ᠪᠤᠯᠪᠠᠰᠤᠨ ᠬᠤᠳᠠ ᠶᠢᠨ ᠠᠷᠠᠳ ᠪᠣᠯᠵᠣ᠂ ᠪᠥᠬᠦ ᠤᠯᠤᠰ ᠤᠨ ᠰᠢᠶᠠᠨ ᠤ ᠳᠡᠰ ᠤᠨ ᠪᠣᠯᠪᠠᠰᠣᠨ ᠬᠤᠳᠠ ᠶᠢ ᠪᠥᠳᠥᠭᠡᠨ ᠪᠠᠶᠢᠭᠤᠯᠬᠤ ᠰᠠᠨᠠᠭᠠᠴᠢᠯᠠᠭ᠎ᠠ ᠶᠢᠨ ᠪᠢᠴᠢᠭ
ᠨᠡᠶᠢᠲᠡᠯᠡᠭᠰᠡᠨ ᠴᠠᠭ᠄
2020-07-09
ᠪᠥᠬᠦ ᠬᠤᠰᠢᠭᠤᠨ ᠤ ᠥᠷᠭᠡᠨ ᠣᠯᠠᠨ ᠳᠥᠮᠡᠨ ᠳᠤ᠄      ᠪᠣᠯᠪᠠᠰᠣᠨ ᠬᠤᠳᠠ ᠪᠤᠯ ᠨᠢᠭᠡᠨ ᠭᠠᠵᠠᠷ ᠣᠷᠣᠨ ᠤ ᠶᠡᠷᠥᠩᠭᠡᠶᠢᠯᠡᠭᠰᠡᠨ ᠴᠢᠨᠠᠷᠳᠠᠢ ᠢᠷᠠᠭᠤ ᠠᠯᠳᠠᠷ᠂ ᠳᠡᠷᠡ ᠭᠠᠵᠠᠷ ᠤᠨ ᠳᠥᠷᠢ ᠳᠥᠷᠬᠦ᠂ ᠬᠥᠭᠵᠢᠯᠳᠡ ᠶᠢᠨ ᠬᠢᠷᠢ ᠳᠥᠪᠰᠢᠨ ᠪᠠ ᠪᠣᠯᠪᠠᠰᠤᠨ ᠤ ᠢᠯᠡᠷᠡᠯ ᠮᠥᠨ᠃ ᠵᠥᠪᠬᠡᠨ ᠲᠠ ᠪᠢᠳᠡ ᠪᠤᠯᠪᠠᠰᠤᠨ ᠪᠠᠶᠢᠪᠠᠯ ᠪᠢᠳᠡᠨ ᠤ ᠬᠤᠳᠠ ᠰᠠᠶ᠋ᠢ ᠪᠤᠯᠪᠠᠰᠤᠨ ᠪᠤᠯᠤᠨ᠎ᠠ᠃ ᠮᠠᠨ ᠤ ᠬᠤᠰᠢᠭᠤ2011 ᠤᠨ ᠡᠬᠢᠯᠡᠵᠥ᠂ ᠥᠪᠡᠷᠳᠡᠭᠡᠨ ᠵᠠᠰᠠᠬᠤ ᠣᠷᠣᠨ ᠤ ᠪᠤᠯᠪᠠᠰᠣᠨ ᠬᠤᠳᠠ ᠪᠤᠯᠬᠤ ᠪᠠᠷ ᠴᠢᠷᠮᠠᠶᠢᠵᠥ᠂2017 ᠣᠨ ᠤ6 ᠰᠠᠷ᠎ᠠ ᠶᠢᠨ5 ᠤ ᠡᠳᠥᠷ ᠥᠪᠡᠷᠳᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠠᠴᠠ ᠮᠠᠨ ᠤ ᠬᠤᠰᠢᠭᠤ ᠶᠢ ᠳᠥᠷᠪᠡᠳᠥᠭᠡᠷ ᠬᠤᠭᠤᠴᠠᠭᠠᠨ ᠤ ︽ᠥᠪᠡᠷᠳᠡᠭᠡᠨ ᠵᠠᠰᠠᠬᠤ ᠣᠷᠣᠨ ᠤ ᠪᠤᠯᠪᠠᠰᠣᠨ ᠬᠤᠳᠠ︾ ᠪᠠᠷ ᠨᠡᠷᠡᠶᠢᠳᠪᠠ᠃      ᠡᠨᠡ ᠪᠤᠯ ᠪᠥᠬᠦ ᠣᠯᠣᠰ ᠤᠨ ᠥᠪᠡᠷᠳᠡᠭᠡᠨ ᠵᠠᠰᠠᠬᠤ ᠣᠷᠣᠨ ᠤ ᠪᠤᠯᠪᠠᠰᠣᠨ ᠬᠤᠳᠠ ᠶᠢᠨ ᠰᠢᠯᠭᠠᠨ ᠪᠠᠶᠢᠴᠠᠭᠠᠬᠤ ᠵᠢᠯ ᠣᠴᠢᠷ ᠠᠴᠠ ᠬᠤᠳᠠ ᠶᠢᠨ ᠪᠥᠳᠥᠭᠡᠨ ᠪᠠᠶᠢᠭᠤᠯᠤᠯᠳᠠ ᠶᠢ ᠰᠠᠶᠢᠳᠥᠷ ᠬᠢᠬᠦ ᠨᠢ ᠮᠠᠰᠢ ᠴᠢᠬᠤᠯᠠ᠃ ᠪᠢᠳᠡ ᠬᠠᠮᠳᠤᠪᠠᠷ ᠬᠥᠳᠡᠯᠥᠯᠴᠠᠨ᠂ ᠣᠳᠣ ᠠᠴᠠ ᠡᠬᠢᠯᠡᠵᠥ ᠳᠡᠷᠭᠡᠳᠡᠬᠢ ᠵᠢᠵᠢᠭ ᠤᠴᠢᠷ ᠠᠴᠠ ᠭᠠᠷᠳᠠᠨ ᠬᠤᠰᠢᠭᠤᠨ  ᠤ ᠪᠠᠨ ᠡᠷᠡᠭᠦᠯ ᠬᠠᠮᠠᠭᠠᠯᠠᠯ ᠴᠡᠪᠡᠷ ᠳᠣᠬᠢᠯᠢᠭ᠂ ᠣᠷᠴᠢᠨ ᠳᠤᠭᠤᠷᠢᠨ ᠥᠩᠭᠡ ᠦᠵᠡᠮᠵᠢᠳᠠᠢ᠂ ᠠᠵᠢᠯᠯᠠᠵᠤ ᠰᠠᠭᠤᠷᠢᠰᠢᠬᠤ ᠳᠤ ᠳᠤᠬᠢᠳᠠᠢ ᠪᠣᠯᠪᠠᠰᠤᠨ ᠬᠤᠳᠠ ᠶᠢ ᠪᠥᠳᠥᠭᠡᠨ ᠪᠠᠶᠢᠭᠤᠯᠬᠤ ᠳᠤ ᠬᠥᠮᠥᠨ ᠪᠥᠬᠦᠨ ᠤ ᠬᠤᠪᠢ ᠨᠠᠮᠠᠷᠢ ᠪᠠᠨ ᠦᠵᠡᠭᠦᠯᠴᠡᠭᠡᠶ᠎ᠡ︕ ᠠᠳᠡ ᠬᠤᠰᠢᠭᠤᠨ ᠤ ᠪᠥᠬᠦ ᠤᠯᠤᠰ ᠤᠨ ᠰᠢᠶᠠᠨ ᠤ ᠳᠡᠰ ᠤᠨ ᠪᠤᠯᠪᠠᠰᠤᠨ ᠬᠤᠳᠠ ᠶᠢ ᠪᠥᠳᠥᠭᠡᠨ ᠪᠠᠶᠢᠭᠤᠯᠬᠤ ᠠᠵᠢᠯ ᠤᠨ ᠵᠢᠯᠤᠭᠤᠳᠬᠤ ᠭᠡᠯᠳᠡᠰ ᠠᠴᠠ ᠪᠥᠬᠦ ᠬᠤᠰᠢᠭᠤᠨ ᠤ ᠥᠷᠭᠡᠨ ᠤᠯᠠᠨ ᠺᠠᠳ᠋ᠷ ᠤᠯᠠᠨ ᠲᠥᠮᠡᠨ ᠬᠤᠳᠠ ᠶᠢᠨ ᠠᠷᠠᠳ ᠢᠷᠭᠡᠳ ᠲᠤ ᠳᠤᠤᠷᠠᠬᠢ ᠰᠠᠨᠠᠭᠠᠴᠢᠯᠠᠭ᠎ᠠ ᠶᠢᠨ ᠪᠢᠴᠢᠭ ᠢ ᠤᠷᠢᠶᠠᠯᠠᠵᠤ ᠪᠠᠶᠢᠨ᠎ᠠ᠃      ᠨᠢᠭᠡ᠂ ᠵᠠᠩ ᠳᠠᠳᠬᠠᠨᠯ ᠪᠤᠯᠪᠠᠰᠣᠨ᠃ ᠬᠤᠪᠢ ᠪᠠᠶ᠎ᠠ ᠠᠴᠠ ᠪᠠᠨ ᠡᠬᠢᠯᠡᠵᠥ᠂ ᠳᠡᠷᠭᠡᠳᠡᠬᠢ ᠵᠢᠵᠢᠭ ᠤᠴᠢᠷ  ᠠᠴᠠ ᠭᠠᠷᠳᠠᠨ᠂ ᠪᠤᠯᠪᠠᠰᠤᠨ ᠦᠭᠡ ᠶᠠᠷᠢᠶ᠎ᠠ ᠲᠠᠢ ᠪᠠᠶᠢᠵᠥ᠂ ᠪᠤᠯᠪᠠᠰᠤᠨ ᠠᠵᠢᠯ ᠬᠢᠵᠥ᠂ ᠪᠤᠯᠬᠢ ᠳᠠᠳᠬᠠᠯ ᠠᠴᠠ ᠵᠠᠶᠢᠳᠠᠨ᠂ ᠪᠤᠯᠪᠠᠰᠤᠨ ᠬᠥᠮᠥᠨ ᠪᠣᠯᠴᠠᠭᠠᠶ᠎ᠠ᠃      ᠬᠤᠶᠠᠷ᠂ ᠦᠭᠡ ᠶᠠᠷᠢᠶ᠎ᠠ ᠪᠤᠯᠪᠠᠰᠤᠨ᠃ ᠪᠥᠳᠥᠭᠦᠯᠢᠭ ᠦᠭᠡ ᠶᠠᠷᠢᠬᠤ ᠦᠭᠡᠢ᠂ ᠤᠯᠠᠨ ᠨᠠᠶᠢᠳᠠ ᠶᠢᠨ ᠲᠠᠯᠠᠪᠠᠢ ᠳᠤ ᠲᠠᠮᠠᠬᠢ ᠳᠠᠳᠠᠬᠤ ᠦᠭᠡᠢ᠂ ᠶᠡᠭᠡ ᠳᠠᠭᠤ ᠪᠠᠷ ᠪᠠᠷᠬᠢᠷᠠᠬᠤ ᠦᠭᠡᠢ᠂ ᠠᠳᠡ ᠳᠡᠨᠳᠡ ᠨᠢᠯᠪᠤᠬᠤ ᠦᠭᠡᠢ᠂ ᠠᠮᠤ ᠪᠤᠳᠠᠭ᠎ᠠ ᠶᠢ ᠠᠷᠪᠢᠯᠡᠨ ᠭᠠᠮᠨᠠᠵᠤ ᠪᠥᠷᠢᠯᠭᠡᠨ ᠰᠤᠶᠢᠳᠭᠡᠬᠦ ᠦᠭᠡᠢ᠂ ᠨᠡᠶᠢᠳᠡ ᠶᠢᠨ ᠰᠠᠪᠬ᠎ᠠ ᠬᠡᠷᠡᠭᠯᠡᠨ᠎ᠡ᠂ ᠡᠶ᠎ᠡ  ᠨᠥᠭᠦᠷᠰᠡᠭ ᠢᠶᠠᠷ ᠪᠤᠰᠤᠳ ᠲᠠᠢ ᠬᠠᠷᠢᠴᠠᠵᠤ᠂ ᠬᠠᠯᠠᠭᠤᠮᠰᠤᠭ ᠢᠶᠠᠷ ᠬᠠᠷᠢᠯᠴᠠᠨ ᠬᠠᠪᠰᠤᠷᠴᠠᠭᠠᠶ᠎ᠠ᠃      ᠭᠤᠷᠪᠠ᠂ ᠦᠢᠯᠡ ᠬᠥᠳᠡᠯᠥᠯ ᠪᠤᠯᠪᠠᠰᠤᠨ᠃ ᠳᠤᠷ᠎ᠠ ᠳᠠᠪᠠ ᠪᠠᠷ ᠢᠶᠠᠨ ᠬᠤᠭ ᠨᠤᠪᠰᠢ ᠬᠠᠶᠠᠬᠤ ᠦᠭᠡᠢ᠂ ᠬᠤᠸᠠᠷ ᠴᠡᠴᠡᠭ ᠢ ᠳᠠᠰᠣᠳᠠᠬᠤ ᠦᠭᠡᠢ᠂ ᠣᠯᠠᠨ ᠨᠡᠶᠢᠳᠡ ᠶᠢᠨ ᠡᠳ᠋ ᠬᠤᠭᠰᠢᠯ ᠢ ᠡᠪᠳᠡᠯᠡᠬᠦ ᠦᠭᠡᠢ᠂ ᠠᠰᠠᠷ ᠳᠡᠭᠡᠷ᠎ᠡ  ᠠᠴᠠ ᠶᠠᠭᠤᠮ᠎ᠠ ᠬᠠᠶᠠᠬᠤ ᠦᠭᠡᠢ᠂ ᠳᠡᠷᠭᠡᠨ ᠴᠤᠩᠬᠤ ᠪᠠᠷ ᠶᠠᠭᠤᠮ᠎ᠠ ᠰᠢᠳᠡᠬᠦ ᠦᠭᠡᠢ᠂ ᠭᠡᠷ ᠤᠨ ᠳᠡᠵᠢᠭᠡᠯ ᠠᠮᠢᠳᠠᠨ  ᠢᠶᠠᠨ ᠰᠠᠶᠢᠳᠤᠷ ᠬᠠᠮᠢᠶᠠᠷᠴᠤ᠂ ᠨᠤᠬᠠᠢ ᠪᠠᠨ ᠬᠡᠨᠵᠢᠯᠡᠨ ᠭᠥᠳᠥᠯᠵᠥ᠂ ᠳᠡᠵᠢᠭᠡᠯ ᠠᠮᠢᠳᠠᠨ ᠤ ᠢᠯᠭᠠᠳᠠᠰᠤ ᠪᠠᠨ ᠴᠠᠭ ᠳᠠᠷᠤᠶᠢᠬᠠᠨ ᠴᠡᠪᠡᠷᠯᠡᠨ ᠬᠤᠭ ᠤᠨ ᠰᠠᠪᠡᠨ ᠳᠤ ᠬᠠᠶᠠᠵᠤ᠂ ᠶᠠᠪᠠᠭᠠᠨ ᠬᠥᠮᠥᠰ ᠠᠴᠠ ᠨᠢᠭᠡ ᠮᠧᠲᠷ ᠤᠨ ᠵᠠᠶᠢᠳᠠᠢ ᠪᠠᠶᠢᠬᠤ ᠬᠡᠷᠡᠭᠳᠡᠢ᠃ ᠪᠥᠳᠥᠭᠦᠨ ᠨᠤᠬᠠᠢ᠂ ᠳᠤᠭᠰᠢᠨ ᠨᠤᠬᠠᠢ ᠳᠡᠵᠢᠭᠡᠬᠦ ᠦᠭᠡᠢ᠂ ᠳᠤᠭᠰᠢᠨ ᠨᠤᠬᠠᠢ ᠶᠢ ᠤᠯᠠᠨ ᠨᠡᠶᠢᠳᠡ ᠶᠢᠨ ᠲᠠᠯᠠᠪᠠᠢ ᠳᠤ ᠳᠠᠭᠠᠭᠤᠯᠵᠥ᠂ ᠪᠤᠰᠤᠳ ᠤᠨ ᠵᠣᠷᠰᠢᠯᠳᠥ ᠠᠮᠢᠳᠤᠷᠠᠯ ᠢ ᠰᠠᠮᠠᠭᠤᠷᠠᠭᠤᠯᠬᠤ ᠦᠭᠡᠢ ᠪᠠᠶᠢᠶ᠎ᠠ      ᠳᠥᠷᠪᠡ᠂ ᠠᠶᠠᠯᠠᠯ ᠵᠤᠭᠠᠴᠠᠯ ᠪᠤᠯᠪᠠᠰᠤᠨ᠃ ᠳᠤᠷ᠎ᠠ ᠪᠠᠷ ᠢᠶᠠᠨ ᠵᠠᠮ ᠣᠭᠳᠤᠯᠬᠤ ᠦᠭᠡᠢ᠂ ᠤᠯᠠᠭᠠᠨ ᠳ᠋ᠧᠩ  ᠢ ᠭᠡᠳᠥᠯᠬᠦ ᠦᠭᠡᠢ᠂ ᠬᠠᠯᠬᠠᠪᠴᠢ ᠭᠡᠷᠡᠰᠬᠡ ᠶᠢ ᠳᠠᠪᠠᠭ᠋ᠤ ᠦᠭᠡᠢ᠂ ᠠᠮᠤᠷ ᠳᠥᠪᠰᠢᠨ ᠵᠤᠷᠴᠢᠵᠥ ᠪᠣᠯᠪᠠᠰᠤᠨ ᠠᠶᠠᠯᠠᠵᠤ ᠵᠤᠭᠠᠴᠠᠵᠤ᠂ ᠳᠡᠷᠭᠡᠨ ᠳᠤ ᠭᠠᠷᠬᠤ ᠳᠤ ᠪᠠᠨ ᠮᠥᠷᠯᠡᠨ᠂ ᠰᠠᠶᠢᠨ ᠳᠤᠷ᠎ᠠ ᠠᠴᠠ ᠪᠠᠨ ᠪᠤᠰᠤᠳ ᠲᠤ ᠣᠷᠤ ᠶᠡᠭᠦᠯᠡᠵᠥ ᠥᠭᠭᠦᠴᠡᠭᠡᠶ᠎ᠡ᠃      ᠳᠠᠪᠤ᠂ ᠦᠢᠯᠡ ᠠᠵᠢᠯᠯᠠᠭ᠎ᠠ ᠪᠤᠯᠪᠠᠰᠤᠨ᠃ ᠨᠡᠶᠢᠭᠡᠮ ᠤᠨ ᠰᠠᠶᠢᠨ ᠳᠣᠷ᠎ᠠ ᠶᠢᠨ ᠠᠵᠢᠯᠯᠠᠭ᠎ᠠ ᠨᠡᠶᠢᠳᠡ ᠶᠢᠨ ᠠᠰᠠᠷᠠᠮᠵᠢ ᠶᠢᠨ ᠬᠠᠯᠠᠮᠵᠢ ᠶᠢᠨ ᠬᠥᠳᠡᠯᠭᠡᠭᠡᠨ ᠳᠤ ᠢᠳᠡᠪᠬᠢᠳᠡᠢ ᠣᠷᠣᠯᠴᠠᠵᠤ᠂ ᠠᠯᠳᠡ ᠣᠯᠣᠭᠰᠠᠨ ᠴᠦ ᠠᠮᠢᠨ ᠳᠤ  ᠪᠠᠨ ᠠᠪᠬᠤ ᠦᠭᠡᠢ᠂ ᠠᠯᠪᠠᠨ ᠠᠵᠢᠯ ᠳᠤ ᠪᠠᠨ ᠭᠠᠷᠮᠠᠭᠠᠢ᠂ ᠠᠶᠢᠯ ᠭᠡᠷ ᠲᠤ ᠪᠠᠨ ᠡᠶ᠎ᠡ ᠡᠪᠳᠡᠢ ᠰᠠᠶᠢᠨ ᠢᠷᠭᠡᠨ ᠪᠤᠯᠴᠠᠭᠠᠶ᠎ᠠ᠃      ᠥᠷᠭᠡᠨ ᠤᠯᠠᠨ ᠬᠤᠳᠠ ᠶᠢᠨ ᠠᠷᠠᠳ ᠳᠥᠮᠡᠨ᠂ ᠪᠣᠯᠪᠠᠰᠤᠨ ᠳᠠᠷᠬᠠᠨ ᠮᠤᠤᠮᠢᠩᠭᠠᠨ ᠤ ᠡᠩᠨᠡᠭᠡ ᠲᠠᠢ ᠮᠥᠷᠥ ᠵᠡᠷᠭᠡᠴᠡᠨ ᠪᠢᠳᠡᠨ ᠤ ᠬᠤᠳᠠ ᠪᠠᠨ ᠳᠡᠭᠷᠢ ᠨᠢ ᠴᠡᠯᠮᠡᠭ᠂ ᠣᠰᠣ ᠨᠢ ᠳᠤᠩᠭᠠᠯᠠᠭ᠂ ᠳᠠᠯ᠎ᠠ ᠨᠢ ᠨᠤᠭᠤᠭᠠᠨ᠂ ᠵᠡᠭᠡᠯᠢ ᠭᠤᠳᠣᠮᠵᠢ ᠨᠢ ᠴᠡᠪᠡᠷ ᠴᠡᠮᠴᠡᠭᠡᠷ᠂ ᠬᠥᠮᠥᠨ ᠪᠠᠶᠢᠭᠠᠯᠢ ᠡᠶ᠎ᠡ ᠵᠤᠬᠢᠴᠡᠯᠲᠠᠢ᠂ ᠨᠡᠶᠢᠭᠡᠮ ᠠᠵᠤ ᠠᠬᠤᠢ ᠵᠤᠬᠢᠴᠠᠯᠳᠤᠨ ᠬᠥᠭᠵᠢᠭᠰᠡᠨ ᠬᠤᠰᠢᠭᠤ ᠪᠤᠯᠭᠠᠨ ᠪᠥᠳᠥᠭᠡᠨ ᠪᠠᠶᠢᠭᠤᠯᠵᠥ᠂ ᠠᠷᠠᠳ ᠳᠥᠮᠡᠨ ᠤ ᠰᠠᠶᠢᠨ ᠰᠠᠶᠢᠬᠠᠨ ᠠᠮᠢᠳᠣᠷᠠᠯ ᠤᠨ ᠬᠥᠰᠡᠯ ᠡᠷᠡᠮᠡᠯᠵᠡᠯ ᠢ ᠬᠠᠮᠳᠣᠪᠠᠷ ᠪᠡᠶᠡᠯᠡᠭᠦᠯᠰᠥᠭᠡᠢ︕              ᠳᠠᠷᠬᠠᠨ ᠮᠤᠤᠮᠢᠩᠭᠠᠨ ᠬᠤᠯᠪᠤᠭᠠᠳᠥ ᠬᠤᠰᠢᠭᠤᠨ ᠤ ᠪᠥᠬᠦ ᠤᠯᠤᠰ ᠤᠨ              ᠪᠤᠯᠪᠠᠰᠤᠨ ᠬᠤᠰᠢᠭᠤ ᠰᠢᠶᠠᠨ ᠢ ᠡᠭᠦᠳᠬᠦ ᠠᠵᠢᠯ ᠤᠨ ᠵᠢᠯᠤᠭᠤᠳᠬᠤ ᠭᠡᠯᠳᠡᠰ                   2020 ᠤᠨ ᠤ7 ᠰᠠᠷᠠᠶᠢᠨ6 ᠤ ᠡᠳᠥᠷ
 
ᠢᠷᠡᠯᠲᠡ᠄ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠥᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号