ᠬᠢᠵᠢᠭ ᠤᠨ ᠪᠠᠶᠢᠳᠠᠯ ᠢ ᠪᠠᠶᠢᠩᠭᠤᠵᠢᠭᠤᠯᠤᠨ ᠰᠡᠷᠭᠡᠶᠢᠯᠡᠨ ᠡᠵᠡᠮᠳᠡᠭᠦ ᠨᠥᠬᠦᠴᠡᠯ ᠳᠤᠤᠷ᠎ᠠ᠂ ᠳᠣᠣᠷ᠎ᠠ ᠳᠡᠰ | ᠤᠨ ᠳᠥᠭᠰᠢᠭᠦᠷᠢᠳᠥ ᠭᠠᠵᠠᠷ ᠤᠷᠤᠨ ᠤ ᠺᠢᠨᠤ᠋ ᠶᠢᠨ ᠣᠷᠳᠤᠨ ᠥᠨᠥᠳᠥᠷ ᠠᠴᠠ ᠡᠬᠢᠯᠡᠨ ᠡᠮᠬᠢ ᠵᠢᠷᠤᠮ ᠲᠠᠢ ᠪᠠᠷ | ᠨᠡᠭᠡᠭᠡᠵᠤ ᠪᠤᠯᠤᠨ᠎ᠠ᠃ ᠳᠤᠮᠳᠠ ᠥᠨᠳᠥᠷ ᠳᠡᠰ ᠤᠨ ᠳᠥᠭᠰᠢᠭᠦᠷᠢᠳᠥ ᠭᠠᠵᠠᠷ ᠤᠷᠤᠨ ᠤ ᠺᠢᠨᠤ᠋ ᠶᠢᠨ ᠣᠷᠳᠤᠨ ᠳᠥᠷ | ᠨᠡᠭᠡᠭᠡᠵᠤ ᠪᠤᠯᠬᠤ ᠦᠭᠡᠢ ᠪᠠᠶᠢᠭᠰᠠᠭᠠᠷ᠃ | ᠡᠨᠡ ᠬᠦ ᠨᠥᠭᠦᠴᠡᠯ ᠪᠠᠶᠢᠳᠠᠯ ᠳᠤᠤᠷ᠎ᠠ ᠺᠢᠨᠤ᠋ ᠳᠠᠯᠪᠢᠬᠤ ᠪᠠ ᠺᠢᠨᠤ᠋ ᠦᠵᠡᠬᠦ ᠳᠤ ᠳᠤᠤᠷᠠᠬᠢ ᠵᠦᠢᠯᠡᠰ ᠢ ᠵᠠᠪᠠᠯ | ᠠᠩᠬᠠᠷᠬᠤ ᠴᠢᠬᠤᠯᠠᠲᠠᠢ ᠪᠠᠶᠢᠨ᠎ᠠ᠃ | 1. ᠦᠵᠡᠭᠴᠢᠳ ᠤᠨ ᠮᠡᠳᠡᠭᠡ ᠵᠠᠩᠬᠢ ᠶᠢ ᠪᠥᠷᠢᠳᠬᠡᠨ᠂ ᠪᠠᠶ᠎ᠡ ᠶᠢᠨ ᠳᠣᠯᠠᠭᠠᠨ ᠢ ᠪᠠᠶᠢᠴᠠᠭᠠᠨ᠎ᠠ᠃ ᠠᠮᠠᠪᠴᠢ | ᠵᠡᠭᠦᠭᠰᠡᠨ ᠦᠭᠡᠢ ᠪᠠ ᠪᠠᠶ᠎ᠠ ᠶᠢᠨ ᠳᠤᠯᠠᠭᠠᠨ ᠨᠢ37.3 ᠭᠷᠠᠳᠥ᠋ᠰ ᠠᠴᠠ ᠳᠡᠭᠡᠭᠰᠢ ᠪᠠᠶᠢᠬᠤ ᠬᠥᠮᠥᠨ ᠺᠢᠨᠤ᠋ ᠶᠢᠨ | ᠣᠷᠳᠤᠨ ᠳᠤ ᠣᠷᠣᠵᠤ ᠪᠤᠯᠬᠤ ᠦᠭᠡᠢ᠃ | 2. ᠺᠢᠨᠤ᠋ ᠦᠵᠡᠭᠦ ᠳᠤ ᠦᠨᠡᠨ ᠨᠡᠷ᠎ᠡ ᠪᠠᠷ ᠰᠦᠯᠵᠢᠶᠡᠨ ᠳᠡᠭᠡᠷ᠎ᠡ ᠪᠢᠯᠧᠲ ᠪᠤᠯᠵᠤᠵᠤ᠂ ᠥᠯᠥ ᠬᠥᠷᠥᠯᠴᠡᠬᠦ | ᠬᠡᠯᠪᠡᠷᠢ ᠪᠠᠷ ᠪᠢᠯᠧᠲ ᠬᠤᠳᠠᠯᠳᠤᠨ᠎ᠠ᠃ | 3. ᠰᠣᠯᠪᠢᠴᠠᠨ ᠠᠯᠤᠰᠯᠠᠬᠤ ᠮᠠᠶ᠋ᠢᠭ ᠢᠶᠠᠷ ᠪᠢᠯᠧᠲ ᠬᠤᠳᠠᠯᠳᠣᠵᠤ᠂ ᠳᠠᠨᠢᠯ ᠪᠤᠰᠤ ᠬᠥᠮᠥᠨ ᠤ | ᠬᠤᠭᠤᠷᠤᠨᠳᠥ1m ᠠᠴᠠ ᠳᠡᠭᠡᠭᠰᠢᠬᠢ ᠵᠠᠢ ᠲᠠᠢ ᠪᠠᠶᠢᠬᠤ ᠶᠢ ᠪᠠᠳᠣᠯᠠᠨ᠎ᠠ᠃ ᠡᠭᠦᠨ ᠳᠤ᠂ ᠳᠠᠯᠠᠪᠤᠷ ᠪᠤᠯᠭᠠᠨ ᠤ | ᠦᠵᠡᠭᠴᠢ ᠶᠢᠨ ᠳᠤᠭ᠎ᠠ ᠪᠥᠬᠦ ᠰᠠᠭᠤᠳᠠᠯ ᠤᠨ30 % ᠠᠴᠠ ᠭᠡᠳᠥᠷᠡᠵᠥ ᠪᠤᠯᠬᠤ ᠦᠭᠡᠢ᠃ | 4. ᠦᠵᠡᠭᠴᠢ ᠺᠢᠨᠤ᠋ ᠦᠵᠡᠬᠦ ᠪᠥᠬᠦ ᠶᠠᠪᠣᠴᠠ ᠳᠤ ᠡᠷᠬᠡᠪᠰᠢ ᠠᠮᠠᠪᠴᠢ ᠵᠡᠭᠦᠵᠤ᠂ ᠺᠢᠨᠤ᠋ ᠶᠢᠨ ᠳᠢᠩᠭᠢᠮ ᠤᠨ | ᠳᠤᠳᠤᠭᠠᠳᠥ ᠳᠤ ᠢᠳᠡᠵᠥ ᠤᠤᠭᠤᠬᠤ ᠶᠢ ᠬᠤᠷᠢᠭᠯᠠᠨ᠎ᠠ᠃ | 5. ᠺᠢᠨᠣ᠋ ᠳᠠᠯᠪᠢᠬᠤ ᠭᠠᠵᠠᠷ ᠤᠨ ᠬᠢᠨ ᠺᠢᠨᠣ᠋ ᠳᠠᠯᠪᠢᠬᠤ ᠤᠳᠠᠭ᠎ᠠ ᠪᠠᠨ ᠪᠠᠭᠠᠰᠬᠠᠵᠤ᠂ ᠡᠳᠥᠷ ᠪᠤᠯᠭᠠᠨ ᠤ | ᠺᠢᠨᠣ᠋ ᠶᠢᠨ ᠳᠤᠭ᠎ᠠ ᠪᠠᠨ ᠡᠩ ᠤᠨ ᠦᠶ᠎ᠡ ᠬᠢ ᠠᠴᠠ ᠬᠠᠭᠠᠰ ᠢᠶᠠᠷ ᠪᠠᠭᠠᠰᠬᠠᠬᠤ ᠬᠡᠷᠡᠭᠳᠡᠢ᠃ ᠨᠢᠭᠡ ᠳᠠᠯᠠᠪᠤᠷ ᠺᠢᠨᠣ᠋ | ᠦᠵᠡᠭᠦ ᠴᠠᠭ ᠢ ᠤᠷᠳᠤᠳᠬᠠᠵᠤ᠂ ᠺᠢᠨᠣ᠋ ᠶᠢᠨ ᠳᠢᠩᠭᠢᠮ ᠢ ᠭᠥᠢᠴᠡᠳ ᠴᠡᠪᠡᠷᠯᠡᠨ ᠠᠷᠢᠭᠤᠳᠬᠠᠬᠤ ᠬᠡᠷᠡᠭᠳᠡᠢ᠃ | ᠠᠳᠠᠯᠢ ᠪᠣᠰᠣ ᠺᠢᠨᠣ᠋ ᠶᠢᠨ ᠳᠢᠩᠭᠢᠮ ᠤᠨ ᠴᠠᠭ ᠢ ᠠᠯᠤᠰᠯᠠᠨ ᠳᠤᠬᠢᠷᠠᠭᠤᠯᠵᠤ᠂ ᠦᠵᠡᠭᠴᠢᠳ ᠤᠨ ᠳᠢᠩᠭᠢᠮ ᠳᠤ | ᠤᠷᠤᠵᠤ ᠭᠠᠷᠬᠤ ᠳᠤ ᠴᠤᠭᠯᠠᠷᠠᠬᠤ ᠠᠴᠠ ᠵᠠᠶᠢᠯᠠᠰᠬᠢᠨ᠎ᠡ᠃ | 6. ᠪᠢᠯᠧᠲ ᠬᠤᠳᠠᠯᠳᠤᠨ ᠠᠪᠬᠤ ᠮᠠᠰᠢᠨ᠂ ᠠᠥ᠋ᠲ᠋ᠣ᠋ ᠬᠤᠳᠠᠯᠳᠤᠬᠤ ᠮᠠᠰᠢᠨ᠂ ᠪᠠᠷᠠᠭ᠎ᠠ ᠲᠠᠸᠠᠷ ᠬᠤᠳᠠᠯᠳᠤᠬᠤ | ᠳᠤᠭᠤᠷᠢᠭ᠂ ᠨᠡᠶᠢᠳᠡ ᠶᠢᠨ ᠳᠤᠭᠤᠷᠢᠭ ᠤᠨ ᠰᠠᠭᠤᠳᠠᠯ᠂ ᠤᠷᠤᠬᠤ ᠡᠭᠦᠳᠡ ᠬᠢᠭᠡᠳ ᠨᠡᠶᠢᠳᠡ ᠶᠢᠨ ᠵᠤᠷᠯᠤᠩ ᠵᠡᠷᠭᠡ | ᠭᠤᠤᠯᠳᠠᠯᠭ᠎ᠠ ᠲᠠᠢ ᠭᠠᠵᠠᠷ ᠢ ᠡᠳᠥᠷ ᠪᠤᠯᠭᠠᠨ5 ᠠᠴᠠ ᠳᠡᠭᠡᠭᠰᠢ ᠤᠳᠠᠭ᠎ᠠ ᠠᠷᠴᠢᠵᠤ ᠠᠷᠢᠭᠤᠳᠬᠠᠬᠤ ᠬᠡᠷᠡᠭᠳᠡᠢ᠃ | 7. ᠺᠢᠨᠣ᠋ ᠶᠢᠨ ᠳᠢᠩᠭᠢᠮ ᠤᠨ ᠰᠠᠭᠤᠳᠠᠯ ᠤᠨ ᠳᠥᠰᠢᠯᠭᠡ ᠬᠢᠭᠡᠳ3D ᠨᠢᠳᠥᠨ ᠰᠢᠯ ᠵᠡᠷᠭᠡ ᠦᠵᠡᠭᠴᠢᠳ | ᠤᠨ ᠰᠢᠭᠤᠳ ᠬᠥᠷᠣᠯᠴᠡᠬᠦ ᠪᠤᠳᠠᠰ ᠢ ᠳᠠᠯᠠᠪᠤᠷ ᠪᠤᠯᠭᠠᠨ ᠳᠤ ᠨᠢᠭᠡ ᠤᠳᠠᠭ᠎ᠠ ᠠᠷᠢᠭᠤᠳᠬᠠᠬᠤ ᠬᠡᠷᠡᠭᠳᠡᠢ᠃ |