᠤ ᠠᠮᠢᠳᠤᠷᠠᠯ  ᠢᠶᠠᠨ ᠡᠷᠭᠦᠭᠰᠡᠨ ᠬᠥᠮᠥᠰ ᠪᠤᠯᠬᠤᠷ ᠤᠮᠪᠤᠯᠤ ᠤᠳ ᠨᠢ ᠴᠥᠮ ᠬᠡᠯᠡ ᠬᠥᠯ ᠳᠤ ᠤᠷᠤᠵᠤ᠂ ᠵᠠᠷᠢᠮ ᠨᠢ ᠪᠠᠭ᠎ᠠ ᠰᠤᠷᠭᠠᠭᠤᠯᠢ ᠶᠢᠨ ᠬᠤᠶᠠᠷ ᠭᠤᠷᠪᠠᠳᠤᠭᠠᠷ ᠤᠨ ᠤ ᠰᠤᠷᠤᠭᠴᠢ ᠪᠠᠶᠢᠨ᠎ᠠ᠃
     ᠡᠶᠢᠨᠬᠦ ᠪᠢᠯᠢᠭ ᠥᠰᠴᠥ ᠪᠤᠶᠢᠵᠢᠵᠤ ᠶᠠᠪᠤᠭ᠎ᠠ ᠤᠮᠪᠤᠯᠤ ᠤᠳ᠂ ᠲᠡᠷᠡᠴᠢᠯᠡᠨ ᠬᠡᠥᠬᠡᠳ ᠪᠠᠭᠠᠴᠤᠳ᠂ ᠵᠠᠯᠠᠭᠤᠴᠤᠳ ᠳᠡᠭᠦᠥ ᠨᠠᠷ ᠮᠠᠯᠴᠢᠨ ᠮᠤᠩᠭᠤᠯᠴᠤᠳ ᠤᠨ ᠢᠶᠠᠨ ᠤᠳᠤᠮᠰᠢᠯᠳᠥ ᠵᠠᠩ ᠦᠢᠯᠡ ᠶᠢ ᠦᠨᠡᠨ ᠵᠥᠪ ᠢᠶᠠᠷ ᠮᠡᠳᠡᠭᠦᠯᠵᠥ ᠤᠶᠢᠯᠠᠭᠠᠭᠤᠯᠬᠤ ᠰᠡᠳᠬᠢᠯ ᠤᠨ ᠵᠤᠷᠢᠯᠭ᠎ᠠ ᠪᠠᠷ ᠡᠨᠡ ᠵᠢᠯ ᠤᠨ ᠠᠳᠣᠭᠤᠨ ᠳᠡᠯᠯᠡᠭᠡ ᠪᠠᠨ ᠵᠠᠳᠠᠭᠠᠢ ᠪᠡᠯᠴᠢᠭᠡᠷ ᠳᠡᠭᠡᠷ᠎ᠡ ᠬᠠᠭᠤᠴᠢᠨ ᠵᠠᠩᠰᠢᠯ ᠢᠶᠠᠷ ᠬᠢᠭᠰᠡᠨ ᠪᠠᠶᠢᠨ᠎ᠠ᠃
     ᠡᠶᠢᠨᠬᠦ ᠨᠠᠷᠠ ᠬᠤᠷ᠎ᠠ ᠶᠢᠨ ᠳᠠᠩᠴᠡᠯ ᠲᠠᠢ ᠨᠢᠭᠡᠨ ᠰᠠᠶᠢᠬᠠᠨ ᠡᠳᠥᠷ  ᠂ ᠤᠷᠠᠳ᠂ ᠮᠢᠩᠭᠠᠨ ᠬᠤᠶᠠᠷ ᠨᠣᠳᠤᠭ  ᠤᠨ ᠠᠳᠣᠭᠤᠴᠢᠨ ᠴᠣᠭᠯᠠᠷᠠᠵᠤ᠂ ᠤᠷᠭᠠᠯᠠᠬᠤ᠂ ᠨᠣᠭᠳᠣᠯᠠᠬᠤ᠂ ᠳᠡᠯᠯᠡᠬᠦ ᠵᠡᠷᠭᠡ ᠠᠳᠣᠭᠤᠨ ᠰᠤᠶᠤᠯ ᠤᠨ ᠳᠣᠬᠠᠢ ᠣᠳᠣᠮᠰᠢᠯᠳᠥ ᠵᠠᠩ ᠵᠠᠩᠰᠢᠯ ᠢ ᠬᠠᠷᠠᠭᠤᠯᠤᠭᠰᠠᠨ ᠮᠠᠯᠴᠢᠨ ᠪᠢᠯᠢᠭ ᠤᠨ ᠠᠳᠤᠭᠤᠨ ᠳᠡᠯᠡᠯᠭᠡ ᠠᠮᠵᠢᠯᠳᠡ ᠲᠠᠢ ᠮᠥᠷᠳᠡᠭᠡᠨ ᠦᠵᠡᠮᠤᠷᠢ ᠲᠠᠢ ᠰᠠᠶᠢᠬᠠᠨ ᠥᠨᠳᠥᠷᠯᠡᠵᠤ ᠪᠢᠯᠡ᠃
     ᠮᠠᠷᠭᠠᠰᠢ ᠥᠷᠯᠥᠭᠡ ᠨᠢ ᠳᠡᠳᠡᠨᠡᠶᠢᠬᠢᠨ ᠤ ᠡᠷᠳᠡᠯᠡᠨ ᠪᠤᠰᠴᠤ᠂ ᠪᠢᠯᠢᠭ ᠤᠨ ᠬᠥᠥ ᠬᠥᠷᠭᠡᠨ ᠨᠦᠭᠦᠳ ᠪᠠ ᠤᠮᠪᠤᠯᠥ ᠰᠤᠮᠪᠤᠯᠥ ᠪᠠᠨ ᠳᠠᠭᠠᠭᠤᠯᠤᠨ ᠬᠠᠶᠢᠷᠬᠠᠨ ᠨᠤᠮᠳᠥ ᠤᠪᠤᠭ᠎ᠠ ᠪᠠᠨ ᠳᠠᠬᠢᠵᠤ ᠪᠢᠯᠡ᠃ ᠨᠤᠮᠳᠥ ᠬᠠᠶᠢᠷᠬᠠᠨ ᠭᠡᠵᠥ ᠪᠢᠯᠢᠭ ᠤᠨ ᠭᠡᠷ ᠤᠨ ᠵᠡᠭᠦᠨᠳᠡᠢ ᠤᠶᠢᠷᠠᠬᠠᠨ ᠪᠠᠶᠢᠳᠠᠭ᠂ ᠥᠨᠳᠥᠷ ᠰᠥᠷᠯᠢᠭ ᠦᠨᠡᠭᠡᠷ ᠤᠨ ᠦᠵᠡᠮᠥᠷᠢ ᠲᠠᠢ ᠰᠠᠶᠢᠬᠠᠨ ᠬᠠᠶᠢᠷᠬᠠᠨ ᠪᠠᠶᠢᠯ᠎ᠠ᠃
     ᠨᠤᠮᠳᠥ ᠤᠪᠤᠭ᠎ᠠ ᠭᠡᠵᠤ ᠤᠤᠯ ᠤᠨ ᠣᠳᠣᠮᠰᠢᠯᠳᠥ ᠳᠠᠬᠢᠯᠭ᠎ᠠ ᠲᠠᠢ ᠤᠪᠤᠭ᠎ᠠ᠂ ᠬᠤᠷᠢᠭᠠᠳ ᠵᠢᠯ ᠤᠨ ᠡᠮᠥᠨ᠎ᠡ ᠪᠢᠯᠢᠭ ᠠᠶᠢᠯ ᠰᠠᠭᠠᠬᠠᠯᠳᠠ ᠶᠢᠨ ᠬᠢᠨ ᠲᠠᠢ ᠪᠠᠨ ᠡᠨᠡᠬᠦ ᠤᠪᠤᠭ᠎ᠠ ᠪᠠᠨ ᠰᠡᠷᠭᠦᠭᠡᠨ ᠳᠠᠬᠢᠭᠰᠠᠨ ᠢᠶᠠᠨ ᠤᠳᠤ ᠪᠤᠯᠳᠠᠯ᠎ᠡ ᠵᠢᠯ ᠥᠨᠵᠢᠯ ᠦᠭᠡᠢ ᠳᠠᠬᠢᠭᠰᠠᠭᠠᠷ ᠢᠷᠡᠵᠡᠢ᠃      ᠦᠷ᠎ᠡ ᠬᠤᠶᠢᠴᠢᠰ ᠲᠠᠭᠠᠨ ᠦᠯᠡᠳᠡᠭᠦ ᠶᠤᠰᠤᠳᠠᠢ᠂ ᠦᠨᠡᠨ ᠵᠥᠪ ᠪᠥᠭᠦᠨ ᠢ ᠡᠨᠡ ᠪᠠᠶᠢᠭ᠎ᠠ ᠨᠠᠰᠤᠨ ᠳᠠᠭᠠᠨ ᠴᠢᠷᠮᠠᠶᠢᠨ ᠬᠥᠢᠴᠡᠳᠬᠡᠭᠦ ᠶᠢ ᠵᠤᠷᠢᠭᠰᠠᠨ ᠮᠠᠯᠴᠢᠨ ᠪᠢᠯᠢᠭ ᠤᠨ ᠬᠤᠶᠠᠷ ᠡᠳᠥᠷ ᠤᠨ ᠦᠢᠯᠡ ᠠᠵᠢᠯᠯᠠᠭ᠎ᠠ ᠶᠢ ᠠᠳᠡ ᠬᠥᠷᠳᠡᠯ᠎ᠡ ᠳᠡᠮᠳᠡᠭᠯᠡᠯ᠎ᠡ᠃ ᠮᠤᠩᠭᠤᠯ ᠤᠨ ᠮᠠᠨᠢ ᠦᠷ᠎ᠡ ᠰᠡᠳᠥ ᠣᠳᠣᠮᠰᠢᠯᠳᠥ ᠵᠠᠩ ᠵᠠᠩᠰᠢᠯ ᠰᠤᠶᠤᠯ ᠳᠡᠥᠬᠡ ᠪᠠᠨ ᠤᠷᠬᠢᠯ ᠦᠭᠡᠢ ᠦᠶ᠎ᠡ ᠶᠢᠨ ᠦᠶ᠎ᠡ᠂ ᠦᠷ᠎ᠡ ᠶᠢᠨ ᠦᠷ᠎ᠡ ᠳᠡᠭᠡᠨ ᠦᠨᠢ ᠮᠥᠩᠭᠡ ᠤᠯᠠᠮᠵᠢᠯᠠᠵᠤ ᠶᠠᠪᠤᠬᠤ ᠶᠢ ᠤᠤᠬᠠᠶᠢᠯᠠᠶ᠎ᠠ︕
 
ᠢᠷᠡᠯᠲᠡ᠄ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠥᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号