ᠮᠠᠨ ᠤ ᠣᠯᠠᠭᠠᠨᠮᠥᠴᠢᠷ ᠢᠷᠡᠯ᠎ᠡ
ᠨᠡᠶᠢᠲᠡᠯᠡᠭᠰᠡᠨ ᠴᠠᠭ᠄
2020-08-01
     7 ᠰᠠᠷᠠᠶᠢᠨ28 ᠤ ᠡᠳᠥᠷ᠂ ᠬᠤᠰᠢᠭᠤᠨ ᠤ ᠣᠯᠠᠭᠠᠨᠮᠥᠴᠢᠷ ᠤᠨ ᠬᠢᠨ ᠪᠠᠶ᠋ᠬᠠᠤᠪᠤᠭ᠎ᠠ ᠰᠤᠮᠤᠨ ᠤ ᠪᠠᠶᠠᠨᠪᠤᠯᠠᠭ ᠭᠠᠴᠠᠭᠠᠨ ᠳᠤ ᠬᠥᠷᠴᠤ᠂ ︽ᠣᠯᠠᠭᠠᠨᠮᠥᠴᠢᠷ ᠤᠨ ᠰᠠᠷ᠎ᠠ᠂ ᠠᠯᠢᠪᠠ ᠪᠥᠬᠦᠨ ᠠᠷᠠᠳ ᠳᠥᠮᠡᠨ ᠤ ᠳᠥᠯᠥᠭᠡ︾ ᠭᠡᠬᠦ ᠭᠤᠤᠯ ᠰᠡᠳᠥᠪᠳᠥ ᠠᠵᠢᠯᠯᠠᠭ᠎ᠠ ᠶᠠᠪᠤᠭᠳᠠᠭᠤᠯᠤᠨ᠂ ᠳᠣᠭᠯᠠᠭᠴᠢᠳ ᠠᠴᠠ ᠤᠶᠠᠩᠭᠠᠳᠥ ᠰᠠᠶᠢᠬᠠᠨ ᠠᠶ᠎ᠠ ᠳᠠᠭᠤᠤ ᠤᠷᠠᠨ ᠭᠤᠶᠢᠳᠠ ᠪᠥᠵᠢᠭ ᠢᠶᠠᠷ ᠢᠶᠠᠨ ᠮᠠᠯᠴᠢᠨ ᠳᠥᠮᠡᠨ ᠤ ᠳᠠᠭᠠᠰᠢᠶᠠᠯ ᠢ ᠶᠡᠬᠡᠳᠡ ᠤᠯᠵᠤ ᠪᠢᠯᠡ᠃      ᠡᠨᠡ ᠵᠢᠯ ᠥᠪᠥᠷ ᠮᠤᠩᠭᠤᠯ ᠤᠨ ᠤᠬᠠᠭᠤᠯᠬᠤ ᠭᠡᠯᠳᠡᠰ ᠪᠠ ᠰᠣᠶᠣᠯ ᠵᠢᠭᠤᠴᠢᠯᠠᠯ ᠤᠨ ᠳᠢᠩᠭᠢᠮ ᠤᠨ ᠬᠠᠮᠳᠤᠷᠠᠨ ᠳᠣᠭᠳᠠᠭᠠᠭᠰᠠᠨ ︽2020 ᠤᠨ ᠤ ᠣᠯᠠᠭᠠᠨᠮᠥᠴᠢᠷ ᠤᠨ ᠰᠠᠷ᠎ᠠ ᠶᠢᠨ ᠬᠥᠳᠡᠯᠭᠡᠭᠡᠨ ᠤ ᠳᠥᠰᠥᠯ︾ ᠢᠶᠠᠷ ᠳᠤᠰ ᠣᠳᠠᠭᠠᠨ ᠤ ᠣᠯᠠᠭᠠᠨᠮᠥᠴᠢᠷ ᠤᠨ ᠰᠠᠷ᠎ᠠ ᠶᠢᠨ ᠬᠥᠳᠡᠯᠭᠡᠭᠡᠨ ᠨᠢ6 ᠰᠠᠷᠠᠶᠢᠨ1 ᠤ ᠡᠳᠥᠷ ᠠᠴᠠ7 ᠰᠠᠷᠠᠶᠢᠨ31  ᠤ ᠡᠳᠥᠷ ᠪᠤᠯᠳᠠᠯ᠎ᠡ ᠶᠠᠪᠤᠭᠳᠠᠪᠠ᠃      ᠮᠠᠨ ᠤ ᠬᠤᠰᠢᠭᠤᠨ ᠤ ᠣᠯᠠᠭᠠᠨᠮᠥᠴᠢᠷ ᠨᠢ ᠤᠯᠠᠨ ᠵᠢᠯ ᠤᠨ ᠳᠤᠷᠰᠢ ᠪᠥᠬᠦ ᠰᠡᠳᠬᠢᠯ ᠪᠥᠬᠦ ᠵᠤᠷᠢᠭ ᠢᠶᠠᠷ  ᠢᠶᠠᠨ ᠠᠷᠠᠳ ᠳᠥᠮᠡᠨ ᠳᠤ ᠦᠢᠯᠡᠴᠢᠯᠡᠬᠦ ᠪᠠᠷ ᠵᠤᠷᠢᠯᠭ᠎ᠠ ᠪᠤᠯᠭᠠᠵᠤ᠂ ᠬᠥᠬᠡ ᠣᠭᠳᠠᠷᠭᠤᠢ ᠪᠠᠷ ᠬᠥᠰᠢᠭᠡ ᠪᠠᠨ ᠪᠤᠯᠭᠠᠨ᠂ ᠬᠥᠷᠥᠰᠥᠳᠥ ᠳᠡᠯ᠎ᠡ ᠪᠠᠷ ᠳᠠᠶᠢᠰᠠ ᠪᠠᠨ ᠪᠤᠯᠭᠠᠵᠤ᠂ ᠠᠷᠠᠳ, ᠳᠥᠮᠡᠨ ᠳᠡᠭᠡᠨ ᠣᠯᠠᠨ ᠳᠠᠯᠠᠪᠤᠷ ᠳᠤᠭᠯᠠᠯᠳᠡ ᠭᠠᠷᠭᠠᠨ ᠮᠠᠯᠴᠢᠨ ᠳᠥᠮᠡᠨ ᠤ ᠪᠠᠨ ᠳᠤᠮᠳᠠ ︽ᠮᠠᠨ ᠤ ᠣᠯᠠᠭᠠᠨᠮᠥᠴᠢᠷ︾ ᠬᠡᠮᠡᠭᠳᠡᠭᠰᠡᠨ ᠪᠠᠶᠢᠳᠠᠭ᠃
 
ᠢᠷᠡᠯᠲᠡ᠄ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠥᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号