— ᠬᠤᠨᠠᠨ᠂ ᠭᠦᠢᠯᠢᠨ ᠢᠶᠠᠷ ᠬᠤᠷᠤᠮ ᠵᠤᠭᠠᠴᠠᠭᠠᠳ | ◆ᠨᠠ᠊ · ᠵᠢᠷᠭᠠᠯ | ᠵᠠᠩ ᠵᠢᠶᠠ ᠵᠢᠶᠧ | ᠲᠡᠭᠷᠢ ᠶᠢᠨ ᠲᠣᠤᠷᠠᠬᠢ ᠤᠷᠭᠢᠯ ᠬᠠᠳᠠ ᠬᠤᠷᠠᠨ ᠴᠤᠭᠯᠠᠷᠠᠵᠤ | ᠲᠡᠷᠭᠡᠳᠡᠬᠢ ᠠᠭᠤᠯᠠᠰ ᠲᠡᠷᠢᠭᠦᠨ ᠡᠷᠭᠦᠨ ᠠᠯᠣᠰ ᠢ ᠰᠢᠷᠳᠡᠨᠡᠮ | ᠲᠦᠨᠡᠷ ᠤᠢ ᠪᠠᠯᠠᠷ ᠰᠢᠭᠤᠢ ᠡᠬᠡ ᠭᠠᠵᠠᠷ ᠢ ᠪᠦᠷᠬᠦᠵᠤ | ᠲᠦᠮᠡᠨ ᠤᠷᠭᠤᠮᠠᠯ ᠪᠤᠮᠠᠨ ᠠᠷᠢᠶᠠᠳᠠᠨ ᠦᠵᠡᠰᠭᠦᠯᠡᠩ ᠪᠦᠷᠢᠳᠦᠨᠡᠮ | ᠬᠤᠷ᠎ᠠ ᠤᠰᠤ ᠱᠠᠭᠢᠨ ᠤᠷᠤᠰᠬᠠᠯ ᠪᠤᠯᠠᠭ ᠬᠦᠷᠬᠢᠷᠡᠭᠡᠳ | ᠬᠤᠯᠤᠰᠤ ᠪᠤᠷᠭᠠᠰᠣ ᠢᠭᠴᠤᠷᠠᠨ ᠠᠶᠠᠰ ᠬᠦᠭᠵᠢᠮ ᠡᠷᠭᠦᠨᠡᠮ | ᠬᠤᠯᠠ ᠤᠶᠢᠷ᠎ᠠ ᠶᠢᠨ ᠵᠢᠭᠤᠯᠴᠢᠨ ᠠᠶᠠᠨᠴᠢᠳ ᠲᠦᠭᠦᠨ ᠢᠷᠡᠭᠡᠳ | ᠬᠤᠤᠰ ᠦᠭᠡᠢ ᠭᠤᠶᠤᠮᠰᠤᠭ ᠪᠠᠶᠢᠭᠠᠯᠢ ᠳᠤ ᠰᠣᠭᠳᠣᠭᠤᠷᠠᠨᠠᠮ | ᠲᠢᠶᠠᠨ ᠽᠢ ᠱᠠᠨ ᠠᠭᠤᠯᠠ | ᠭᠤᠷᠪᠠᠨ ᠮᠢᠩᠭᠠᠨ ᠢᠨᠳᠡᠷ ᠢᠶᠠᠷ ᠠᠭᠤᠯᠠᠰ ᠤᠨ ᠤᠷᠤᠢ ᠶᠢ ᠴᠢᠭᠯᠡᠬᠦ ᠳᠤ | ᠭᠠᠴᠢᠭ ᠪᠠᠷᠳᠠᠭ᠎ᠠ ᠭᠦᠨ ᠭᠠᠩᠭ᠎ᠠ ᠨᠤᠭᠤᠳ ᠬᠠᠴᠢᠨ ᠭᠠᠶᠢᠬᠠᠮᠰᠢᠭ | ᠠᠭᠤᠯᠠᠰ ᠤᠨ ᠤᠷᠤᠢ ᠪᠠᠷ ᠡᠭᠦᠯᠡ ᠡᠪᠬᠡᠷᠡᠯᠳᠦᠨ ᠮᠠᠨᠠᠨ ᠲᠤᠨᠤᠯᠵᠠᠬᠤ ᠳᠤ | ᠠᠰᠬ᠎ᠠ ᠴᠠᠪᠴᠢᠯ ᠴᠢᠯᠠᠭᠤᠨ ᠰᠢᠭᠤᠢ ᠵᠦᠢᠯ ᠤᠨ ᠲᠦᠷᠰᠦ ᠲᠤᠳᠤᠷᠠᠨ᠎ᠠ | ᠡᠬᠡ ᠪᠠᠶᠢᠭᠠᠯᠢ ᠶᠢᠨ ᠬᠡᠰᠢᠭ ᠪᠤᠶᠠᠨ ᠢᠶᠠᠷ ᠠᠯᠳᠠᠷ ᠮᠠᠨᠳᠤᠬᠤ ᠳᠤ | ᠡᠷᠡᠭᠦᠯ ᠪᠦᠳᠦᠨ ᠬᠦᠷᠦᠰᠦ ᠰᠢᠷᠣᠢ ᠪᠠᠷ ᠭᠠᠵᠠᠷ ᠤᠰᠤᠨ ᠪᠠᠶᠠᠰᠣᠨ᠎ᠠ | ᠡᠷᠳᠡ ᠡᠳᠦᠭᠡ ᠶᠢᠨ ᠦᠯᠢᠭᠡᠷ ᠲᠤᠮᠤᠭ ᠢ ᠬᠦᠤᠷᠨᠢᠯᠳᠦᠨ ᠰᠠᠭᠤᠬᠤ ᠳᠤ | ᠦᠵᠡᠰᠭᠦᠯᠡᠩ ᠤᠨ ᠰᠠᠶᠢᠠᠬᠨ ᠳᠤ ᠬᠦᠮᠦᠰ ᠤᠨ ᠰᠡᠳᠬᠢᠯ ᠲᠤᠭᠳᠤᠯᠤᠨᠠᠮ | ᠬᠤᠸᠠᠩ ᠱᠢ ᠵᠢᠶᠧ | ᠡᠭᠴᠡ ᠬᠠᠯᠢᠯ ᠬᠠᠳᠠ ᠠᠳᠡ ᠲᠡᠨᠳᠡ ᠰᠡᠬᠦᠶᠢᠯᠴᠡᠭᠡᠳ | ᠡᠯᠳᠡᠪ ᠬᠠᠴᠢᠨ ᠲᠤᠮᠤᠭ ᠨᠢ ᠡᠷᠳᠡᠨᠢᠰ ᠪᠤᠯᠤᠨ ᠶᠠᠷᠢᠭᠳᠠᠨ᠎ᠠ | ᠠᠳᠠᠪᠠᠰᠢ ᠦᠵᠡᠮᠵᠢ ᠤᠢ ᠤᠷᠭᠤᠮᠠᠯ ᠠᠰᠣᠷᠣ ᠵᠤᠬᠢᠴᠠᠭᠠᠳ | ᠠᠭᠯᠠᠭ ᠪᠢᠳᠡᠭᠦᠦ ᠬᠠᠶᠢᠷᠬᠠᠨ ᠭᠠᠶᠢᠬᠠᠰᠢ ᠲᠦᠷᠦᠭᠳᠡᠭᠦᠯᠦᠨ᠎ᠡ | ᠬᠤᠸᠠᠩ ᠱᠢ ᠵᠢᠶᠧ ᠶᠢᠨ ᠠᠭᠤᠯᠠ ᠤᠰᠤ ᠶᠢ ᠪᠠᠷᠠᠯᠠᠬᠤ ᠳᠤ | ᠬᠤᠪᠢᠯᠠᠢ ᠬᠠᠭᠠᠨ ᠤ ᠦᠯᠢᠭᠡᠷ ᠲᠡᠤᠬᠡ ᠲᠤᠷᠠᠰᠣᠭᠳᠠᠨᠠ | ᠬᠤᠨᠠᠨ ᠭᠠᠵᠠᠷ ᠤᠨ ᠡᠯᠳᠡᠪ ᠢ ᠰᠣᠨᠢᠷᠬᠠᠬᠤ ᠳᠤ | ᠬᠤᠶᠢᠳᠤ ᠤᠷᠤᠨ ᠤ ᠡᠷᠡᠯᠬᠡᠭ ᠰᠦᠷ ᠱᠠᠭᠰᠢᠭᠳᠠᠨᠠ | ᠦᠬᠡᠷ ᠴᠢᠯᠠᠭᠤ | ᠠᠭᠤᠯᠠᠨ ᠬᠠᠪᠴᠢᠯ ᠤᠨ ᠭᠤᠤᠯ ᠭᠤᠷᠤᠬ᠎ᠠ ᠬᠤᠷᠬᠢᠷᠠᠨ | ᠠᠶᠤᠯ ᠪᠠᠷᠳᠠᠭ᠎ᠠ ᠲᠦᠮᠡᠨ ᠤᠨ ᠢ ᠭᠡᠷᠡᠴᠢᠯᠡᠨ᠎ᠡ | ᠵᠠᠮ ᠤᠨ ᠵᠠᠬ᠎ᠠ ᠳᠤ ᠦᠬᠡᠷ ᠴᠢᠯᠠᠭᠤ ᠲᠦᠩᠬᠦᠶᠢᠭᠡᠳ | ᠵᠤᠷᠴᠢᠨ ᠵᠤᠭᠠᠴᠠᠭᠰᠠᠳ ᠲᠤ ᠦᠯᠢᠭᠡᠷ ᠬᠠᠭᠤᠴᠢᠯᠠᠨ᠎ᠠ | ᠮᠡᠤ ᠽᠧ ᠳ᠋ᠦᠩ ᠲᠡᠷᠢᠭᠦᠯᠡᠭᠴᠢ ᠶᠢᠨ ᠨᠠᠰᠣ ᠪᠠᠷᠠᠭᠰᠠᠨ ᠵᠢᠯ | ᠲᠡᠭᠷᠢ ᠠᠴᠠ ᠲᠠᠰᠣᠷᠠᠵᠤ ᠢᠷᠡᠭᠰᠡᠨ ᠦᠬᠡᠷ ᠴᠢᠯᠠᠭᠤ ᠭᠡᠨ᠎ᠡ | ᠮᠠᠨ᠎ᠠ ᠬᠦᠳᠡᠩᠳᠣ ᠠᠭᠤᠯᠠ ᠶᠢᠨ ᠴᠢᠯᠠᠭᠤᠳ ᠤᠨ | ᠮᠦᠷᠦᠭᠡᠳᠦᠨ ᠰᠠᠨᠠᠭᠠᠯᠵᠠᠭᠰᠠᠨ ᠨᠢᠯᠪᠣᠰᠣᠨ ᠲᠤᠰᠤᠯ ᠤᠨ ᠭᠡᠷᠡᠴᠢ ᠭᠡᠨ᠎ᠡ | ᠲᠡᠭᠷᠢ ᠶᠢᠨ ᠲᠣᠤᠷᠠᠬᠢ ᠲᠡᠷᠢᠭᠦᠨ ᠱᠠᠳᠣ | ᠬᠠᠯᠢᠯ ᠪᠤᠰᠤᠭ᠎ᠠ ᠭᠤᠷᠪᠠᠨ ᠵᠠᠭᠤᠨ ᠮᠧᠲᠷ ᠤᠨ ᠡᠭᠴᠡ ᠱᠠᠳᠣ ᠪᠠᠷ | ᠬᠠᠷᠠᠭ᠎ᠠ ᠬᠠᠯᠳᠤᠷᠢᠮ᠎ᠠ ᠠᠭᠤᠯᠠᠨ ᠤᠷᠤᠢ ᠶᠢ ᠰᠣᠮᠣᠳᠤᠨᠠ | ᠶᠢᠰᠦᠨ ᠦᠩᠭᠡ ᠶᠢᠨ ᠬᠠᠳᠠᠳ ᠢ ᠪᠠᠭ᠋ᠠᠷᠬᠠᠵᠤ | ᠶᠡᠷᠡᠨ ᠰᠧᠺᠦᠨ᠋ᠲ ᠤᠨ ᠬᠤᠷᠤᠮ ᠵᠠᠢ ᠳᠤ ᠠᠶᠤᠳᠠᠰᠣ ᠲᠦᠷᠦᠭᠳᠡᠨ᠎ᠡ | ᠲᠡᠭᠷᠢ ᠶᠢᠨ ᠲᠣᠤᠷᠠᠬᠢ ᠲᠡᠷᠢᠭᠦᠨ ᠱᠠᠳᠣ ᠭᠡᠵᠤ | ᠲᠡᠷᠭᠡᠳᠡᠬᠢ ᠴᠢᠯᠠᠭᠤᠨ ᠳᠤ ᠲᠤᠷᠠᠶᠢᠳᠠᠯ᠎ᠠ ᠪᠢᠴᠢᠨ᠎ᠡ | ᠲᠦᠷᠦ ᠤᠯᠤᠰ ᠤᠨ ᠤᠳᠤᠷᠢᠳᠤᠭᠴᠢ ᠠᠶᠢᠯᠴᠢᠯᠠᠯ᠎ᠠ ᠭᠡᠵᠤ | ᠲᠡᠨᠳᠡᠬᠢ ᠬᠦᠮᠦᠰ ᠵᠢᠷᠤᠭ ᠢ ᠨᠢ ᠭᠠᠶᠢᠬᠠᠭᠤᠯᠤᠨ᠎ᠠ | ᠶᠤᠸᠠᠨ ᠵᠢᠶᠠ ᠵᠢᠶᠧ | ᠪᠠᠶᠢᠭᠠᠯᠢ ᠤᠷᠴᠢᠨ ᠤ ᠦᠵᠡᠮᠵᠢ ᠶᠢ ᠱᠠᠭᠰᠢᠬᠤ ᠳᠤ | ᠬᠦᠮᠦᠨ ᠤ ᠨᠤᠳᠤᠭ ᠤᠨ ᠤᠬᠠᠭᠠᠨ ᠢ ᠦᠨᠡᠮᠰᠢᠨ᠎ᠡ | ᠡᠭᠡᠭᠡ ᠠᠳᠠᠯᠢᠬᠠᠨ ᠭᠠᠵᠠᠷ ᠤᠰᠤᠨ ᠳᠤ | ᠦᠰᠦᠳ ᠦᠭᠡᠷ᠎ᠡ ᠲᠤᠮᠤᠭ ᠲᠡᠤᠬᠡ ᠶᠠᠷᠢᠭᠳᠠᠨ᠎ᠠ | ᠪᠠᠷᠠᠭᠤᠨ ᠠᠭᠤᠯᠠ ᠶᠢ ᠨᠢ ᠠᠷᠠᠢ ᠰᠤᠨᠢᠷᠬᠠᠭᠠᠳ ᠶᠠᠪᠤᠳᠠᠯ᠎ᠠ | ᠪᠠᠰᠠ ᠨᠢᠭᠡᠨ ᠦᠵᠡᠮᠵᠢ ᠪᠤᠢ ᠭᠡᠵᠤ ᠲᠤᠬᠢᠶ᠎ᠠ ᠲᠠᠮᠵᠢᠭᠤᠯᠤᠨ᠎ᠠ | ᠪᠠᠷ᠎ᠠ ᠪᠠᠷ᠎ᠠ ᠪᠠᠨ ᠬᠠᠷᠠᠭᠰᠠᠨ ᠬᠠᠳᠠ ᠬᠠᠶᠢᠷᠬᠠᠨ ᠨᠤᠭᠤᠳ ᠢ | ᠪᠠᠶᠢᠴᠠ ᠪᠠᠶᠢᠴᠠ ᠪᠠᠷ ᠨᠢ ᠨᠡᠷ᠎ᠡ ᠬᠠᠶᠢᠷᠠᠯᠠᠨ ᠬᠦᠷᠦᠩᠰᠢᠨᠡ | ᠡᠾᠧ ᠯᠦᠩ ᠴᠡᠴᠡᠷᠯᠢᠭ | ᠦᠨᠳᠦᠷ ᠠᠭᠤᠯᠠᠰ ᠤᠨ ᠬᠠᠪᠴᠢᠯ ᠳᠤ ᠴᠡᠴᠡᠷᠯᠢᠭ ᠤᠨ ᠡᠭᠦᠳᠡ ᠰᠡᠬᠦᠶᠢᠵᠤ | ᠦᠳᠬᠡᠨ ᠮᠠᠨᠠᠨ ᠤ ᠲᠤᠮᠳᠠ ᠠᠴᠠ ᠱᠣᠭᠤᠮᠠᠯ ᠬᠦᠷᠦᠭ ᠲᠤᠳᠤᠷᠠᠨᠠᠮ | ︽ᠬᠤᠨᠠᠨ ᠭᠠᠵᠠᠷ ᠤᠨ ᠪᠠᠭᠠᠳᠣᠷ ᠡᠷ᠎ᠡ︾ ᠶᠢ ᠪᠠᠭ᠋ᠠᠷᠬᠠᠨ ᠬᠦᠨᠳᠦᠳᠬᠡᠵᠤ | ᠬᠤᠷᠠᠭᠰᠠᠨ ᠤᠯᠠᠨ ᠵᠢᠷᠤᠭ ᠲᠠᠳᠠᠨ ᠠᠴᠢ ᠭᠠᠪᠢᠶ᠎ᠠ ᠶᠢ ᠨᠢ ᠲᠤᠷᠠᠰᠬᠠᠨᠠᠮ | ᠨᠠᠰᠣᠨ ᠲᠤᠷᠰᠢᠳᠠ ᠨᠠᠮ ᠤᠯᠤᠰ ᠲᠤ ᠪᠠᠨ ᠵᠢᠳᠬᠦᠭᠡᠳ | ᠨᠤᠳᠤᠭ ᠤᠰᠤ ᠪᠠᠨ ᠡᠷᠭᠢᠨ ᠦᠵᠡᠵᠤ ᠡᠰᠡ ᠠᠮᠵᠢᠪᠠᠢ | ᠨᠢᠩᠵᠢᠨ ᠰᠡᠳᠬᠢᠯᠳᠣ ᠬᠤᠶᠢᠴᠢᠰ ᠨᠢᠬᠦ᠋ᠰᠢᠶᠡ ᠪᠣᠰᠬᠠᠭᠠᠳ | ᠨᠢᠭᠡᠨ ᠦᠶ᠎ᠡ ᠶᠢᠨ ᠠᠭᠤᠤ ᠬᠦᠮᠦᠨ ᠢ ᠲᠠᠶᠠᠩ ᠳᠤ ᠲᠤᠩᠬᠠᠭᠯᠠᠪᠠᠢ | ᠮᠢᠶᠣᠤ ᠦᠨᠳᠦᠰᠦᠳᠡᠨ ᠤ ᠲᠤᠰᠬᠤᠨ | ᠲᠡᠭᠷᠢ ᠶᠢ ᠪᠠᠭᠠᠨᠠᠳᠠᠭᠰᠠᠨ ᠠᠭᠤᠯᠠ ᠶᠢᠨ ᠬᠠᠵᠠᠭᠤ ᠳᠤ | ᠲᠠᠷᠢᠶᠠᠴᠢᠨ ᠡᠷ᠎ᠡ ᠲᠠᠭᠤᠤ ᠭᠢᠩᠰᠢᠨ ᠵᠤᠭᠰᠣᠨ᠎ᠠ | ᠲᠡᠷᠳᠡᠭᠡ ᠬᠠᠷᠠᠭᠳᠠᠬᠤ ᠬᠦᠬᠡ ᠬᠡᠷ ᠲᠤ ᠬᠦᠷᠬᠦᠯᠡᠷ | ᠲᠦᠷᠪᠡ ᠲᠠᠪᠤᠨ ᠠᠶᠢᠯ ᠡᠷᠦᠬᠡ ᠰᠠᠭᠤᠷᠢᠰᠢᠨ᠎ᠠ | ᠡᠷᠳᠡ ᠤᠵᠠᠭᠤᠷ ᠠᠴᠠ ᠨᠤᠳᠤᠭᠰᠢᠨ ᠠᠮᠢᠳᠤᠷᠠᠭᠰᠠᠨ | ᠡᠮᠦᠨ᠎ᠡ ᠭᠠᠵᠠᠷ ᠤᠨ ᠮᠢᠶᠣᠤ ᠦᠨᠳᠦᠰᠦᠳᠡᠨ ᠠᠯᠳᠠᠷᠳᠠᠢ | ᠤᠨ ᠲᠤᠭᠠᠯᠠᠯ ᠢ ᠡᠪᠬᠡᠵᠤ ᠲᠤᠭᠤᠯᠤᠭᠰᠠᠨ | ᠡᠷᠡᠰ ᠬᠠᠳᠠᠭᠤ ᠵᠤᠷᠢᠭ ᠰᠦᠰᠦ ᠨᠢ ᠪᠢᠰᠢᠷᠡᠯᠳᠠᠢ | ᠠᠷᠪᠠᠨ ᠭᠠᠵᠠᠷ ᠤᠨ ᠵᠢᠷᠤᠭ ᠤᠨ ᠶᠢᠷᠳᠢᠨᠴᠤ | ᠠᠭᠤᠯᠠᠨ ᠬᠠᠪᠴᠢᠯ ᠤᠨ ᠲᠡᠮᠤᠷ ᠵᠠᠮ ᠢᠶᠠᠷ ᠠᠶᠠᠯᠠᠬᠤ ᠳᠤ | ᠠᠷᠪᠠᠨ ᠦᠩᠭᠡ ᠶᠢᠨ ᠰᠣᠯᠣᠩᠭ᠎ᠠ ᠮᠢᠷᠠᠯᠵᠠᠨ᠎ᠠ | ᠡᠷᠭᠢᠨ ᠲᠤᠭᠤᠷᠢᠨ ᠢ ᠠᠵᠢᠭᠯᠠᠨ ᠦᠵᠡᠬᠦ ᠳᠤ | ᠡᠯᠳᠡᠪ ᠠᠷᠢᠶᠠᠳᠠᠨ ᠲᠠᠶᠢᠪᠤᠩ ᠲᠤᠭᠯᠠᠨ᠎ᠠ | ᠬᠠᠮᠤᠭ ᠦᠵᠡᠮᠵᠢ ᠪᠦᠷᠢᠳᠦᠭᠰᠡᠨ ᠡᠨᠡ ᠭᠠᠵᠠᠷ ᠢ | ᠬᠤᠷᠸ᠎ᠠ ᠪᠠᠶᠢᠭᠠᠯᠢ ᠶᠢᠨ ᠵᠢᠷᠤᠭ ᠬᠡᠮᠡᠨ ᠪᠢᠴᠢᠭᠯᠡᠨ᠎ᠡ | ︽ᠪᠢᠴᠢᠨ ᠪᠠᠭᠰᠢ︾ ︽ᠠᠫᠠᠨᠲ︾ ᠤᠨ ᠦᠯᠢᠭᠡᠷ ᠢ | ᠪᠢᠳᠡᠨ ᠤ ᠨᠤᠳᠤᠭ ᠲᠤ ᠵᠢᠷᠣᠭᠯᠠᠪᠠ ᠬᠡᠮᠡᠨ ᠤᠯᠵᠤᠭᠤᠷᠬᠠᠨᠠ | ᠲᠡᠷᠢᠭᠦᠨ ᠬᠠᠴᠢᠨ ᠠᠭᠤᠯᠠ | ᠠᠭᠤᠯᠠ ᠤᠰᠤ ᠶᠢ ᠪᠠᠭ᠋ᠠᠳᠤᠨ ᠤᠷᠮ᠎ᠠ ᠲᠠᠢ ᠠᠶᠠᠯᠠᠬᠤ ᠳᠤ | ᠠᠭᠤᠷ ᠠᠮᠢᠰᠬᠤᠯ ᠪᠤᠬᠢᠨᠢᠳᠤᠭᠰᠠᠨ ᠴᠡᠭᠡᠵᠢ ᠶᠢ ᠠᠭᠤᠵᠢᠷᠠᠭᠤᠯᠤᠨ᠎ᠠ | ᠲᠦᠮᠡᠨ ᠦᠵᠡᠮᠵᠢ ᠬᠤᠯᠠ ᠤᠶᠢᠷ᠎ᠠ ᠶᠢ ᠰᠣᠨᠢᠷᠬᠠᠬᠤ ᠳᠤ | ᠲᠡᠭᠷᠢ ᠶᠢᠨ ᠲᠣᠤᠷᠠᠬᠢ ᠲᠡᠷᠢᠭᠦᠨ ᠠᠭᠤᠯᠠ ᠬᠠᠷᠠᠭᠠᠨ ᠳᠤ ᠢᠯᠡᠷᠡᠨ᠎ᠡ | ᠲᠦᠷᠦ ᠶᠢᠨ ᠤᠳᠤᠷᠢᠳᠤᠭᠴᠢ ᠠᠭᠰᠠᠨ ᠬᠤᠸᠠ ᠭᠦᠸᠧ ᠹᠧᠩ ᠤᠨ | ᠲᠠᠳᠠᠯᠭᠠᠨ ᠪᠢᠴᠢᠭᠰᠡᠨ ᠤᠷᠢᠳᠤ ᠶᠢᠨ ᠪᠢᠴᠢᠭᠡᠰᠦ ᠶᠢ ᠬᠢᠴᠢᠶᠡᠩᠭᠦᠶᠢᠯᠡᠨᠡ | ᠲᠦᠮᠡᠨ ᠢᠷᠭᠡᠳ ᠤᠨ ᠬᠠᠷᠠᠭ᠎ᠠ ᠶᠢ ᠮᠢᠯᠢᠶᠠᠨ ᠴᠤᠭᠴᠠᠯᠠᠭᠠᠳ | ᠲᠦᠷᠦᠭᠰᠡᠨ ᠨᠤᠳᠤᠭ ᠤᠨ ᠢᠶᠠᠨ ᠰᠦᠷ ᠰᠦᠯᠳᠡ ᠪᠠᠷ ᠲᠡᠭᠡᠵᠢᠯᠡᠨᠡ | ᠵᠤᠭᠠᠴᠠᠯ | ᠵᠠᠩ ᠵᠢᠶᠠ ᠵᠢᠶᠧ ᠶᠢᠨ ᠵᠤᠭᠠᠴᠠᠯ ᠲᠠᠶᠠᠩ ᠳᠤ ᠴᠤᠣᠳᠠᠢ | ᠵᠢᠯ ᠪᠦᠷᠢ ᠶᠢᠨ ᠵᠤᠴᠢᠳ ᠭᠤᠷᠪᠠᠨ ᠮᠢᠩᠭᠠᠨ ᠲᠦᠮᠡ ᠭᠡᠨ᠎ᠡ | ᠨᠢᠭᠡ ᠯᠡ ᠰᠢᠶᠠᠨ ᠤ ᠤᠷᠤᠯᠭ᠎ᠠ ᠵᠠᠭᠤ ᠵᠢᠷᠠᠨ ᠳ᠋ᠦᠩᠰᠢᠭᠤᠷ ᠲᠦᠭᠦᠷᠢᠭ | ᠨᠠᠷᠢᠪᠴᠢᠯᠠᠨ ᠰᠣᠨᠣᠰᠣᠭᠠᠳ ᠪᠣᠳᠣᠪᠠᠯ ᠲᠤᠯᠤᠭᠠᠢ ᠰᠠᠵᠢᠨ᠎ᠠ | ᠠᠰᠢᠭ ᠤᠷᠤᠯᠭ᠎ᠠ ᠨᠡᠮᠡᠭᠳᠡᠭᠡᠳ ᠠᠷᠠᠳ ᠢᠷᠭᠡᠳ ᠪᠠᠶᠠᠨ | ᠠᠳᠠᠭ ᠶᠠᠳᠠᠭᠤ ᠡᠷᠦᠬᠡ ᠨᠢ ᠲᠠᠪᠢᠨ ᠲᠦᠮᠡᠨ ᠲᠦᠭᠦᠷᠢᠭ ᠲᠠᠢ ᠭᠡᠨ᠎ᠡ | ᠡᠬᠡ ᠪᠠᠶᠢᠭᠠᠯᠢ ᠶᠢᠨ ᠬᠡᠰᠢᠭ ᠢᠶᠠᠷ ᠬᠦᠷᠦᠩᠭᠡ ᠵᠤᠵᠠᠭᠠᠷᠠᠭᠰᠠᠨ ᠨᠤᠳᠤᠭ | ᠡᠷᠭᠢᠨ ᠵᠤᠭᠠᠴᠠᠬᠤ ᠬᠦᠮᠦᠰ ᠤᠨ ᠰᠡᠭᠡᠭᠡᠷᠡᠨ ᠤᠬᠠᠮᠰᠠᠷᠠᠬᠤ ᠬᠢᠴᠢᠶᠡᠯ | ᠭᠦᠢᠯᠢᠨ ᠳᠤ | ᠠᠭᠤᠯᠠ ᠶᠢᠨ ᠤᠷᠭᠤᠮᠠᠯ ᠨᠤᠭᠤᠭᠠᠷᠠᠨ ᠵᠤᠨ ᠤ ᠠᠮᠢᠰᠬᠤᠯ ᠰᠡᠪᠡᠯᠵᠡᠵᠤ | ᠤᠰᠤᠨ ᠤ ᠰᠢᠪᠠᠭᠤᠳ ᠤᠯᠠᠷᠢᠯ ᠤᠨ ᠰᠠᠶᠢᠬᠠᠨ ᠢ ᠮᠡᠳᠡᠭᠡᠯᠡᠨ᠎ᠡ | ᠯᠢ ᠵᠢᠶᠠᠩ ᠮᠦᠷᠡᠨ ᠳᠤ ᠤᠩᠭᠤᠴᠠ ᠲᠠᠷᠪᠠᠭᠤᠯ ᠴᠦᠷᠬᠦᠯᠡᠭᠡᠳ | ᠨᠤᠳᠤᠭ ᠤᠨ ᠰᠢᠳᠢ ᠶᠢ ᠬᠦᠮᠦᠰ ᠲᠤ ᠦᠨᠡᠮᠰᠢᠭᠦᠯᠦᠨ᠎ᠡ | ᠲᠦᠷᠪᠡᠨ ᠵᠦᠭ ᠢ ᠠᠵᠢᠭᠯᠠᠬᠤ ᠳᠤ ᠴᠡᠯᠭᠡᠮ᠎ᠡ ᠨᠤᠭᠤᠭᠠᠨ ᠦᠵᠡᠮᠵᠢ | ᠲᠠᠷᠪᠠᠭᠤᠯ ᠬᠡᠶᠢᠰᠭᠡᠨ ᠠᠶᠠᠯᠠᠬᠤ ᠳᠤ ᠴᠡᠴᠡᠭᠳᠤ ᠡᠷᠭᠢ ᠡᠮᠵᠢᠶᠡᠷᠢᠯᠡᠨᠡ | ᠬᠤᠪᠤᠷᠬᠠᠨ ᠰᠠᠶᠢᠬᠠᠨ ᠠᠭᠤᠯᠠ ᠬᠠᠶᠢᠷᠬᠠᠨ ᠮᠦᠷᠡᠨ ᠳᠤ ᠲᠤᠯᠢᠳᠠᠭᠠᠳ | ᠬᠤᠷᠸ᠎ᠠ ᠶᠢᠨ ᠬᠠᠴᠢᠨ ᠭᠠᠶᠢᠬᠠᠮᠰᠢᠭ ᠬᠠᠷᠠᠭᠠᠨ ᠳᠤ ᠮᠢᠷᠠᠯᠵᠠᠨ᠎ᠠ | ᠵᠢᠩ ᠵᠢᠶᠠᠩ ᠸᠠᠩ ᠤᠨ ᠤᠷᠳᠤᠨ | ᠨᠤᠶᠠᠳ ᠤᠨ ᠰᠠᠭᠤᠭᠰᠠᠨ ᠤᠷᠳᠤᠨ ᠢᠶᠠᠨ ᠲᠡᠤᠬᠡ ᠬᠡᠮᠡᠨ ᠦᠮᠴᠢᠷᠬᠡᠵᠤ | ᠨᠡᠶᠢᠰᠯᠡᠯ ᠬᠤᠳᠠᠨ ᠤ ᠪᠠᠭᠤᠴᠠ ᠭᠡᠵᠤ ᠤᠮᠤᠭᠰᠢᠨ ᠬᠠᠭᠤᠴᠢᠯᠠᠨ᠎ᠠ | ᠵᠢᠷᠠᠨ ᠨᠤᠶᠠᠳ ᠤᠨ ᠬᠦᠷᠦᠭ ᠢᠶᠠᠷ ᠵᠢᠷᠣᠬᠠᠢ ᠲᠦᠯᠭᠡ ᠲᠡᠯᠭᠡᠵᠤ | ᠵᠤᠷᠴᠢᠨ ᠵᠤᠭᠠᠴᠠᠭᠰᠠᠳ ᠤᠨ ᠬᠤᠪᠢ ᠵᠠᠶᠠᠭ᠎ᠠ ᠶᠢ ᠠᠶᠢᠯᠠᠳᠣᠨᠠ | ᠲᠦᠷᠦ ᠭᠦᠷᠦᠨ ᠤ ᠶᠡᠬᠡᠰ ᠪᠠᠭ᠋ᠠᠷᠬᠠᠨ ᠦᠵᠡᠭᠰᠡᠨ ᠭᠠᠵᠠᠷ | ᠲᠤᠭᠤᠭᠠᠨᠳᠡᠮᠤᠷ᠂ ᠰᠦᠨ ᠵᠦᠩ ᠱᠠᠨ ᠨᠤᠮ ᠪᠢᠰᠢᠯᠭᠠᠭᠰᠠᠨ ᠤᠷᠳᠣᠨ | ᠦᠭᠡᠷᠡᠴᠢᠯᠡᠯᠳᠡ ᠰᠢᠨᠡᠴᠢᠯᠡᠯᠳᠡ ᠶᠢ ᠵᠠᠭᠤᠨ ᠤ ᠴᠠᠭᠠᠨ᠎ᠠ ᠰᠡᠳᠦᠵᠤ | ᠡᠳᠦᠭᠡ ᠴᠠᠭ ᠤᠨ ᠬᠦᠮᠦᠰ ᠲᠤ ᠤᠬᠠᠭᠠᠨ ᠪᠤᠳᠣᠯ ᠢᠪᠡᠭᠡᠨ᠎ᠡ | ᠲᠡᠤᠬᠡ ᠰᠣᠳᠣᠷ ᠢ ᠲᠡᠯᠭᠡᠨ ᠦᠯᠢᠭᠡᠷ ᠰᠣᠨᠣᠰᠬᠤ ᠳᠤ | ᠲᠦᠷᠦᠭᠦᠴᠢ ᠶᠢᠨ ᠬᠦᠮᠦᠰ ᠤᠨ ᠤᠯᠠ ᠮᠦᠷ ᠲᠤᠳᠣᠷᠠᠨᠠ | ᠲᠠᠬᠢᠯ ᠡᠷᠭᠦᠨ ᠬᠦᠵᠢ ᠰᠢᠳᠠᠭᠠᠭᠴᠢ ᠶᠢ ᠠᠵᠢᠭᠯᠠᠬᠤ ᠳᠤ | ᠲᠠᠪᠤᠨ ᠲᠦᠷᠦᠯ ᠤᠨ ᠰᠠᠶᠢᠨ ᠪᠦᠬᠦᠨ ᠢ ᠨᠠᠮᠠᠨᠴᠢᠯᠠᠨ᠎ᠠ | ᠤᠷᠭᠤᠭ᠎ᠠ ᠮᠤᠳᠣᠨ ᠤ ᠨᠠᠮᠠᠭ᠎ᠠ ᠰᠠᠯᠠᠭ᠎ᠠ ᠶᠢ ᠯᠤᠣ ᠭᠠᠷᠣᠳᠢ ᠪᠠᠷ ᠲᠤᠮᠤᠭᠯᠠᠵᠤ | ᠤᠰᠤ ᠭᠤᠤᠯ ᠤᠨ ᠬᠦᠷᠬᠢᠷ᠎ᠡ ᠪᠠᠷ ᠡᠵᠡᠨ ᠰᠠᠬᠢᠭᠤᠰᠣ ᠪᠠᠨ ᠰᠢᠳᠢᠴᠢᠯᠡᠨᠡ | ᠡᠷᠳᠡᠮᠳᠡᠨ ᠮᠡᠷᠭᠡᠳ ᠤᠨ ᠰᠢᠯᠭᠠᠭᠤᠯᠢ ᠪᠠᠷ ᠬᠦᠮᠦᠰ ᠢ ᠭᠤᠬᠠᠳᠠᠵᠤ | ᠡᠭᠦᠳᠡᠨ ᠪᠢᠯᠧᠲ ᠨᠤᠮ ᠤᠨ ᠬᠠᠭᠤᠳᠠᠰᠣ ᠪᠠᠷᠮᠦ᠋ᠩᠭᠦ ᠬᠤᠷᠠᠮᠳᠤᠭᠤᠯᠤᠨ᠎ᠠ | ᠪᠠᠶᠠᠳ ᠤᠨ ᠭᠤᠳᠣᠮᠵᠢ | ᠠᠭᠤᠯᠠ ᠪᠠᠨ ᠲᠦᠰᠢᠨ ᠪᠠᠶᠢᠷᠢᠯᠠᠭᠰᠠᠨ ᠬᠤᠳᠠ ᠭᠠᠵᠠᠷ ᠬᠦᠭᠵᠢᠶᠡᠨ ᠲᠠᠢ | ᠤᠰᠤ ᠪᠠᠨ ᠲᠠᠭᠠᠨ ᠰᠣᠨᠣᠯᠵᠠᠭᠰᠠᠨ ᠠᠶᠢᠯ ᠤᠨ ᠰᠠᠭᠤᠴᠠ ᠣᠨᠴᠠᠯᠢᠭ ᠲᠠᠢ | ᠲᠤᠳᠣᠭᠠᠳᠣ ᠭᠠᠳᠠᠭᠠᠳᠣ ᠶᠢᠨ ᠬᠦᠮᠦᠰ ᠤᠨ ᠤᠷᠤᠯᠭ᠎ᠠ ᠦᠯᠡᠮᠵᠢ ᠭᠠᠵᠠᠷ | ᠲᠤᠭᠤᠷᠢᠨ ᠵᠤᠭᠠᠴᠠᠭᠰᠠᠳ ᠤᠨ ᠮᠦᠩᠭᠦ ᠶᠢ ᠬᠤᠷᠤᠶᠢᠯᠠᠬᠤ ᠠᠷᠠᠯᠵᠢᠶ᠎ᠠ | ᠡᠯᠳᠡᠪ ᠵᠦᠢᠯ ᠤᠨ ᠪᠠᠷᠠᠭ᠎ᠠ ᠡᠭᠦᠳᠡ ᠪᠦᠬᠦᠨ ᠢᠶᠠᠷ ᠬᠠᠷᠠᠭᠳᠠᠬᠤ ᠳᠤ | ᠦᠪᠡᠷ ᠦᠪᠡᠷ ᠤᠨ ᠪᠠᠭᠤᠴᠠ ᠪᠠᠨ ᠲᠡᠩᠬᠡᠭᠡ ᠮᠡᠳᠡᠨ ᠶᠠᠷᠢᠨ᠎ᠠ | ᠬᠡᠯᠡᠭᠡᠳ ᠴᠢᠳᠠᠪᠠᠯ ᠲᠤᠨᠳᠠᠷᠠᠬᠤ ᠶᠠᠭᠤᠮ᠎ᠠ ᠦᠭᠡᠢ ᠭᠡᠳᠡᠭ ᠢ | ᠭᠦᠢᠯᠢᠨ ᠬᠤᠳᠠ ᠶᠢᠨ ᠵᠠᠬ᠎ᠠ ᠲᠡᠯᠭᠡᠭᠦᠷ ᠤᠴᠢᠷᠯᠠᠨ᠎ᠠ | ᠦᠬᠡᠷ ᠤᠨ ᠰᠦᠷᠦᠭ | ᠭᠦᠢᠯᠢᠨ ᠤ ᠠᠭᠤᠯᠠᠰ ᠢ ᠲᠤᠭᠤᠷᠢᠨ ᠪᠠᠭ᠋ᠠᠷᠬᠠᠬᠤ ᠳᠤ | ᠦᠬᠡᠷ ᠤᠨ ᠰᠦᠷᠦᠭ ᠬᠠᠷᠠᠭᠠᠨ ᠳᠤ ᠤᠶᠢᠷᠠᠳᠣᠨᠠ | ᠬᠦᠳᠡᠭᠡ ᠬᠡᠭᠡᠷ᠎ᠡ ᠶᠢᠨ ᠭᠤᠤᠯ ᠤᠨ ᠪᠡᠯᠴᠢᠭᠡᠷ ᠲᠤ | ᠦᠶᠦᠭ ᠲᠠᠪᠠᠳᠠᠢ ᠲᠠᠶᠢᠪᠣᠭᠤᠨ ᠪᠡᠯᠴᠢᠨ᠎ᠡ | ᠤᠯᠠᠭᠠᠨ ᠲᠠᠷᠯᠠᠨ ᠵᠢᠰᠦᠮ ᠠᠳᠠᠯᠢᠬᠠᠨ ᠦᠬᠡᠷ ᠤᠨ ᠰᠦᠷᠦᠭ | ᠤᠷᠢᠳᠣ ᠠᠴᠠ ᠶᠡᠷᠦ ᠨᠢ ᠮᠠᠨ ᠤ ᠨᠤᠳᠤᠭ ᠤᠨ ᠡᠭᠦᠯᠳᠡᠷ ᠠᠵᠢ | ᠤᠨ ᠲᠤᠭᠠᠯᠠᠯ ᠬᠡᠴᠢᠨᠡᠭᠡᠨ ᠵᠠᠭᠤᠨ ᠦᠩᠭᠡᠷᠡᠨ ᠤᠳᠤᠭᠰᠠᠨ ᠴᠦ | ᠤᠳᠤᠮ ᠰᠢᠨᠵᠢ ᠨᠢ ᠲᠦᠷᠦᠯ ᠢᠶᠠᠨ ᠠᠯᠳᠠᠭᠰᠠᠨ ᠦᠭᠡᠢ | ᠮᠦᠩᠭᠦᠨ ᠬᠠᠳᠠᠭ | ᠨᠢᠰᠬᠦ ᠤᠩᠭᠤᠴᠠ ᠠᠯᠤᠰ ᠢ ᠴᠢᠭᠯᠡᠨ ᠱᠣᠤᠭᠢᠨ ᠲᠠᠪᠬᠢᠬᠤ ᠳᠤ | ᠨᠢᠳᠤᠨ ᠤ ᠪᠠᠷ᠎ᠠ ᠴᠠᠭᠠᠨ ᠡᠭᠦᠯᠡ ᠬᠦᠪᠪᠦᠯᠵᠡᠨ ᠤᠯᠠᠷᠢᠨᠠ | ᠨᠠᠮᠤᠷ ᠴᠠᠭ ᠤᠨ ᠲᠠᠭᠤᠤ ᠶᠢ ᠭᠢᠩᠰᠢᠨ ᠨᠤᠮ ᠤᠷᠪᠠᠭᠤᠯᠬᠤ ᠳᠤ | ᠨᠠᠮᠤᠭ ᠲᠠᠷᠢᠶ᠎ᠠ ᠰᠢᠭ᠋ ᠲᠠᠪᠠᠷᠠᠭᠠ ᠲᠠᠳᠠᠨ ᠨᠡᠯᠦᠶᠢᠨ᠎ᠡ | ᠡᠭᠦᠯᠡ ᠠᠶᠠᠷᠯᠠᠨ ᠨᠠᠷᠠᠨ ᠤ ᠭᠡᠷᠡᠯ ᠲᠤᠯᠠᠶᠢᠬᠤ ᠳᠤ | ᠡᠬᠡ ᠭᠠᠵᠠᠷ ᠪᠦᠷᠦᠭ ᠪᠠᠷᠤᠭ ᠰᠦᠮᠡᠯᠵᠡᠨ᠎ᠡ | ᠮᠤᠷᠤᠯᠵᠠᠨ ᠤᠷᠤᠰᠬᠤ ᠭᠤᠷᠤᠬ᠎ᠠ ᠶᠢᠨ ᠦᠵᠡᠮᠵᠢ ᠶᠢ ᠰᠢᠷᠳᠡᠬᠦ ᠳᠤ | ᠡᠭᠡᠭᠡ ᠠᠳᠠᠯᠢᠬᠠᠨ ᠮᠦᠩᠭᠦᠨ ᠬᠠᠳᠠᠭ ᠨᠠᠮᠢᠯᠵᠠᠨ᠎ᠠ | ᠪᠡᠭᠡᠵᠢᠩ ᠳᠤ | ᠠᠭᠠᠷ ᠤᠨ ᠵᠠᠮ ᠢᠶᠠᠷ ᠲᠦᠷᠪᠡᠨ ᠴᠠᠭ ᠲᠠᠪᠬᠢᠭᠤᠯᠵᠤ | ᠠᠷᠠᠳ ᠤᠨ ᠨᠡᠶᠢᠰᠯᠡᠯ ᠳᠤ ᠪᠠᠨ ᠲᠦᠭᠦᠭᠡᠳ ᠢᠷᠡᠯ᠎ᠡ | ᠠᠭᠠᠳᠠᠷ ᠪᠣᠷᠣᠭᠠᠨ ᠰᠠᠶ᠋ᠢᠬᠠᠨ ᠴᠢᠳᠬᠤᠯᠠᠨ ᠦᠩᠭᠡᠷᠡᠭᠰᠡᠨ ᠴᠦ | ᠠᠭᠤᠳᠠᠮ ᠲᠠᠯᠠᠪᠠᠢ ᠳᠤ ᠬᠦᠮᠦᠨ ᠤ ᠲᠠᠯᠠᠢ ᠲᠠᠪᠠᠯᠭᠠᠯᠠᠨᠠ | ᠠᠷᠪᠠᠨ ᠰᠠᠷ᠎ᠠ ᠶᠢᠨ ᠤᠯᠤᠰ ᠤᠨ ᠪᠠᠶᠠᠷ ᠤᠨ ᠡᠳᠦᠷ ᠢᠶᠠᠨ | ᠠᠭᠤᠤ ᠨᠡᠶᠢᠰᠯᠡᠯ ᠲᠦᠮᠡᠨ ᠦᠵᠡᠮᠵᠢ ᠪᠠᠷ ᠤᠭᠳᠤᠨ᠎ᠠ | ᠠᠵᠠ ᠬᠠᠷᠭᠤᠭᠰᠠᠨ ᠲᠤᠭᠳᠤᠯᠤᠭᠰᠠᠨ ᠰᠡᠳᠬᠢᠯ ᠢ ᠲᠠᠷᠤᠨ ᠶᠠᠳᠠᠵᠤ | ᠠᠰᠠᠷ ᠳᠠᠭᠲᠤ ᠠᠴᠠ ᠭᠦᠷᠦᠨ ᠤ ᠰᠠᠶᠢᠬᠠᠨ ᠢ ᠰᠤᠨᠢᠷᠬᠠᠯ᠎ᠠ᠃ | |