ᠤᠪᠤᠭ᠎ᠠ
ᠨᠡᠶᠢᠲᠡᠯᠡᠭᠰᠡᠨ ᠴᠠᠭ᠄
2019-09-30
     ᠮᠤᠳᠤ᠂ ᠴᠢᠯᠠᠭᠤ᠂ ᠰᠢᠷᠤᠢ᠂ ᠵᠦᠯᠭᠡ ᠵᠡᠷᠭᠡ ᠶᠢ ᠤᠪᠤᠭᠠᠯᠠᠵᠦ ᠴᠤᠬᠴᠠᠯᠠᠬᠰᠡᠨ ᠤᠪᠤᠭᠤᠷ ᠲᠤᠪᠤᠭᠤᠷ ᠶᠠᠭᠤᠮ᠎ᠡ  ᠶᠢ ᠤᠪᠤᠭ᠎ᠠ ᠭᠡᠲᠡᠭ᠃      ᠮᠤᠩᠭᠤᠯᠴᠤᠳ ᠤᠨ ᠡᠷᠲᠡᠨ ᠤ ᠡᠪᠦᠭᠡ ᠲᠡᠭᠡᠳᠣᠰ ᠵᠦᠭ ᠴᠢᠭ᠂ ᠠᠭᠤᠯᠠ ᠤᠰᠤ᠂ ᠡᠭᠡᠷᠡᠮ᠎ᠡ ᠲᠡᠯ᠎ᠡ᠂ ᠭᠤᠪᠢ ᠡᠯᠡᠰᠦ᠂ ᠪᠠᠷᠭᠡ ᠪᠠᠷᠳᠠᠭ᠎ᠠ ᠲᠠᠢ ᠭᠠᠵᠠᠷ ᠢᠶᠠᠷ ᠵᠤᠷᠴᠢᠬᠤ ᠳᠤ ᠪᠠᠨ ᠬᠡᠳᠤᠨ ᠴᠢᠯᠠᠭᠤ ᠮᠤᠳᠤ ᠶᠢ ᠤᠪᠤᠭᠠᠯᠠᠵᠦ ᠲᠡᠮᠲᠡᠭ ᠪᠤᠯᠭᠠᠵᠦ ᠪᠠᠶᠢᠪᠡ᠃ ᠪᠠᠰᠡ ᠲᠡᠭᠷᠢ ᠭᠠᠵᠠᠷ ᠪᠤᠯᠤᠨ ᠪᠠᠶᠢᠭᠠᠯᠢ ᠶᠢᠨ ᠶᠠᠩᠵᠦ ᠪᠦᠷᠢ ᠶᠢᠨ ᠦᠵᠡᠭᠲᠡᠯ ᠢ ᠡᠯᠳᠡᠪ ᠶᠠᠩᠵᠦ  ᠪᠠᠷ ᠲᠠᠭᠠᠮᠠᠬᠯᠠᠵᠦ᠂ ᠲᠡᠭᠦᠨ ᠢ ᠪᠦᠷ ᠨᠢᠭᠤᠴᠡ ᠲᠡᠯᠲᠡ ᠶᠢᠨ ᠶᠠᠮᠠᠷ ᠨᠢᠭᠡᠨ ᠷᠢᠳᠢ ᠰᠢᠳᠢ ᠲᠠᠢ ᠡᠵᠡᠳ ᠰᠠᠬᠢᠭᠤᠯᠰᠤᠨ  ᠲᠠᠢ ᠬᠡᠮᠡᠨ ᠰᠦᠰᠦᠭᠯᠡᠵᠦ ᠢᠲᠡᠭᠡᠲᠡᠭ ᠪᠠᠶᠢᠬᠰᠡᠨ ᠠᠴᠠ ᠭᠡᠳᠤᠨ ᠴᠢᠯᠠᠭᠤ ᠤᠪᠤᠭᠠᠯᠠᠵᠦ᠂ ᠪᠠᠯᠠᠷᠯᠢᠭ ᠦᠶ᠎ᠡ ᠶᠢᠨ ᠲᠡᠬᠢᠯ ᠮᠦᠷᠭᠦᠯ ᠦᠢᠯᠡᠳᠲᠡᠭ ᠪᠠᠶᠢᠵᠠᠢ᠃ ᠢᠩᠭᠢᠭᠡᠳ ᠤᠪᠤᠭ᠎ᠠ ᠨᠢ ᠮᠤᠩᠭᠤᠯᠴᠤᠳ ᠤᠨ ᠲᠡᠭᠷᠢ᠂ ᠭᠠᠵᠠᠷ᠂ ᠯᠤᠤᠰ ᠢ ᠰᠢᠳᠦᠵᠦ ᠲᠠᠬᠢᠬᠤ ᠲᠡᠪᠴᠠᠩ ᠪᠤᠯᠪᠡ᠃ ᠤᠪᠤᠭ᠎ᠠ ᠲᠠᠬᠢᠬᠰᠡᠨ ᠨᠢ ᠮᠦᠨ ᠴᠦ ᠠᠭᠤᠯᠠ ᠬᠠᠶᠢᠷᠬᠠᠨ᠂ ᠭᠤᠤᠯ ᠤᠰᠤ᠂ ᠡᠪᠡᠰᠦ ᠮᠤᠳᠤ ᠪᠠᠨ ᠬᠠᠶᠢᠷᠠᠯᠠᠬᠰᠡᠨ ᠬᠤᠷᠸ᠎ᠠ ᠶᠢᠨ ᠤᠷᠴᠢᠨ ᠠᠬᠤᠢ ᠶᠢᠨ ᠰᠦᠢᠳᠤᠯ ᠪᠤᠵᠠᠷᠳᠠᠯ ᠠᠴᠠ ᠬᠠᠮᠠᠭᠠᠯᠠᠭᠰᠡᠨ ᠲᠡᠦᠭᠡᠲᠦ ᠪᠤᠳᠠᠲᠦ ᠠᠵᠢᠯᠯᠠᠭ᠎ᠠ ᠪᠤᠯᠬᠤ ᠶᠤᠮ᠃ ᠮᠤᠩᠭᠤᠯᠴᠤᠳ ᠤᠨ ᠤᠪᠤᠭ᠎ᠠ ᠪᠤᠰᠬᠠᠵᠦ ᠲᠡᠮᠲᠡᠭ ᠪᠤᠯᠭᠠᠬᠤ᠂ ᠪᠠᠰᠡ ᠪᠢᠰᠢᠭᠦᠢ ᠤᠯᠠᠨ ᠤᠪᠤᠭ᠎ᠠ ᠪᠤᠰᠬᠠᠵᠦ ᠲᠠᠬᠢᠯ ᠲᠠᠪᠢᠭ ᠡᠷᠭᠦᠭᠰᠡᠨ ᠵᠠᠩ ᠦᠢᠯᠡ ᠨᠢ ᠭᠡᠲᠦ ᠭᠡᠳᠦᠨ ᠵᠠᠭᠤᠨ᠂ ᠮᠢᠩᠭᠠᠨ ᠵᠢᠯ ᠤᠨ ᠲᠡᠦᠭᠡ ᠲᠠᠢ ᠪᠤᠯᠵᠠᠢ᠃      ᠤᠪᠤᠭᠠᠨ ᠤ ᠲᠦᠷᠦᠯ ᠵᠦᠢᠯ      ᠮᠤᠩᠭᠤᠯᠴᠤᠳ ᠤᠨ ᠤᠪᠤᠭ᠎ᠠ ᠨᠢ ᠲᠠᠬᠢᠯᠭ᠎ᠠ ᠲᠠᠢ᠂ ᠲᠠᠬᠢᠯᠭ᠎ᠠ ᠦᠭᠡᠢ᠂ ᠬᠠᠭᠠᠰ ᠬᠤᠭᠤᠰ ᠲᠠᠬᠢᠯᠭ᠎ᠠ ᠲᠠᠢ ᠭᠡᠵᠦ ᠠᠩᠭᠢᠯᠠᠬᠳᠠᠨ᠎ᠡ᠃ ᠤᠪᠤᠭ᠎ᠠ ᠨᠤᠭᠤᠳ ᠨᠢ ᠲᠤᠰ ᠲᠤᠰ ᠲᠤ ᠪᠠᠨ ᠤᠴᠢᠷ ᠤᠳᠬ᠎ᠠ ᠲᠠᠢ ᠤᠯᠠᠨ ᠵᠦᠢᠯ ᠢᠶᠠᠷ ᠢᠯᠭᠠᠬᠳᠠᠬᠤ ᠪᠦᠭᠡᠳ ᠲᠠᠬᠢᠯᠭ᠎ᠠ ᠲᠠᠢ᠂ ᠲᠠᠬᠢᠯᠭ᠎ᠠ ᠦᠭᠡᠢ ᠨᠢ ᠶᠠᠭᠤᠮ ᠤ ᠤᠴᠢᠷ ᠲᠤ ᠪᠠᠶᠢᠭᠤᠯᠤᠭᠰᠡᠨ ᠢᠶᠠᠷ ᠢᠶᠠᠨ ᠲᠤᠬᠳᠠᠭᠠᠬᠳᠠᠨ᠎ᠡ᠃ ᠮᠤᠩᠭᠤᠯᠴᠤᠳ ᠤᠨ ᠤᠪᠤᠭᠠᠨ ᠤ ᠲᠦᠷᠦᠯ ᠵᠦᠢᠯ ᠢ ᠪᠠᠭᠴᠠᠯᠡᠪᠡᠯ᠂ ᠲᠡᠭᠷᠢ ᠤᠪᠤᠭ᠎ᠠ᠂ ᠤᠪᠤᠭ ᠠᠶᠢᠮᠠᠭ ᠤᠨ ᠤᠪᠤᠭ᠎ᠠ᠂ ᠵᠠᠩᠵᠤᠨ ᠤᠪᠤᠭ᠎ᠠ᠂ ᠲᠤᠷᠠᠰᠬᠠᠯ ᠤᠨ ᠤᠪᠤᠭ᠎ᠠ᠂ ᠬᠤᠷᠠᠬᠤ ᠤᠪᠤᠭ᠎ᠠ᠂ ᠤᠩᠭᠤᠨ ᠤᠪᠤᠭ᠎ᠠ᠂ ᠠᠯᠪᠠᠨ ᠤᠪᠤᠭ᠎ᠠ᠂ ᠰᠦᠮ᠎ᠡ ᠭᠡᠶᠢᠳ ᠤᠨ ᠤᠪᠤᠭ᠎ᠠ᠂ ᠰᠦᠯᠲᠡ ᠤᠪᠤᠭ᠎ᠠ᠂ ᠨᠤᠶᠠᠨ ᠤᠪᠤᠭ᠎ᠠ᠂ ᠠᠶᠢᠯ ᠤᠰᠤᠨ ᠤ ᠤᠪᠤᠭ᠎ᠠ᠂ ᠬᠠᠷᠢᠶᠠᠯ ᠤᠨ ᠤᠪᠤᠭ᠎ᠠ᠂ ᠵᠢᠷᠤᠬᠠᠢ ᠤᠪᠤᠭ᠎ᠠ᠂ ᠨᠠᠭᠤᠷ ᠤᠰᠤᠨ ᠤ ᠤᠪᠤᠭ᠎ᠠ᠂ ᠲᠡᠮᠲᠡᠭ ᠤᠪᠤᠭ᠎ᠠ᠂ ᠬᠡᠦᠭᠡᠳ  ᠤᠨ ᠤᠪᠤᠭ᠎ᠠ᠂ ᠮᠠᠯ ᠤᠨ ᠤᠪᠤᠭ᠎ᠠ᠂ ᠠᠪᠠ ᠠᠩᠨᠠᠭᠤᠷ ᠤᠨ ᠤᠪᠤᠭ᠎ᠠ᠂ ᠠᠮᠢᠳᠠᠨ ᠤᠷᠭᠤᠮᠠᠯ ᠤᠨ ᠤᠪᠤᠭ᠎ᠠ᠂ ᠲᠠᠩᠭᠠᠷᠢᠭ ᠤᠪᠤᠭ᠎ᠠ᠂ ᠬᠤᠯᠠᠭᠠᠶᠢᠴᠢ ᠶᠢᠨ ᠤᠪᠤᠭ᠎ᠠ ᠭᠡᠬᠦ ᠮᠡᠲᠦ ᠤᠯᠠᠨ ᠶᠠᠩᠵᠦ ᠶᠢᠨ ᠤᠪᠤᠭ᠎ᠠ ᠪᠤᠢ᠃      ᠤᠪᠤᠭᠠᠨ ᠤ ᠪᠠᠷᠢᠯᠭ᠎ᠠ ᠪᠦᠲᠦᠴᠡ᠂ ᠲᠤᠭ᠎ᠠ ᠪᠠᠶᠢᠷᠢᠯᠡᠯ      ᠤᠪᠤᠭ᠎ᠠ ᠳᠤ ᠲᠠᠩ ᠤᠪᠤᠭ᠎ᠠ ᠪᠤᠶᠦ ᠤᠯᠠᠨ ᠤᠪᠤᠭ᠎ᠠ ᠪᠠᠶᠢᠳᠠᠭ᠃ ᠲᠠᠩ ᠤᠪᠤᠭ᠎ᠠ ᠠᠴᠠ ᠪᠤᠰᠤᠳ ᠤᠯᠠᠨ ᠤᠪᠤᠭ᠎ᠠ ᠨᠢ ᠭᠤᠤᠯ ᠤᠪᠤᠭ᠎ᠠ ᠪᠡ ᠪᠠᠭ᠎ᠠ ᠤᠪᠤᠭ᠎ᠠ ᠪᠠᠷ ᠪᠦᠷᠢᠯᠳᠤᠨ᠎ᠡ᠃ ᠭᠤᠤᠯ ᠤᠪᠤᠭ᠎ᠠ ᠶᠢ ᠪᠠᠰᠡ ᠶᠡᠭᠡ ᠤᠪᠤᠭ᠎ᠠ᠂ ᠪᠦᠳᠦᠭᠦᠨ ᠤᠪᠤᠭ᠎ᠠ᠂ ᠨᠤᠶᠠᠨ ᠤᠪᠤᠭ᠎ᠠ᠂ ᠵᠠᠩᠵᠤᠨ ᠤᠪᠤᠭ᠎ᠠ᠂ ᠲᠦᠪ ᠤᠪᠤᠭ᠎ᠠ ᠭᠡᠲᠡᠭ᠃ ᠪᠠᠭ᠎ᠠ ᠤᠪᠤᠭ᠎ᠠ ᠶᠢ ᠪᠤᠯ ᠱᠠᠪᠢ ᠤᠪᠤᠭ᠎ᠠ᠂ ᠭᠤᠴᠤᠭ ᠤᠪᠤᠭ᠎ᠠ᠂ ᠬᠠᠷᠠᠭᠤᠯ ᠤᠪᠤᠭ᠎ᠠ᠂ ᠬᠤᠶᠠᠭ ᠤᠪᠤᠭ᠎ᠠ᠂ ᠰᠦᠪᠡᠭᠡ ᠤᠪᠤᠭ᠎ᠠ᠂ ᠰᠠᠬᠢᠭᠤᠰᠦ ᠤᠪᠤᠭ᠎ᠠ᠂ ᠲᠠᠭᠠᠯᠲᠡ ᠤᠪᠤᠭ᠎ᠠ ᠭᠡᠲᠡᠭ᠃ ᠠᠷᠡᠳ ᠤᠨ ᠶᠠᠷᠢᠶᠠᠨ ᠳᠤ ᠱᠠᠪᠢ ᠤᠪᠤᠭ᠎ᠠ ᠭᠡᠵᠦ ᠬᠡᠯᠡᠬᠦ ᠨᠢ ᠲᠠᠶᠢᠯᠦᠩᠭᠦᠢ ᠰᠢᠭ ᠪᠠᠶᠢᠳᠠᠭ᠃ ᠱᠠᠪᠢ ᠤᠪᠤᠭᠠᠨ ᠤ ᠲᠤᠭ᠎ᠠ ᠪᠤᠯᠤᠨ ᠪᠠᠶᠢᠷᠢᠯᠡᠯ ᠨᠢ ᠤᠪᠤᠭᠠᠨ ᠤ ᠶᠠᠩᠵᠦ ᠬᠡᠯᠪᠡᠷᠢ ᠪᠦᠲᠦᠴᠡ ᠶᠢᠨ ᠴᠢᠬᠤᠯᠠ ᠵᠦᠢᠯ ᠨᠢ ᠪᠤᠯᠬᠤ ᠮᠦᠷᠲᠡᠭᠡᠨ ᠤᠪᠤᠭᠠᠨ ᠰᠤᠶᠤᠯ ᠤᠨ ᠪᠢᠰᠢᠭᠦᠢ ᠲᠠᠯᠲᠡ ᠤᠳᠬ᠎ᠠ ᠨᠢ ᠮᠦᠨ ᠡᠭᠦᠨ ᠳᠤ  ᠪᠠᠨ ᠪᠤᠢ᠃      ᠲᠠᠩ ᠤᠪᠤᠭ᠎ᠠ    ᠲᠠᠩ ᠤᠪᠤᠭ᠎ᠠ ᠭᠡᠲᠡᠭ ᠨᠢ ᠭᠠᠭᠴᠡ ᠤᠪᠤᠭ᠎ᠠ ᠶᠢ ᠬᠡᠯᠡᠨ᠎ᠡ᠃ ᠡᠶᠢᠮᠦ ᠤᠪᠤᠭᠠᠨ ᠳᠤ ᠠᠶᠢᠯ ᠠᠶᠢᠮᠠᠭ ᠤᠨ ᠤᠪᠤᠭ᠎ᠠ᠂ ᠮᠠᠯ ᠤᠨ ᠤᠪᠤᠭ᠎ᠠ᠂ ᠵᠢᠷᠤᠬᠠᠢ ᠤᠪᠤᠭ᠎ᠠ᠂ ᠠᠮᠢᠳᠡᠨ ᠤᠷᠭᠤᠮᠠᠯ ᠤᠨ ᠤᠪᠤᠭ᠎ᠠ ᠪᠠᠭᠳᠠᠨ᠎ᠡ᠃ ᠠᠷᠡᠳ ᠤᠨ ᠬᠡᠯᠡᠯᠭᠡ ᠳᠤ ᠲᠠᠩ ᠤᠪᠤᠭ᠎ᠠ ᠪᠠᠨ ᠪᠡᠯᠭᠡᠲᠡᠵᠦ ᠨᠢᠭᠡ ᠤᠪᠤᠭ᠎ᠠ᠂ ᠭᠠᠭᠴᠡ ᠤᠪᠤᠭ᠎ᠠ ᠭᠡᠵᠦ ᠲᠡᠮᠡᠢ ᠬᠡᠯᠡᠲᠡᠭ ᠦᠭᠡᠢ᠃ ︽ᠲᠦᠭᠦᠷᠡᠩ ᠤᠪᠤᠭ᠎ᠠ︾ ᠭᠡᠵᠡᠭᠡᠲᠡᠭ ᠶᠤᠮ᠃      ᠬᠤᠶᠠᠷ ᠤᠪᠤᠭ᠎ᠠ    ᠬᠤᠶᠠᠷ ᠤᠪᠤᠭ᠎ᠠ ᠪᠤᠯ ᠶᠡᠭᠡ ᠪᠠᠭ᠎ᠠ ᠶᠢᠨ ᠬᠡᠮᠵᠢᠶ᠎ᠡ᠂ ᠬᠡᠯᠪᠷᠢ ᠨᠢ ᠠᠳᠠᠯᠢᠬᠠᠨ ᠬᠤᠤᠰ ᠤᠪᠤᠭ᠎ᠠ ᠶᠢ ᠬᠡᠯᠡᠨ᠎ᠡ᠃ ᠵᠠᠬ᠎ᠠ ᠬᠢᠯᠢ ᠶᠢᠨ ᠬᠠᠶᠢᠴᠢ ᠤᠪᠤᠭ᠎ᠠ ᠨᠢ ᠪᠦᠷ ᠬᠤᠶᠠᠷ ᠤᠪᠤᠭ᠎ᠠ ᠪᠤᠯᠤᠨ᠎ᠡ᠃ ᠠᠬ᠎ᠠ ᠲᠡᠭᠦᠦ ᠲᠡᠭᠷᠢ ᠲᠠᠬᠢᠬᠤ ᠤᠪᠤᠭ᠎ᠠ ᠴᠦ ᠬᠤᠶᠠᠷ ᠪᠠᠶᠢᠳᠠᠭ᠃      ᠭᠤᠷᠪᠠᠨ ᠤᠪᠤᠭ᠎ᠠ    ᠭᠤᠷᠪᠠᠨ ᠤᠪᠤᠭ᠎ᠠ ᠨᠢ ᠭᠤᠷᠪᠠᠨ ᠭᠠᠯᠪᠡ ᠶᠢᠨ ᠤᠪᠤᠭ᠎ᠠ ᠭᠡᠲᠡᠭ᠃ ᠡᠨᠡ ᠨᠢ ᠦᠩᠭᠡᠷᠡᠭᠰᠡᠨ ᠭᠠᠯᠪᠡ ᠶᠢᠨ ᠺᠠᠱᠢᠪᠡ᠂ ᠡᠨᠡ ᠭᠠᠯᠪᠡ ᠶᠢᠨ ᠱᠠᠬᠵᠠᠮᠤᠨᠢ᠂ ᠢᠷᠡᠬᠦ ᠭᠠᠯᠪᠡ ᠶᠢᠨ ᠮᠠᠶᠢᠳᠠᠷᠢ ᠭᠤᠷᠪᠠᠨ ᠪᠤᠷᠬᠠᠨ ᠢ ᠰᠢᠳᠦᠵᠦ ᠪᠤᠰᠬᠠᠭᠰᠡᠨ ᠤᠪᠤᠭ᠎ᠠ ᠪᠤᠯᠤᠨ᠎ᠡ᠃ ᠡᠭᠦᠨ ᠢ ᠪᠠᠰᠡ ᠭᠤᠷᠪᠠᠨ ᠴᠠᠭ ᠤᠨ ᠪᠤᠷᠬᠠᠨ ᠤ ᠤᠪᠤᠭ᠎ᠠ ᠭᠡᠲᠡᠭ᠃ ᠪᠠᠰᠡ ᠲᠡᠭᠷᠢ᠂ ᠭᠠᠵᠠᠷ᠂ ᠬᠦᠮᠦᠨ ᠤ ᠤᠪᠤᠭ᠎ᠠ ᠭᠡᠮᠡᠨ ᠭᠤᠷᠪᠠᠨ ᠤᠪᠤᠭ᠎ᠠ ᠪᠤᠰᠬᠠᠳᠠᠭ᠃ ᠭᠤᠤᠯ ᠳᠤ ᠨᠢ ᠶᠡᠭᠡ ᠤᠪᠤᠭ᠎ᠠ ︵ᠬᠦᠮᠦᠨ ᠤ ᠤᠪᠤᠭ᠎ᠠ︶ ᠬᠤᠶᠠᠷ ᠲᠡᠯ᠎ᠡ ᠳᠤ ᠨᠢ ᠨᠢᠭᠡ ᠨᠢᠭᠡ ᠱᠠᠪᠢ ᠤᠪᠤᠭ᠎ᠠ ᠪᠤᠰᠬᠠᠳᠠᠭ᠃ ᠭᠤᠷᠪᠠᠨ ᠬᠤᠰᠢᠭᠤᠨ ᠤ ᠵᠠᠬ᠎ᠠ ᠬᠢᠯᠢ ᠶᠢᠨ ᠠᠭᠤᠯᠵᠠᠷ ᠤᠨ ᠲᠡᠮᠲᠡᠭ ᠤᠪᠤᠭ᠎ᠠ ᠪᠤᠯ ᠭᠤᠷᠪᠠᠯᠵᠢᠨ ᠪᠠᠶᠢᠷᠢᠰᠢᠯ ᠲᠠᠢ ᠠᠳᠠᠯᠢᠬᠠᠨ ᠭᠤᠷᠪᠠᠨ ᠤᠪᠤᠭ᠎ᠠ ᠪᠤᠰᠬᠠᠳᠠᠭ ᠶᠤᠮ᠃      ᠲᠦᠷᠪᠠᠨ ᠤᠪᠤᠭ᠎ᠠ    ᠭᠤᠤᠯ ᠳᠤ ᠪᠠᠨ ᠨᠢᠭᠡ ᠶᠡᠭᠡ ᠤᠪᠤᠭ᠎ᠠ᠂ ᠲᠤᠭᠤᠷᠢᠭᠠᠳ ᠭᠤᠷᠪᠠᠨ ᠱᠠᠪᠢ ᠤᠪᠤᠭ᠎ᠠ  ᠲᠠᠢ ᠲᠦᠷᠪᠠᠨ ᠤᠪᠤᠭ᠎ᠠ ᠶᠢ ᠲᠦᠷᠪᠠᠨ ᠲᠦᠰᠢᠳ ᠤᠨ ᠲᠡᠭᠷᠢ ᠲᠠᠬᠢᠬᠰᠡᠨ ᠤᠪᠤᠭ᠎ᠠ ᠬᠡᠲᠡᠭ᠃ ᠲᠦᠷᠪᠠᠨ ᠲᠦᠰᠢᠳ  ᠤᠨ ᠲᠡᠭᠷᠢ ᠭᠡᠲᠡᠭ ᠨᠢ ᠪᠦᠭᠡ ᠮᠦᠷᠭᠦᠯ ᠤᠨ ᠶᠡᠷᠠ ᠶᠢᠰᠦᠨ ᠲᠡᠭᠷᠢ ᠶᠢᠨ ᠨᠢᠭᠡ ᠨᠢ ᠪᠤᠯᠬᠤ ᠰᠢᠲᠦᠭᠡᠨ ᠶᠤᠮ᠃ ᠮᠦᠨ ᠴᠦ ᠦᠯᠢᠭᠡᠷ ᠤᠨ ᠡᠪᠲᠦ ᠲᠦᠷᠪᠠᠨ ᠠᠮᠢᠳᠡᠨ ᠢ ᠰᠠᠬᠢᠭᠤᠯᠰᠤᠨ ᠪᠤᠯᠭᠠᠨ ᠰᠢᠲᠦᠭᠰᠡᠨ ᠤᠪᠤᠭ᠎ᠠ ᠪᠤᠯᠤᠨ᠎ᠡ᠃ ᠡᠨᠡ ᠨᠢ ᠵᠠᠭᠠᠨ᠂ ᠪᠡᠴᠢᠨ᠂ ᠲᠡᠦᠯᠠᠢ᠂ ᠪᠤᠯᠵᠤᠮᠤᠷ ᠡᠪ ᠨᠡᠶᠢᠯᠡᠵᠦ᠂ ᠦᠨᠳᠦᠷ ᠮᠤᠳᠤᠨ ᠠᠴᠠ ᠵᠢᠮᠢᠰ ᠲᠡᠭᠦᠵᠦ ᠢᠲᠡᠭᠰᠡᠨ ᠦᠯᠢᠭᠡᠷ ᠪᠤᠯᠬᠤ ᠶᠤᠮ᠃      ᠲᠠᠪᠤᠨ ᠤᠪᠤᠭ᠎ᠠ    ᠲᠠᠪᠤᠨ ᠤᠪᠤᠭ᠎ᠠ ᠶᠢ ᠵᠠᠶᠠᠭᠠᠨ ᠲᠠᠪᠤᠨ ᠲᠡᠭᠷᠢ ᠶᠢᠨ ᠤᠪᠤᠭ᠎ᠠ ᠭᠡᠲᠡᠭ᠃ ᠵᠠᠶᠠᠭᠠᠨ ᠲᠠᠪᠤᠨ ᠲᠡᠭᠷᠢ ᠭᠡᠲᠡᠭ ᠨᠢ ᠤᠷᠤᠨ ᠤ ᠲᠡᠭᠷᠢ᠂ ᠡᠴᠢᠭᠡ ᠶᠢᠨ ᠲᠡᠭᠷᠢ᠂ ᠡᠭᠡ ᠶᠢᠨ ᠲᠡᠭᠷᠢ᠂ ᠰᠦᠯᠲᠡ ᠲᠡᠭᠷᠢ᠂ ᠠᠮᠢᠨ ᠲᠡᠭᠷᠢ ᠪᠤᠯᠤᠨ᠎ᠡ᠃ ᠲᠠᠪᠤᠨ ᠤᠪᠤᠭ᠎ᠠ ᠶᠢ ᠪᠠᠰᠡ ᠲᠠᠪᠤᠨ ᠬᠤᠰᠢᠭᠤ ᠮᠠᠯ ᠤᠨ ᠬᠡᠰᠢᠭ ᠲᠤᠬᠳᠠᠬᠤ ᠤᠪᠤᠭ᠎ᠠ ᠬᠡᠮᠡᠨ ᠪᠡᠯᠭᠡᠲᠡᠵᠦ ᠭᠤᠤᠯ ᠤᠪᠤᠭ᠎ᠠ ᠪᠠᠨ ᠠᠳᠤᠭᠤᠨ ᠤᠪᠤᠭ᠎ᠠ᠂ ᠲᠦᠷᠪᠠᠨ ᠱᠠᠪᠢ ᠤᠪᠤᠭ᠎ᠠ ᠪᠠᠨ ᠬᠤᠨᠢ᠂ ᠢᠮᠠᠭ᠎ᠠ᠂ ᠲᠡᠮᠡᠭᠡ᠂ ᠦᠭᠡᠷ ᠤᠨ ᠤᠪᠤᠭ᠎ᠠ ᠭᠡᠮᠡᠵᠦ᠂ ᠭᠤᠤᠯ ᠤᠪᠤᠭᠠᠨ ᠤ ᠲᠤᠭ ᠤᠨ ᠡᠰᠢᠨ ᠠᠴᠠ ᠴᠠᠭᠠᠨ ᠶᠤᠷᠤᠭ ᠲᠡᠭᠡᠷ᠎ᠡ ᠮᠤᠷᠢ ᠪᠠᠷᠯᠠᠬᠰᠡᠨ ᠲᠠᠷᠴᠤᠭ ᠬᠡᠶᠢᠰᠭᠡᠵᠦ᠂ ᠲᠠᠬᠢᠯᠭ᠎ᠠ ᠶᠢᠨ ᠦᠶ᠎ᠡ ᠳᠤ᠂ ᠭᠤᠤᠯ ᠤᠪᠤᠭᠠᠨ ᠤ ᠪᠠᠨ ᠲᠤᠭ ᠤᠨ ᠡᠰᠢᠨ ᠠᠴᠠ ᠤᠩᠭᠠᠰᠦᠨ ᠲᠡᠭᠡᠰᠦ ᠲᠡᠳᠠᠵᠦ ᠲᠦᠷᠪᠠᠨ ᠱᠠᠪᠢ ᠤᠪᠤᠭ᠎ᠠ ᠲᠠᠢ ᠬᠤᠯᠪᠤᠵᠦ᠂ ᠲᠡᠭᠡᠰᠦᠨ ᠠᠴᠠ ᠪᠠᠨ ᠠᠵᠢᠷᠭᠠᠨ ᠲᠡᠯ᠂ ᠪᠤᠤᠷ᠎ᠡ ᠶᠢᠨ ᠤᠬᠪᠤᠭ ︵ᠦᠷᠪᠡᠯᠭᠡ︶᠂ ᠪᠤᠬ᠎ᠠ᠂ ᠬᠤᠴᠡ᠂ ᠤᠬᠤᠨ᠎ᠡ ᠶᠢᠨ ᠤᠩᠭᠠᠰᠦ ᠤᠶᠠᠵᠦ ᠲᠠᠬᠢᠯᠭ᠎ᠠ ᠬᠢᠵᠦ ᠮᠠᠯ  ᠤᠨ ᠬᠡᠰᠢᠭ ᠲᠠᠯᠠᠯᠳᠠᠭ ᠶᠤᠮ᠃      ᠲᠤᠯᠤᠭᠠᠨ ᠤᠪᠤᠭ᠎ᠠ    ᠦᠷ᠎ᠡ ᠬᠡᠦᠭᠡᠳ ᠤᠨ ᠢᠶᠠᠨ ᠠᠮᠢ ᠨᠠᠰᠦ ᠶᠢ ᠤᠷᠳᠤᠳᠬᠠᠬᠤ ᠳᠤ ᠲᠠᠭᠠᠳᠬᠠᠭᠰᠡᠨ ᠦᠷ᠎ᠡ ᠶᠢᠨ ᠬᠤᠳᠤᠭ ᠭᠤᠶᠤᠭᠰᠡᠨ ᠤᠳᠬ᠎ᠠ ᠲᠠᠢ ᠬᠡᠦᠭᠡᠳ ᠤᠨ ᠤᠪᠤᠭ᠎ᠠ ᠨᠢ ᠲᠤᠯᠤᠭᠠᠨ ᠤᠪᠤᠭ᠎ᠠ ᠪᠠᠶᠢᠳᠠᠭ᠃ ᠠᠷᠡᠳ ᠤᠨ ᠤᠯᠠᠮᠵᠢᠯᠠᠯ ᠶᠠᠷᠢᠶᠠᠨ ᠳᠤ ︽ᠲᠤᠳᠤᠭᠠᠲᠦ ᠡᠩᠭᠡᠷ ᠲᠤ ᠨᠢ ᠲᠤᠯᠤᠭᠠᠨ ᠬᠡᠦᠭᠡᠳ ᠲᠠᠢ ᠪᠤᠯ︾ ᠬᠡᠮᠡᠨ ᠢᠷᠦᠭᠡᠲᠡᠭ ᠲᠤᠭᠠᠨ ᠤ ᠪᠡᠯᠭᠡᠲᠡᠯ ᠨᠢ ᠬᠡᠦᠭᠡᠳ ᠤᠨ ᠤᠪᠤᠭᠠᠨ ᠲᠤᠭ᠎ᠠ ᠲᠠᠢ ᠢᠵᠢᠯᠰᠢᠵᠦ ᠪᠤᠢ᠃ ᠵᠠᠷᠢᠮ ᠨᠤᠳᠤᠭ ᠲᠤ ︽ᠲᠤᠯᠤᠭᠠᠨ ᠪᠤᠷᠬᠠᠨ ᠤᠳᠤ ︵ᠲᠤᠯᠤᠭᠠᠨ ᠡᠪᠦᠭᠡᠨ︶ ᠲᠠᠬᠢᠬᠰᠡᠨ ᠲᠤᠯᠤᠭᠠᠨ ᠤᠪᠤᠭ᠎ᠠ ᠶᠢ ᠮᠦᠨ ᠬᠡᠦᠭᠡᠳ ᠤᠨ ᠤᠪᠤᠭ᠎ᠠ︾ ᠭᠡᠲᠡᠭ᠃ ᠵᠠᠷᠢᠮ ᠭᠠᠵᠠᠷ ᠲᠤ ᠪᠠᠰᠡ ᠶᠠᠮᠠᠨᠳᠠᠭ᠂ ᠭᠤᠩᠭᠢᠷ᠂ ᠵᠠᠮᠰᠠᠷᠠᠩ᠂ ᠭᠤᠮᠪᠤ᠂ ᠯᠾᠮᠦ᠂ ᠨᠠᠮᠰᠠᠷᠠᠢ᠂ ᠴᠤᠶᠢᠵᠢᠯ ᠲᠤᠯᠤᠭᠠᠨ ᠲᠤᠬᠰᠢᠳ ᠢ ᠲᠤᠯᠤᠭᠠᠨ ᠤᠪᠤᠭ᠎ᠠ ᠬᠡᠮᠡᠲᠡᠭ ᠪᠠᠶᠢᠨ᠎ᠡ᠃ ᠲᠤᠯᠤᠭᠠᠨ ᠤᠪᠤᠭᠠᠨ ᠤ ᠪᠠᠶᠢᠷᠢᠰᠢᠭᠤᠯᠤᠯᠲᠡ ᠨᠢ ᠭᠤᠤᠯ ᠤᠪᠤᠭᠠᠨ ᠤ ᠵᠡᠭᠦᠨ ᠪᠠᠷᠠᠭᠤᠨ ᠲᠡᠯ᠎ᠡ ᠳᠤ ᠭᠤᠷᠪᠠ ᠭᠤᠷᠪᠠᠨ ᠱᠠᠪᠢ ᠤᠪᠤᠭ᠎ᠠ ᠲᠠᠢ ᠪᠠᠶᠢᠳᠠᠭ᠃      ᠶᠢᠰᠦᠨ ᠤᠪᠤᠭ᠎ᠠ    ᠵᠦᠭ ᠴᠢᠭ ᠢ ᠵᠢᠭᠠᠭᠰᠡᠨ ᠲᠡᠮᠲᠡᠭ ᠤᠪᠤᠭ᠎ᠠ᠂ ᠴᠠᠭᠠᠨ ᠰᠦᠯᠲᠡ ᠤᠪᠤᠭ᠎ᠠ᠂ ᠬᠠᠷᠢᠶᠠᠯ  ᠤᠨ ᠤᠪᠤᠭ᠎ᠠ ᠵᠡᠷᠭᠡ ᠨᠢ ᠶᠢᠰᠦᠨ ᠤᠪᠤᠭ᠎ᠠ ᠪᠠᠶᠢᠳᠠᠭ᠃ ᠶᠢᠰᠦ ᠶᠢᠨ ᠲᠤᠭ᠎ᠠ ᠨᠢ ᠮᠤᠩᠭᠤᠯᠴᠤᠳ ᠤᠨ ᠰᠢᠲᠦᠯᠭᠡ ᠪᠢᠰᠢᠷᠡᠯ ᠳᠠᠬᠢ ᠲᠤᠭᠠᠨ ᠤ ᠪᠡᠯᠭᠡᠲᠡᠯ ᠤᠨ ᠴᠢᠬᠤᠯᠠ ᠨᠢᠭᠡ ᠨᠢ ᠪᠤᠯᠳᠠᠭ ᠶᠤᠮ᠃ ᠵᠦᠭ ᠴᠢᠭ ᠢ ᠵᠢᠭᠠᠭᠰᠡᠨ ᠲᠡᠮᠲᠡᠭ ᠤᠪᠤᠭ᠎ᠠ ᠨᠢ ᠭᠤᠤᠯ ᠤᠪᠤᠭᠠᠨ ᠤ ᠬᠤᠶᠢᠨ᠎ᠡ ᠡᠮᠦᠨ᠎ᠡ ᠪᠤᠶᠦ ᠵᠡᠭᠦᠨᠲᠠᠢ ᠪᠠᠷᠠᠭᠤᠨᠲᠡᠢ ᠨᠢ ᠴᠡᠭ ᠱᠤᠭᠤᠮ ᠲᠡᠭᠡᠷ᠎ᠡ ᠲᠦᠷᠪᠡ ᠲᠦᠷᠪᠠᠨ ᠱᠠᠪᠢ ᠤᠪᠤᠭ᠎ᠠ ᠪᠤᠰᠬᠠᠵᠦ ᠲᠡᠮᠲᠡᠭ ᠪᠤᠯᠭᠠᠳᠠᠭ ᠶᠤᠮ᠃ ᠶᠢᠰᠦᠨ ᠬᠦᠯᠲᠦ ᠴᠠᠭᠠᠨ ᠲᠤᠭ ᠰᠦᠯᠲᠡ ᠶᠢᠨ ᠤᠪᠤᠭ᠎ᠠ ᠨᠢ ᠭᠤᠤᠯ ᠤᠪᠤᠭᠠᠨ ᠤ ᠲᠦᠷᠪᠠᠨ ᠵᠦᠭ ᠨᠠᠢᠮᠠᠨ ᠵᠤᠪᠬᠢᠰ ᠲᠤ ᠨᠠᠢᠮᠠᠨ ᠱᠠᠪᠢ ᠤᠪᠤᠭ᠎ᠠ  ᠲᠠᠢ ᠪᠠᠶᠢᠵᠦ᠂ ᠨᠠᠢᠮᠠᠨ ᠱᠠᠪᠢ ᠤᠪᠤᠭ᠎ᠠ ᠨᠢ ᠨᠠᠢᠮᠠᠨ ᠡᠯᠴᠢ ᠰᠦᠯᠲᠡ ᠶᠢᠨ ᠤᠪᠤᠭ᠎ᠠ ᠪᠤᠯᠬᠤ ᠶᠤᠮ᠃ ᠪᠠᠰᠡ ᠶᠡᠭᠡ ᠤᠪᠤᠭ᠎ᠠ ᠪᠠᠨ ᠲᠠᠭᠠᠭᠤᠯᠵᠦ ᠨᠠᠢᠮᠠᠨ ᠱᠠᠪᠢ ᠤᠪᠤᠭ᠎ᠠ ᠶᠢ ᠨᠢᠭᠡᠨ ᠱᠤᠭᠤᠮ ᠢᠶᠠᠷ ᠵᠢᠬᠰᠠᠭᠠᠵᠦ᠂ ᠨᠢᠭᠡ ᠨᠢ ᠨᠢᠭᠡ ᠠᠴᠠ  ᠪᠠᠨ ᠪᠠᠭᠠᠪᠳᠤᠷ᠂ ᠶᠢᠰᠦᠨ ᠤᠪᠤᠭ᠎ᠠ ᠪᠤᠰᠬᠠᠭᠰᠡᠨ ᠨᠢ ᠬᠠᠷᠢᠶᠠᠯ ᠤᠨ ᠤᠪᠤᠭ᠎ᠠ ᠪᠤᠯᠤᠨ᠎ᠡ᠃      ᠠᠷᠪᠠᠨ ᠭᠤᠷᠪᠠᠨ ᠤᠪᠤᠭ᠎ᠠ   ᠮᠤᠩᠭᠤᠯᠴᠤᠳ ᠤᠨ ᠡᠪᠦᠭᠡ ᠲᠡᠭᠡᠳᠣᠰ ᠤᠵᠠᠭᠤᠷ ᠠᠴᠠ ᠠᠷᠪᠠᠨ ᠭᠤᠷᠪᠡ ᠬᠡᠰᠡᠨ ᠲᠤᠭ᠎ᠠ ᠶᠢ ᠰᠠᠶᠢᠨ ᠤ ᠪᠡᠯᠭᠡᠲᠡᠯ ᠤᠨ ᠲᠤᠭ᠎ᠠ ᠬᠡᠮᠡᠨ ᠬᠡᠷᠡᠭᠯᠡᠭᠰᠡᠭᠡᠷ ᠢᠷᠡᠵᠠᠢ᠃ ᠡᠶᠢᠮᠦ ᠠᠴᠠ ᠤᠪᠤᠭᠠᠨ ᠰᠤᠶᠤᠯ ᠤᠨ ᠰᠢᠲᠦᠯᠭᠡ ᠪᠢᠰᠢᠷᠡᠯ ᠳᠤ ᠠᠷᠪᠠᠨ ᠭᠤᠷᠪᠠ ᠶᠢᠨ ᠲᠤᠭ᠎ᠠ ᠪᠠᠷ ᠤᠪᠤᠭ᠎ᠠ ᠪᠤᠰᠬᠠᠳᠠᠭ ᠪᠢᠯᠡ᠃ ᠵᠢᠱᠢᠶᠡᠯᠡᠪᠡᠯ᠂ ︽ᠲᠠᠮᠦᠵᠢᠨ ᠤ ᠠᠷᠪᠠᠨ ᠭᠤᠷᠪᠠᠨ ᠨᠠᠰᠤᠨ ᠠᠴᠠ ᠬᠡᠢ ᠮᠤᠷᠢ ᠰᠡᠷᠭᠦᠭᠰᠡᠨ︾ ᠠᠷᠪᠠᠨ ᠭᠤᠷᠪᠠᠨ ᠤᠪᠤᠭ᠎ᠠ᠂ ︽ᠴᠢᠩᠭᠢᠰ ᠬᠠᠭᠠᠨ ᠤ ᠴᠡᠷᠢᠭ ᠤᠨ ᠠᠷᠪᠠᠨ ᠭᠤᠷᠪᠠᠨ ᠬᠦᠷᠢᠶ᠎ᠡ ᠶᠢ ᠲᠤᠷᠠᠰᠬᠠᠬᠭᠰᠡᠨ︾ ᠠᠷᠪᠠᠨ ᠭᠤᠷᠪᠠᠨ ᠤᠪᠤᠭ᠎ᠠ ᠪᠤᠢ᠃ ᠪᠠᠰᠡ ᠪᠦᠭᠡ ᠮᠦᠷᠭᠦᠯ ᠤᠨ ᠨᠤᠮᠯᠠᠯ ᠳᠤ ︽ᠠᠷᠪᠠᠨ ᠭᠤᠷᠪᠠᠨ ᠠᠳᠠᠭ᠎ᠠ ᠲᠡᠭᠷᠢ ᠳᠤ ᠪᠠᠨ ᠲᠠᠬᠢᠯᠭ᠎ᠠ ᠶᠢᠨ ᠮᠠᠨᠳᠤᠯ ᠪᠤᠰᠬᠠᠬᠤ︾ ᠬᠡᠵᠦ ᠠᠷᠪᠠᠨ ᠭᠤᠷᠪᠠᠨ ᠤᠪᠤᠭ᠎ᠠ ᠪᠤᠰᠬᠠᠭᠰᠡᠨ ᠪᠠᠶᠢᠳᠠᠭ ᠶᠤᠮ᠃ ᠠᠷᠪᠠᠨ ᠭᠤᠷᠪᠠᠨ ᠠᠳᠠᠭ᠎ᠠ ᠲᠡᠭᠷᠢ ᠭᠡᠲᠡᠭ ᠨᠢ᠄ ᠲᠡᠭᠡᠲᠦ᠂ ᠲᠤᠮᠲᠡ᠂ ᠲᠤᠤᠷᠡᠲᠦ ᠭᠤᠷᠪᠠᠨ ᠲᠡᠭᠷᠢ᠂ ᠤᠮᠠᠷᠠᠲᠦ ᠵᠦᠭ ᠤᠨ ᠭᠤᠷᠪᠠᠨ ᠲᠡᠭᠷᠢ᠂ ᠵᠡᠭᠦᠨ ᠬᠤᠶᠢᠨ᠎ᠡ᠂ ᠵᠡᠭᠦᠨ᠂ ᠵᠡᠭᠦᠨ ᠡᠮᠦᠨ᠎ᠡ᠂ ᠡᠮᠦᠨ᠎ᠡ᠂ ᠪᠠᠷᠠᠭᠤᠨ᠂ ᠪᠠᠷᠠᠭᠤᠨ ᠬᠤᠶᠢᠨ᠎ᠡ ᠲᠤᠯᠤᠭᠠᠨ ᠲᠡᠭᠷᠢ ᠨᠡᠶᠢᠲᠡ ᠠᠷᠪᠠᠨ ᠭᠤᠷᠪᠠᠨ ᠲᠡᠭᠷᠢ ᠪᠤᠯᠤᠨ᠎ᠡ᠃ ᠠᠷᠪᠠᠨ ᠭᠤᠷᠪᠠᠨ ᠤᠪᠤᠭᠠᠨ ᠤ ᠪᠠᠶᠢᠷᠢᠯᠡᠯ ᠳᠤ ᠶᠡᠭᠡ ᠤᠪᠤᠭ᠎ᠠ ᠪᠠᠨ ᠲᠠᠭᠠᠭᠤᠯᠵᠦ ᠠᠷᠪᠠᠨ ᠬᠤᠶᠠᠷ ᠱᠠᠪᠢ ᠤᠪᠤᠭ᠎ᠠ ᠶᠢ ᠬᠤᠶᠠᠷ ᠲᠡᠯ᠎ᠡ ᠳᠤ ᠵᠢᠷᠭᠤᠭ᠎ᠠ ᠵᠢᠷᠭᠤᠭ᠎ᠠ ᠪᠠᠷ ᠨᠢᠭᠡ ᠮᠦᠷ ᠢᠶᠠᠷ ᠵᠢᠬᠰᠠᠭᠠᠨ ᠪᠤᠰᠬᠠᠳᠠᠭ ᠪᠤᠶᠦ ᠵᠠᠷᠢᠮ ᠭᠠᠵᠠᠷ ᠲᠤ ᠶᠡᠭᠡ ᠤᠪᠤᠭ᠎ᠠ ᠪᠠᠨ ᠲᠤᠭᠤᠷᠢᠭᠤᠯᠤᠨ ᠠᠷᠪᠠᠨ ᠬᠤᠶᠠᠷ ᠱᠠᠪᠢ ᠤᠪᠤᠭ᠎ᠠ ᠪᠤᠰᠬᠠᠳᠠᠭ ᠴᠦ ᠪᠤᠢ᠃      ᠬᠤᠷᠢᠨ ᠲᠤᠯᠤᠭᠠᠨ ᠤᠪᠤᠭ᠎ᠠ    ᠮᠤᠩᠭᠤᠯ ᠤᠯᠤᠰ ᠲᠠᠬᠢ ᠬᠡᠷᠦᠯᠦᠨ ᠤ ᠪᠠᠶᠠᠬᠤᠯᠠᠭᠠᠨ ᠤ ᠤᠷᠤᠢ ᠲᠡᠭᠡᠷᠡᠬᠢ ᠬᠠᠭᠠᠨ ᠤᠪᠤᠭ᠎ᠠ ᠨᠢ ᠬᠤᠷᠢᠨ ᠲᠤᠯᠤᠭᠠᠨ ᠤᠪᠤᠭ᠎ᠠ ᠪᠤᠯᠤᠨ᠎ᠡ᠃ ᠭᠤᠤᠯ ᠤᠪᠤᠭᠠᠨ ᠤ ᠬᠤᠶᠠᠷ ᠲᠡᠯ᠎ᠡ ᠪᠠᠷ ᠠᠷᠪᠠᠨ ᠭᠤᠷᠪᠠᠨ ᠱᠠᠪᠢ ᠤᠪᠤᠭ᠎ᠠ ᠶᠢ ᠨᠢᠭᠡ ᠮᠦᠷ ᠢᠶᠠᠷ ᠵᠢᠬᠰᠠᠭᠠᠵᠠᠢ᠃ ᠡᠨᠡ ᠨᠢ ᠴᠢᠩᠭᠢᠰ ᠬᠠᠭᠠᠨ ᠤ ᠬᠤᠷᠢᠨ ᠲᠤᠯᠤᠭᠠᠨ ᠨᠠᠰᠤᠨ ᠲᠡᠭᠡᠷ᠎ᠡ ᠬᠠᠭᠠᠨ ᠰᠠᠭᠤᠬᠤ ᠳᠤ ᠪᠤᠰᠬᠠᠭᠰᠡᠨ ᠤᠪᠤᠭ᠎ᠠ ᠪᠠᠶᠢᠵᠠᠢ᠃      ᠭᠤᠴᠢᠨ ᠭᠤᠷᠪᠠᠨ ᠤᠪᠤᠭ᠎ᠠ    ᠭᠤᠴᠢᠨ ᠭᠤᠷᠪᠠᠨ ᠲᠡᠭᠷᠢ ︵ᠡᠲᠦᠭᠡᠨ ᠡᠭᠡ︶ ᠶᠢ ᠰᠢᠳᠦᠵᠦ ᠪᠤᠰᠬᠠᠭᠰᠡᠨ᠂ ᠭᠤᠤᠯ ᠤᠪᠤᠭᠠᠨ ᠤ ᠲᠦᠷᠪᠠᠨ ᠲᠡᠯ᠎ᠡ ᠳᠤ ᠨᠠᠢᠮᠠ ᠨᠠᠢᠮᠠᠨ ᠱᠠᠪᠢ ᠤᠪᠤᠭ᠎ᠠ ᠲᠠᠢ ᠭᠤᠴᠢᠨ ᠭᠤᠷᠪᠠᠨ ᠤᠪᠤᠭ᠎ᠠ ᠪᠠᠶᠢᠳᠠᠭ ᠶᠤᠮ᠃ ᠡᠶᠢᠮᠦ ᠤᠪᠤᠭ᠎ᠠ ᠰᠢᠨᠵᠢᠶᠠᠩ ᠳᠠᠬᠢ ᠤᠶᠢᠷᠡᠳ ᠤᠨ ᠵᠠᠯᠮᠠᠨ ᠬᠠᠨ ᠤ ᠤᠷᠤᠢ ᠳᠤ᠂ ᠬᠠᠯᠬ᠎ᠠ ᠳᠠᠬᠢ ᠠᠯᠳᠠᠢ ᠶᠢᠨ ᠦᠭᠡᠯᠡᠳ ᠤᠨ ᠴᠠᠭᠠᠨ ᠬᠠᠶᠢᠷᠬᠠᠨ ᠲᠡᠭᠡᠷ᠎ᠡ ᠪᠠᠶᠢᠳᠠᠭ ᠶᠤᠮ᠃      ᠤᠯᠠᠨ ᠤᠪᠤᠭ᠎ᠠ    ᠵᠠᠬ᠎ᠠ ᠬᠢᠯᠢ ᠶᠢᠨ ᠲᠡᠮᠲᠡᠭ ᠤᠪᠤᠭ᠎ᠠ᠂ ᠭᠠᠴᠠᠭ᠎ᠠ ᠤᠪᠤᠭ᠎ᠠ᠂ ᠴᠡᠷᠢᠭ ᠲᠠᠶᠢᠨ ᠤ ᠲᠤᠬᠢᠶᠠᠨ ᠤ ᠭᠠᠯ ᠲᠠᠯᠪᠢᠳᠠᠭ ᠤᠪᠤᠭ᠎ᠠ ᠬᠢᠭᠡᠳ ᠶᠠᠮᠠᠷ ᠨᠢᠭᠡᠨ ᠵᠦᠢᠯ ᠳᠤ ᠲᠠᠷᠤᠯᠭ᠎ᠠ ᠲᠠᠷᠤᠭᠰᠡᠨ ᠤᠪᠤᠭ᠎ᠠ ᠵᠡᠷᠭᠡ  ᠨᠢ ᠭᠠᠵᠠᠷ ᠤᠨ ᠵᠠᠢ ᠪᠠᠶᠢᠴᠠ ᠶᠢᠨ ᠬᠡᠮᠵᠢᠶ᠎ᠡ ᠪᠠᠷ ᠪᠤᠰᠬᠠᠭᠳᠠᠭᠰᠡᠨ ᠪᠦᠭᠡᠳ ᠲᠤᠭ᠎ᠠ ᠨᠢ ᠲᠤᠬᠳᠠᠭᠠᠯ ᠦᠭᠡᠢ ᠤᠯᠠᠨ ᠤᠪᠤᠭ᠎ᠠ ᠪᠠᠶᠢᠳᠠᠭ ᠶᠤᠮ᠃ ᠲᠡᠭᠦᠨ ᠳᠤ ᠭᠤᠤᠯ ᠤᠪᠤᠭ᠎ᠠ᠂ ᠱᠠᠪᠢ ᠤᠪᠤᠭ᠎ᠠ ᠭᠡᠵᠦ ᠢᠯᠭᠠᠬᠳᠠᠬᠤ ᠶᠠᠭᠤᠮ᠎ᠡ ᠦᠭᠡᠢ᠃ ᠲᠠᠷᠬᠠᠨ ᠮᠤᠤᠮᠢᠩᠭᠠᠨ ᠤ ᠤᠯᠠᠨ ᠰᠦᠮ᠎ᠡ ᠶᠢᠨ ᠪᠠᠭᠤᠷᠢ ᠠᠴᠠ ᠡᠮᠦᠨᠡᠰᠢ ᠨᠠᠢᠮᠠᠨ ᠭᠠᠵᠠᠷ ᠤᠨ ᠵᠠᠶᠢᠳᠠᠢ ᠠᠭᠤᠯᠠ ᠶᠢᠨ ᠤᠷᠤᠢ ᠲᠡᠭᠡᠷ᠎ᠡ ᠭᠤᠴᠢᠨ ᠲᠠᠪᠤᠨ ᠬᠠᠷ᠎ᠡ ᠴᠢᠯᠠᠭᠤᠨ ᠤᠪᠤᠭ᠎ᠠ ᠪᠠᠶᠢᠳᠠᠭ ᠢ ᠶᠠᠭᠤᠨ ᠤ ᠤᠪᠤᠭ᠎ᠠ᠂ ᠶᠠᠭᠤᠨ ᠳᠤ ᠪᠤᠰᠬᠠᠭᠰᠡᠨ ᠢ ᠬᠡᠨ ᠴᠦ ᠮᠡᠲᠡᠲᠡᠭ ᠦᠭᠡᠢ᠂ ᠠᠷᠡᠳ ᠤᠳ ᠤᠯᠠᠨ ᠬᠠᠷ᠎ᠡ ᠤᠪᠤᠭ᠎ᠠ ᠯᠡ ᠬᠡᠲᠡᠭ ᠶᠤᠮ᠃      ᠤᠪᠤᠭ᠎ᠠ ᠪᠤᠰᠬᠠᠬᠤ ᠶᠤᠰᠤᠨ      ᠤᠪᠤᠭ᠎ᠠ ᠪᠤᠰᠬᠠᠬᠤ ᠳᠤ ᠤᠪᠤᠭᠠᠨ ᠤ ᠭᠠᠵᠠᠷ ᠢ ᠰᠤᠩᠭᠤᠬᠤ᠂ ᠤᠪᠤᠭᠠᠨ ᠤ ᠰᠠᠩ ᠲᠠᠷᠤᠬᠤ᠂ ᠤᠪᠤᠭ᠎ᠠ ᠪᠠᠷᠢᠵᠦ ᠪᠤᠰᠬᠠᠬᠤ ᠵᠡᠷᠭᠡ ᠶᠡᠪᠤᠴᠡ ᠶᠢ ᠦᠩᠭᠡᠷᠡᠭᠡᠨ᠎ᠡ᠃      ᠤᠪᠤᠭᠠᠨ ᠤ ᠭᠠᠵᠠᠷ ᠢ ᠰᠤᠩᠭᠤᠬᠤ      ᠤᠪᠤᠭ᠎ᠠ ᠪᠤᠰᠬᠠᠬᠤ ᠭᠠᠵᠠᠷ ᠢ ᠰᠢᠨᠵᠢᠨ ᠰᠤᠩᠭᠤᠬᠤ ᠪᠤᠯ ᠤᠪᠤᠭ᠎ᠠ ᠪᠤᠰᠬᠠᠬᠤ ᠶᠢᠨ ᠬᠠᠮᠤᠭ ᠤᠨ ᠠᠩᠬᠠᠨ ᠤ ᠬᠦᠢᠴᠡᠳᠭᠡᠬᠦ ᠦᠢᠯᠡ ᠶᠠᠪᠤᠳᠡᠯ ᠪᠤᠯᠤᠨ᠎ᠡ᠃      ᠠᠶᠢᠯ ᠤᠰᠤᠨ ᠤ ᠡᠩ ᠤᠨ ᠤᠪᠤᠭ᠎ᠠ ᠪᠤᠰᠬᠠᠬᠤ ᠳᠤ᠂ ᠬᠤᠲᠡ ᠤᠰᠤ ᠪᠠᠷ ᠢᠶᠠᠨ ᠬᠠᠮᠤᠭ ᠤᠨ ᠬᠦᠨᠳᠦᠳᠠᠢ ᠨᠠᠰᠤᠳᠠᠢ ᠲᠤᠮᠤᠭᠠᠳᠠᠢ ᠬᠦᠮᠦᠨ ᠢᠶᠠᠷ ᠢᠶᠠᠨ ᠪᠠᠶᠢᠭᠠᠯᠢ ᠶᠢᠨ ᠦᠵᠡᠮᠵᠢ ᠰᠠᠶᠢᠬᠠᠨ᠂ ᠭᠠᠵᠠᠷ ᠤᠰᠤᠨ ᠤ ᠰᠢᠨᠵᠢ ᠪᠡᠯᠭᠡ ᠲᠡᠭᠦᠰ ᠲᠤᠪᠤ ᠲᠤᠯᠤᠭᠠᠢ᠂ ᠠᠭᠤᠯᠠ ᠶᠢᠨ ᠤᠷᠤᠢ᠂ ᠪᠤᠯᠠᠭ ᠱᠠᠩᠲᠡ᠂ ᠨᠠᠭᠤᠷ ᠭᠤᠤᠯ ᠤᠨ ᠬᠦᠪᠡᠭᠡ᠂ ᠤᠢ ᠮᠤᠲᠦ᠂ ᠡᠯᠡᠰᠦ ᠮᠠᠩᠬ᠎ᠠ ᠶᠢᠨ ᠰᠠᠶᠢᠬᠠᠨ ᠭᠠᠵᠠᠷ ᠢ ᠦᠵᠡᠭᠦᠯᠵᠦ ᠰᠤᠩᠭᠤᠭᠰᠡᠨ ᠤ ᠲᠠᠷᠠᠭ᠎ᠠ ᠤᠪᠤᠭ᠎ᠠ ᠪᠠᠨ ᠪᠤᠰᠬᠠᠳᠠᠭ ᠶᠤᠮ᠃      ᠤᠪᠤᠭ ᠠᠶᠢᠮᠠᠭ ᠤᠨ ᠤᠪᠤᠭ᠎ᠠ ᠪᠤᠰᠬᠠᠬᠤ ᠳᠤ᠂ ᠡᠷᠲᠡ ᠦᠶ᠎ᠡ ᠳᠤ ᠪᠠᠨ ᠪᠦᠭᠡ ᠨᠠᠷ ᠤᠨ ᠮᠡᠷᠭᠡᠯᠡᠭᠰᠡᠨ ᠲᠡᠭᠷᠢ ᠨᠠᠷ ᠤᠨ ᠪᠠᠭᠤᠳᠠᠭ ᠪᠤᠶᠦ ᠭᠠᠵᠠᠷ ᠤᠰᠤᠨ ᠤ ᠤᠩᠭᠤ ᠨᠠᠪᠳᠠᠭ ᠰᠠᠪᠳᠠᠭ ᠪᠠᠭᠤᠳᠠᠭ ᠡᠰᠡᠭᠦᠯ᠎ᠡ ᠤᠷᠤᠩᠨᠠᠬᠰᠡᠨ ᠭᠠᠵᠠᠷ ᠬᠡᠮᠡᠭᠰᠡᠨ ᠠᠭᠤᠯᠠ ᠬᠠᠶᠢᠷᠬᠠᠨ ᠢ ᠰᠤᠩᠭᠤᠵᠦ᠂ ᠪᠦᠭᠡ ᠶᠢᠨ ᠢᠯᠲᠦ ᠪᠡ ᠲᠠᠶᠠᠭ ᠢᠶᠠᠷ ᠢᠶᠠᠨ ᠵᠢᠭᠠᠵᠦ ᠵᠢᠷᠤᠭᠰᠡᠨ ᠭᠠᠵᠠᠷ ᠲᠤ ᠨᠢ ᠤᠪᠤᠭ᠎ᠠ ᠪᠠᠨ ᠪᠤᠰᠬᠠᠨ᠎ᠡ᠃      ᠬᠤᠶᠠᠷ ᠬᠦᠷᠦᠨ ᠤ ᠬᠤᠭᠤᠷᠤᠨᠳᠤᠬᠢ ᠵᠠᠬ᠎ᠠ ᠬᠢᠯᠢ ᠶᠢᠨ ᠲᠡᠮᠲᠡᠭ ᠤᠪᠤᠭ᠎ᠠ ᠶᠢ ᠪᠤᠰᠬᠠᠬᠤ ᠳᠤ ᠤᠷᠢᠳ ᠢᠶᠠᠷ ᠬᠤᠶᠠᠷ ᠲᠡᠯ᠎ᠡ ᠶᠢᠨ ᠬᠢᠯᠢ ᠬᠢᠵᠠᠭᠠᠷ ᠢ ᠬᠠᠮᠢᠶᠠᠷᠬᠤ ᠭᠠᠵᠠᠷ ᠤᠨ ᠠᠯᠪᠠᠨ ᠲᠤᠰᠢᠶᠠᠯᠲᠡᠨ ᠰᠠᠶᠢᠳᠤᠷ ᠬᠡᠯᠡᠯᠴᠡᠨ ᠲᠤᠬᠳᠠᠵᠦ᠂ ᠠᠳᠠᠯᠢ ᠲᠤᠭᠠᠨ ᠤ ᠲᠦᠰᠢᠮᠡᠳ᠂ ᠬᠤᠶᠠᠭ ᠭᠠᠷᠭᠠᠵᠦ ᠬᠠᠮᠲᠦ ᠪᠠᠷ ᠬᠡᠮᠵᠢᠨ ᠪᠠᠶᠢᠴᠠᠭᠠᠵᠦ᠂ ᠤᠪᠤᠭ᠎ᠠ ᠪᠤᠰᠬᠠᠬᠤ ᠭᠠᠵᠠᠷ ᠤᠨ ᠢᠶᠠᠨ ᠬᠡᠮᠵᠢᠶ᠎ᠡ᠂ ᠤᠪᠤᠭᠠᠨ ᠤ ᠪᠠᠨ ᠲᠤᠭ᠎ᠠ᠂ ᠬᠠᠷᠠᠭᠤᠯ ᠦᠷᠲᠡᠭᠡᠨ ᠤ ᠪᠠᠨ ᠨᠠᠷᠡᠰ ᠵᠡᠷᠭᠡ ᠶᠠᠪᠤᠳᠡᠯ ᠢᠶᠠᠨ ᠬᠡᠯᠡᠯᠴᠡᠨ ᠲᠤᠬᠳᠠᠭᠰᠡᠨ ᠤ ᠲᠠᠷᠠᠭ᠎ᠠ ᠲᠤᠬᠳᠠᠭᠠᠭᠰᠡᠨ ᠡᠳᠤᠷ ᠰᠡᠷ᠎ᠡ ᠳᠤ ᠪᠠᠨ ᠵᠡᠷᠭᠡ ᠪᠠᠷ ᠤᠪᠤᠭ᠎ᠠ  ᠪᠠᠨ ᠪᠤᠰᠬᠠᠨ᠎ᠡ᠃      ᠬᠤᠰᠢᠭᠤ᠂ ᠴᠢᠭᠤᠯᠭᠠᠨ ᠤ ᠵᠠᠬ᠎ᠠ ᠬᠢᠯᠢ ᠶᠢᠨ ᠲᠡᠮᠲᠡᠭ ᠤᠪᠤᠭ᠎ᠠ ᠶᠢ ᠬᠤᠯᠪᠤᠬᠳᠠᠯ ᠪᠦᠬᠦᠢ ᠬᠤᠰᠢᠭᠤ ᠴᠢᠭᠤᠯᠭᠠᠨ ᠤ ᠨᠤᠶᠠᠳ ᠲᠦᠰᠢᠮᠡᠳ ᠬᠡᠯᠡᠯᠴᠡᠨ ᠲᠤᠬᠳᠠᠵᠦ᠂ ᠠᠳᠠᠯᠢ ᠲᠤᠭᠠᠨ ᠤ ᠲᠤᠰᠬᠠᠢ ᠠᠵᠢᠯ ᠤᠨ ᠮᠡᠷᠭᠡᠵᠢᠯ  ᠲᠠᠢ ᠬᠦᠮᠦᠰ ᠢ ᠲᠤᠮᠢᠯᠠᠨ ᠲᠤᠬᠳᠠᠭᠰᠡᠨ ᠭᠠᠵᠠᠷ ᠲᠤ ᠪᠠᠨ ᠤᠪᠤᠭ᠎ᠠ ᠪᠤᠰᠬᠠᠨ᠎ᠡ᠃      ᠵᠠᠬ᠎ᠠ ᠬᠢᠯᠢ ᠶᠢᠨ ᠲᠡᠮᠲᠡᠭ ᠤᠪᠤᠭ᠎ᠠ ᠨᠢ᠂ ᠲᠤᠰ ᠲᠤᠰ ᠤᠨ ᠭᠠᠵᠠᠷ ᠨᠤᠳᠤᠭ ᠤᠨ ᠲᠡᠮᠲᠡᠭ ᠪᠤᠯᠳᠠᠭ ᠲᠤᠯᠠ᠂ ᠠᠭᠤᠯᠠ ᠤᠰᠤᠨ ᠤ ᠪᠡᠯᠭᠡ ᠰᠢᠨᠵᠢ ᠶᠢ ᠲᠠᠮᠠᠢ ᠤᠪᠠᠶᠢᠯᠠᠬᠤ ᠦᠭᠡᠢ ᠪᠠᠷ ᠨᠤᠳᠤᠭ ᠤᠰᠤᠨ ᠤ ᠪᠠᠨ ᠵᠠᠬ᠎ᠠ ᠬᠦᠪᠡᠭᠡ  ᠶᠢ ᠲᠠᠭᠠᠭᠤᠯᠵᠦ ᠪᠤᠰᠬᠠᠳᠠᠭ ᠶᠤᠮ᠃      ᠲᠤᠷᠠᠰᠬᠠᠯ ᠤᠨ ᠤᠪᠤᠭᠠᠨ ᠤ ᠨᠠᠯᠢᠶᠠᠳ ᠨᠢ᠂ ᠲᠦᠯᠭᠡᠴᠢ ᠪᠡ ᠯᠠᠮᠠ ᠬᠤᠸᠠᠷᠠᠭ ᠤᠨ ᠰᠢᠨᠵᠢᠭᠰᠡᠨ ᠭᠠᠵᠠᠷ ᠴᠦ ᠪᠢᠰᠢ᠂ ᠨᠤᠳᠤᠭ ᠤᠨ ᠪᠤᠭᠤᠷᠤᠯᠴᠤᠳ ᠤᠨ ᠰᠤᠩᠭᠤᠭᠰᠡᠨ ᠤᠷᠤᠨ ᠴᠦ ᠪᠢᠰᠢ᠂ ᠲᠤᠬᠠᠢ ᠶᠢᠨ ᠭᠠᠵᠠᠷ ᠲᠤ ᠨᠢ ᠲᠡᠦᠭᠡᠨ ᠳᠤ ᠴᠢᠬᠤᠯᠠ ᠨᠢᠭᠡ ᠦᠢᠯᠡ ᠶᠠᠪᠤᠳᠡᠯ ᠦᠨᠡᠨ ᠬᠦ ᠪᠤᠢ ᠪᠤᠯᠵᠦ ᠦᠩᠭᠡᠷᠡᠭᠰᠡᠨ ᠯᠡ ᠶᠤᠮ ᠪᠤᠯ ᠲᠡᠷᠡ ᠭᠠᠵᠠᠷ  ᠲᠤ ᠨᠢ ᠲᠤᠷᠠᠰᠬᠠᠯ ᠤᠨ ᠤᠪᠤᠭ᠎ᠠ ᠪᠤᠰᠬᠠᠳᠠᠭ ᠶᠤᠮ᠃      ᠬᠠᠷᠢᠶᠠᠯ ᠤᠨ ᠤᠪᠤᠭ᠎ᠠ ᠪᠤᠯ ᠵᠦᠭᠡᠵᠦ ᠵᠠᠨᠤᠬᠰᠡᠨ ᠡᠲᠡᠭᠡᠳ ᠲᠤ ᠪᠠᠨ ᠠᠯᠢ ᠮᠠᠭᠤ ᠰᠢᠨᠵᠢ ᠲᠠᠢ ᠭᠠᠵᠠᠷ ᠢ ᠰᠤᠩᠭᠤᠵᠦ ᠪᠤᠰᠬᠠᠨ᠎ᠡ᠃      ᠰᠢᠯᠢ ᠶᠢᠨ ᠰᠠᠶᠢᠨ ᠡᠷᠡᠰ ᠤᠨ ᠤᠪᠤᠭ᠎ᠠ ᠨᠢ ᠴᠦ ᠪᠤᠷᠤᠭᠤ᠂ ᠬᠠᠵᠠᠭᠤ᠂ ᠲᠡᠯᠲᠡ ᠭᠠᠵᠠᠷ ᠢ ᠰᠤᠩᠭᠤᠵᠦ ᠪᠤᠰᠬᠠᠳᠠᠭ ᠶᠤᠮ᠃      ᠵᠢᠷᠤᠬᠠᠶᠢᠴᠢ ᠶᠢᠨ ᠵᠠᠷᠢᠮ ᠤᠪᠤᠭ᠎ᠠ ᠨᠢ ᠵᠢᠷᠤᠬᠠᠶᠢᠴᠢ ᠦᠪᠡᠷ ᠢᠶᠠᠨ ᠨᠠᠷᠡ᠂ ᠰᠠᠯᠬᠢᠨ᠂ ᠪᠤᠷᠤᠭᠠᠨ᠂ ᠤᠳᠤᠨ ᠭᠠᠷᠠᠭ ᠢ ᠰᠢᠨᠵᠢᠬᠦ ᠳᠤ ᠪᠤᠯᠤᠮᠠᠷ ᠬᠡᠮᠡᠭᠰᠡᠨ ᠭᠠᠵᠠᠷ ᠲᠤ ᠪᠠᠨ ᠤᠪᠤᠭ᠎ᠠ ᠪᠤᠰᠬᠠᠨ ᠰᠢᠨᠵᠢᠵᠦ ᠪᠠᠶᠢᠵᠠᠢ᠃      ᠲᠠᠩᠭᠠᠷᠢᠭ ᠤᠪᠤᠭ᠎ᠠ ᠨᠢ ᠬᠠᠮᠢᠬ᠎ᠠ ᠶᠠᠮᠠᠷ ᠨᠢᠭᠡᠨ ᠤᠴᠢᠷ ᠢᠶᠠᠷ ᠠᠨᠳᠠᠭᠠᠶᠢᠯᠠᠵᠦ ᠲᠠᠩᠭᠠᠷᠢᠬᠯᠠᠭᠰᠡᠨ ᠶᠤᠮ ᠪᠤᠯ ᠮᠦᠨ ᠯᠡ ᠲᠡᠷᠡ ᠭᠠᠵᠠᠷ ᠲᠤ ᠪᠠᠨ ᠤᠪᠤᠭ᠎ᠠ ᠪᠤᠰᠬᠠᠨ᠎ᠡ᠃      ᠤᠪᠤᠭᠠᠨ ᠰᠠᠩ ᠲᠠᠷᠤᠬᠤ      ᠤᠪᠤᠭ᠎ᠠ ᠪᠤᠰᠬᠠᠬᠤ ᠶᠢᠨ ᠤᠷᠢᠳ ᠰᠠᠩ ᠲᠠᠷᠤᠬᠤ ᠶᠠᠪᠤᠳᠡᠯ ᠢ ᠬᠦᠢᠴᠡᠳᠭᠡᠨ᠎ᠡ᠃ ᠰᠠᠩ ᠲᠠᠷᠤᠬᠤ ᠶᠢ ︽ᠱᠦᠩᠰᠢᠭ ᠲᠠᠷᠤᠬᠤ᠂ ᠷᠠᠮᠠᠨᠠᠶᠢᠯᠠᠬᠤ᠂ ᠪᠤᠮᠪᠤ ᠲᠠᠷᠤᠬᠤ︾ ᠭᠡᠬᠦ ᠮᠡᠲᠦ ᠪᠠᠷ ᠭᠠᠵᠠᠷ ᠭᠠᠵᠠᠷ ᠠᠳᠠᠯᠢ ᠦᠭᠡᠢ ᠨᠠᠷᠡᠯᠡᠲᠡᠭ᠃ ᠤᠪᠤᠭᠠᠨ ᠰᠠᠩ ᠲᠠᠷᠤᠬᠤ ᠳᠤ ᠭᠠᠵᠠᠷ ᠤᠨ ᠲᠡᠭᠡᠷ᠎ᠡ ᠰᠠᠩ ᠲᠠᠷᠤᠬᠤ᠂ ᠭᠠᠵᠠᠷ ᠤᠨ ᠲᠤᠤᠷ᠎ᠡ ᠰᠠᠩ ᠲᠠᠷᠤᠬᠤ ᠭᠡᠵᠦ ᠬᠤᠶᠠᠷ ᠵᠦᠢᠯ ᠪᠠᠶᠢᠳᠠᠭ ᠶᠤᠮ᠃ ᠭᠠᠵᠠᠷ ᠲᠡᠭᠡᠷ᠎ᠡ ᠰᠠᠩ ᠲᠠᠷᠤᠬᠤ ᠳᠤ ᠪᠠᠨ ᠠᠶᠢᠯ ᠤᠰᠤᠨ ᠤ ᠪᠠᠭ᠎ᠠ ᠰᠢᠭ᠋ ᠤᠪᠤᠭ᠎ᠠ ᠪᠤᠶᠦ ᠵᠠᠷᠢᠮ ᠰᠤᠮᠤᠨ ᠤ ᠤᠪᠤᠭ᠎ᠠ ᠪᠠᠨ ᠯᠠᠮᠠ ᠪᠠᠷ ᠲᠠᠷᠨᠢᠳᠠᠭᠤᠯᠤᠭᠰᠡᠨ ᠲᠠᠪᠤᠨ ᠲᠠᠷᠢᠶᠠᠨ ᠦᠷ᠎ᠡ᠂ ᠮᠠᠯ ᠤᠨ ᠬᠡᠰᠢᠭ᠂ ᠮᠠᠨᠢ ᠶᠢᠨ ᠦᠰᠦᠭ ᠲᠠᠢ ᠲᠠᠷᠴᠤᠭ ᠵᠡᠷᠭᠡ ᠶᠢ ᠴᠢᠯᠠᠭᠤᠨ ᠲᠤᠮᠲᠡ ᠪᠠᠨ ᠲᠠᠯᠪᠢᠴᠢᠬᠠᠭᠠᠳ ᠤᠪᠤᠭ᠎ᠠ ᠪᠠᠨ ᠪᠤᠰᠬᠠᠳᠠᠭ ᠪᠠᠶᠢᠵᠠᠢ᠃ ᠭᠠᠵᠠᠷ ᠲᠤᠤᠷ᠎ᠡ ᠰᠠᠩ ᠲᠠᠷᠤᠬᠤ ᠬᠡᠲᠡᠭ ᠨᠢ ᠤᠪᠤᠭ᠎ᠠ ᠪᠤᠰᠬᠠᠬᠤ ᠭᠠᠵᠠᠷ ᠤᠨ ᠢᠶᠠᠨ ᠶᠠᠭ ᠭᠤᠤᠯ ᠲᠤᠮᠲᠡ  ᠳᠤ ᠨᠢ ᠪᠠᠭ᠎ᠠ ᠨᠦᠭᠡ ᠮᠠᠯᠳᠠᠵᠦ ᠱᠠᠭᠠᠵᠠᠩ ᠯᠤᠩᠬᠤᠨ ᠲᠤᠳᠤᠷ᠎ᠡ ᠠᠯᠳᠠ᠂ ᠮᠦᠩᠭᠦ᠂ ᠱᠢᠷᠦ᠂ ᠰᠤᠪᠤᠳ᠂ ᠤᠭ᠍ᠶᠦ᠂ ᠬᠠᠰ᠂ ᠲᠡᠪᠤᠨ ᠲᠠᠷᠢᠶᠠᠨ ᠤ ᠦᠷ᠎ᠡ᠂ ᠲᠠᠪᠤᠨ ᠬᠤᠰᠢᠭᠤ ᠮᠠᠯ ᠤᠨ ᠲᠡᠯ᠂ ᠰᠡᠭᠦᠯ ᠤᠨ ᠬᠡᠰᠡᠭ ᠬᠢᠵᠦ ᠰᠠᠪᠠᠯᠠᠭᠠᠳ ᠠᠮᠠᠰᠡᠷ ᠢ  ᠨᠢ ᠲᠤᠷᠭᠠᠨ ᠬᠠᠳᠠᠭ ᠢᠶᠠᠷ ᠪᠢᠲᠡᠭᠦᠮᠵᠢᠯᠡᠨ ᠪᠤᠭᠤᠵᠦ᠂ ᠲᠡᠭᠡᠷ᠎ᠡ ᠨᠢ ᠮᠠᠨᠢ ᠶᠢᠨ ᠵᠢᠷᠭᠤᠭᠠᠨ ᠦᠰᠦᠭ ᠲᠠᠢ ᠴᠠᠭᠠᠰᠦ ᠪᠤᠶᠦ ᠲᠤᠷᠭ᠎ᠠ ᠲᠠᠯᠪᠢᠨ ᠲᠠᠷᠤᠵᠦ᠂ ᠲᠡᠭᠡᠷ᠎ᠡ ᠨᠢ ᠤᠪᠤᠭ᠎ᠠ ᠪᠠᠨ ᠪᠤᠰᠬᠠᠨ᠎ᠡ᠃      ᠤᠪᠤᠭ᠎ᠠ ᠪᠠᠷᠢᠵᠦ ᠪᠤᠰᠬᠠᠬᠤ      ᠪᠢ ᠠᠲᠡ ᠭᠠᠭᠴᠡ ᠬᠦ ᠴᠢᠯᠠᠭᠤᠨ ᠤᠪᠤᠭ᠎ᠠ ᠪᠤᠰᠬᠠᠬᠤ ᠪᠠᠷ ᠵᠢᠱᠢᠶᠠᠯᠠᠵᠦ ᠶᠠᠷᠢᠶ᠎ᠡ᠃ ᠤᠪᠤᠭᠠᠨ ᠰᠠᠩ ᠲᠠᠷᠤᠬᠤ ᠵᠠᠩ ᠦᠢᠯᠡ ᠪᠠᠨ ᠬᠦᠢᠴᠡᠳᠭᠡᠪᠡᠯ ᠤᠪᠤᠭ᠎ᠠ ᠪᠤᠰᠬᠠᠬᠤ ᠠᠵᠢᠯ ᠵᠠᠯᠭᠠᠨ᠎ᠡ᠃ ᠰᠠᠩ ᠪᠦᠲᠦᠭᠡᠭᠰᠡᠨ ᠭᠠᠵᠠᠷ  ᠢᠶᠠᠨ ᠰᠠᠶᠢᠬᠠᠨ ᠲᠡᠭᠰᠢᠯᠡᠵᠦ ᠴᠢᠯᠠᠭᠤ ᠪᠠᠷ ᠵᠢᠷᠭᠤᠭ᠎ᠠ ᠪᠤᠶᠦ ᠨᠠᠢᠮᠠᠨ ᠬᠠᠨ᠎ᠡ ᠲᠠᠢ ᠮᠤᠩᠭᠤᠯ ᠭᠡᠷ ᠤᠨ ᠪᠠᠭᠤᠡ ᠤ ᠬᠢᠷᠢ ᠲᠦᠭᠦᠷᠢᠭ ᠢᠶᠠᠷ ᠤᠪᠤᠭᠠᠨ ᠰᠠᠭᠤᠷᠢ ᠶᠢᠨ ᠴᠢᠯᠠᠭᠤ ᠪᠠᠨ ᠲᠠᠯᠪᠢᠭᠠᠳ ᠲᠡᠭ ᠭᠤᠤᠯ ᠳᠤ ᠨᠢ ᠲᠤᠭ ᠤᠨ ᠮᠤᠳᠤ ︵ᠭᠤᠤᠯ ᠮᠤᠲᠦ᠂ ᠭᠠᠨᠵᠢᠷ᠎ᠡ ᠶᠢᠨ ᠡᠰᠢ᠂ ᠰᠦᠯᠲᠡ ᠶᠢᠨ ᠰᠢᠯᠪᠢ᠂ ᠤᠪᠤᠭᠠᠨ ᠮᠤᠳᠤ︶ ᠪᠠᠨ ᠴᠢᠯᠠᠭᠤ ᠰᠢᠷᠤᠢ ᠪᠠᠷ ᠲᠤᠬᠳᠠᠭᠠᠵᠦ᠂ ᠰᠠᠭᠤᠷᠢ ᠶᠢᠨ ᠴᠢᠯᠠᠭᠤ ᠪᠠᠨ ᠵᠡᠷᠭᠡᠯᠡᠨ᠎ᠡ᠃ ᠪᠠᠶᠢᠲᠡᠯ ᠢ ᠦᠵᠡᠨ ᠶᠡᠭᠡ ᠪᠠᠭ᠎ᠠ ᠶᠢ ᠨᠢ ᠲᠤᠬᠢᠷᠠᠭᠤᠯᠤᠨ ᠭᠤᠷᠪᠠᠨ ᠲᠡᠭᠲᠡᠷ ᠴᠢᠯᠠᠭᠤ ᠤᠪᠤᠭᠠᠯᠠᠵᠦ᠂ ᠲᠡᠭᠡᠷ᠎ᠡ ᠨᠢ ᠠᠷᠴᠠ ᠮᠤᠳᠤ ᠪᠠᠷ ᠲᠤᠭ ᠤᠨ ᠤᠷᠤᠢ ᠶᠢ ᠨᠢ ᠢᠯᠡ ᠭᠠᠷᠭᠠᠨ ᠰᠢᠪᠡᠭᠡᠯᠡᠨ᠎ᠡ᠃ ᠤᠪᠤᠭᠠᠨ ᠤ ᠨᠡᠶᠢᠲᠡ ᠦᠨᠳᠦᠷ ᠨᠢ ᠶᠢᠰᠦᠨ ᠲᠤᠬᠤᠢ ᠪᠤᠶᠦ ᠠᠷᠪᠠᠨ ᠭᠤᠷᠪᠠᠨ ᠲᠤᠬᠤᠢ ᠪᠤᠯ ᠪᠤᠯᠴᠢᠬᠠᠨ᠎ᠡ᠃ ᠬᠡᠭᠦ ᠳᠤ ᠪᠠᠨ ᠤᠳᠤᠬᠠᠨ ᠤ ᠤᠪᠤᠭ᠎ᠠ ᠶᠢᠨ ᠭᠡᠳᠦᠢ ᠶᠡᠭᠡ᠂ ᠬᠡᠳᠦᠢ ᠦᠨᠳᠦᠷ ᠪᠤᠰᠬᠠᠬᠤ ᠨᠢ ᠲᠤᠬᠳᠠᠭᠰᠡᠨ ᠲᠦᠷᠢᠮ ᠳᠤ ᠪᠠᠷᠢᠬᠳᠠᠬᠤ ᠪᠠᠨ ᠪᠤᠯᠢᠵᠠᠢ᠃      ᠤᠪᠤᠭ᠎ᠠ ᠲᠠᠬᠢᠬᠤ ᠶᠤᠰᠤᠨ      ᠮᠤᠩᠭᠤᠯᠴᠤᠳ ᠤᠨ ᠡᠪᠦᠭᠡ ᠲᠡᠭᠡᠳᠣᠰ ᠡᠷᠲᠡ ᠢᠵᠠᠭᠤᠷ ᠠᠴᠠ ᠤᠪᠤᠭ᠎ᠠ ᠲᠠᠬᠢᠵᠦ ᠪᠠᠶᠢᠬᠰᠡᠨ ᠶᠤᠮ᠃ ᠡᠶᠢᠮᠦ ᠠᠴᠠ ᠮᠤᠩᠭᠤᠯᠴᠤᠳ ᠤᠨ ᠤᠪᠤᠭᠠᠨ ᠲᠠᠬᠢᠯᠭᠠᠨ ᠳᠤ᠂ ᠪᠦᠭᠡ ᠮᠦᠷᠭᠦᠯ ᠤᠨ ᠪᠡ ᠯᠠᠮᠠ ᠶᠢᠨ ᠱᠠᠰᠢᠨ ᠤ ᠵᠠᠩ ᠦᠢᠯᠡ ᠪᠤᠯᠤᠨ ᠠᠷᠠᠳ ᠤᠳ ᠤᠨ ᠦᠪᠡᠷ ᠤᠨ ᠬᠢᠨᠢ ᠲᠦᠷᠢᠮ ᠶᠤᠰᠤ ᠠᠯᠢᠨ ᠴᠦ ᠪᠠᠶᠢᠳᠠᠭ ᠶᠤᠮ᠃ ᠪᠢ ᠠᠲᠡ ᠤᠯᠠᠨ ᠵᠦᠢᠯ ᠤᠨ ᠤᠪᠤᠭᠠᠨ ᠲᠠᠬᠢᠯᠭ᠎ᠠ ᠠᠴᠠ ᠬᠤᠰᠢᠭᠤ ᠲᠠᠬᠢᠬᠤ ᠶᠤᠰᠤᠨ ᠢᠶᠠᠷ ᠵᠢᠱᠢᠶ᠎ᠡ ᠪᠤᠯᠭᠠᠵᠦ ᠶᠡᠷᠢᠶ᠎ᠡ᠃      ᠤᠯᠠᠩᠭᠢ ᠬᠤᠰᠢᠭᠤ ᠨᠤᠳᠤᠭ ᠤᠨ ᠬᠢᠨ ᠪᠢᠯᠢᠭ ᠤᠨ ᠤᠯᠠᠷᠢᠯ ᠤᠨ ᠲᠠᠪᠤᠨ ᠰᠡᠷ᠎ᠡ ᠶᠢᠨ ᠠᠷᠪᠠᠨ ᠭᠤᠷᠪᠠᠨ ᠢ ᠣᠪᠤᠭ᠎ᠠ ᠲᠠᠬᠢᠬᠤ ᠡᠳᠤᠷ ᠪᠤᠯᠭᠠᠭᠰᠡᠨ ᠨᠢ ᠵᠢᠷᠤᠬᠠᠢ ᠳᠤ ᠡᠨᠡ ᠡᠳᠤᠷ ᠤᠪᠤᠭ᠎ᠠ ᠲᠠᠬᠢᠪᠡᠯ ᠭᠠᠵᠠᠷ ᠯᠤᠤᠰ ᠪᠠᠶᠠᠰᠴᠦ ᠬᠡᠰᠢᠭ ᠪᠤᠶᠠᠨ ᠦᠯᠡᠮᠵᠢ ᠬᠡᠮᠡᠭᠰᠡᠨ ᠬᠡᠨ᠎ᠡ᠃ ᠤᠪᠤᠭ᠎ᠠ ᠲᠠᠬᠢᠬᠤ ᠶᠢᠨ ᠡᠮᠦᠨ᠎ᠡ ᠤᠪᠤᠭ᠎ᠠ ᠪᠠᠨ ᠰᠢᠨᠡᠳᠭᠡᠨ ᠰᠡᠷᠭᠦᠭᠡᠵᠦ᠂ ᠠᠷᠴᠠ ᠮᠤᠳᠤ ᠠᠪᠴᠢᠷᠡᠨ ᠰᠢᠨ᠎ᠡ ᠪᠠᠷ ᠰᠢᠪᠡᠭᠡᠯᠡᠨ ᠬᠡᠢ ᠮᠤᠷᠢ ᠲᠠᠷᠴᠤᠭ ᠢᠶᠠᠨ ᠰᠤᠯᠢᠵᠦ ᠰᠢᠨ᠎ᠡ ᠶᠢ ᠬᠡᠶᠢᠰᠭᠡᠨ᠎ᠡ᠃      ᠤᠪᠤᠭ᠎ᠠ ᠲᠠᠬᠢᠬᠤ ᠡᠳᠤᠷ ᠤᠨ ᠦᠷᠯᠦᠭᠡ᠂ ᠤᠪᠤᠭ᠎ᠠ ᠲᠠᠬᠢᠯᠭ᠎ᠠ ᠶᠢᠨ ᠡᠵᠡᠳ ᠪᠤᠯᠤᠨ ᠰᠠᠩ ᠤᠨ ᠯᠠᠮᠠ ᠨᠠᠷ ᠤᠷᠭᠤᠬᠤ ᠨᠠᠷᠡᠨ ᠠᠴᠠ ᠡᠮᠦᠨ᠎ᠡ ᠤᠪᠤᠭᠠᠨ ᠤ ᠪᠠᠷᠠᠭᠤᠨ ᠲᠡᠯ᠎ᠡ ᠪᠤᠶᠦ ᠠᠷᠦ ᠲᠡᠯ᠎ᠡ ᠠᠴᠠ ᠭᠠᠷᠴᠦ ᠵᠠᠯᠪᠠᠷᠢᠨ ᠨᠠᠷᠡᠨ ᠵᠦᠪ ᠢᠶᠠᠷ ᠨᠢᠭᠡ ᠡᠷᠬᠢᠲᠡᠭ ᠶᠤᠮ᠃ ᠢᠩᠭᠢᠭᠡᠳ ᠤᠪᠤᠭᠠᠨ ᠤ ᠲᠡᠭᠡᠵᠢ ᠡᠷᠭᠦᠲᠡᠭ ᠲᠠᠯᠪᠢᠭᠤᠷ ᠴᠢᠯᠠᠭᠤ ᠪᠤᠶᠦ ᠡᠰᠡᠭᠦᠯ᠎ᠡ ᠲᠤᠰᠬᠠᠢ ᠠᠪᠴᠢᠷᠠᠵᠦ ᠲᠠᠯᠪᠢᠬᠰᠡᠨ ᠰᠢᠷᠡᠭᠡᠨ ᠲᠡᠭᠡᠷ᠎ᠡ᠂ ᠬᠤᠰᠢᠭᠤᠨ ᠤ ᠵᠠᠰᠠᠭ ᠤᠨ ᠭᠠᠵᠠᠷ ᠠᠴᠠ ᠪᠡᠯᠡᠳᠭᠡᠭᠰᠡᠨ ᠬᠤᠶᠠᠷ ᠠᠴᠠ ᠨᠠᠢᠮᠠᠨ ᠦᠳᠭᠡ ᠪᠠᠨ ᠲᠠᠯᠪᠢᠵᠦ᠂ ᠡᠭᠦᠨ ᠤ ᠬᠤᠶᠠᠷ ᠲᠡᠯ᠎ᠡ ᠪᠠᠷ ᠠᠷᠡᠳ ᠤᠯᠠᠨ ᠤ ᠡᠷᠭᠦᠭᠰᠡᠨ ᠴᠠᠭᠠᠨ ᠢᠲᠡᠭᠡ᠂ ᠪᠤᠤᠪᠤ ᠪᠤᠭᠤᠷᠰᠤᠭ᠂ ᠲᠤᠰᠤ ᠬᠤᠷᠤᠳ᠂ ᠠᠷᠢᠬᠢ ᠲᠡᠷᠡᠰᠦ᠂ ᠴᠢᠪᠠᠭ᠎ᠠ᠂ ᠦᠵᠦᠮ᠂ ᠰᠢᠬᠢᠷ ᠪᠤᠷᠠᠮ᠂ ᠴᠠᠢ ᠵᠡᠷᠭᠡ ᠤᠯᠠᠭᠠᠨ᠂ ᠴᠠᠭᠠᠨ ᠢᠲᠡᠭᠡᠨ ᠢ ᠦᠷᠦᠵᠦ ᠲᠠᠯᠪᠢᠬᠰᠡᠨ ᠤ ᠲᠠᠷᠠᠭ᠎ᠠ᠂ ᠯᠠᠮᠠ ᠨᠠᠷ ᠠᠷᠴᠡ ᠬᠦᠵᠢᠰ ᠰᠢᠳᠠᠭᠠᠵᠦ ᠠᠷᠢᠭᠤᠳᠬᠠᠯ ᠤᠨ ᠰᠠᠩ ᠤᠩᠰᠢᠵᠦ᠂ ᠡᠷᠭᠦᠭᠰᠡᠨ ᠠᠯᠢᠪᠡ ᠲᠡᠭᠡᠵᠢ ᠪᠠᠨ ᠠᠷᠢᠭᠤᠳᠬᠠᠵᠦ᠂ ᠭᠠᠵᠠᠷ ᠭᠠᠵᠠᠷ  ᠤᠨ ᠪᠠᠶᠢᠲᠡᠯ᠂ ᠬᠤᠰᠢᠭᠤ ᠬᠤᠰᠢᠭᠤᠨ ᠤ ᠪᠠᠨ ᠰᠢᠳᠦᠭᠰᠡᠨ ᠤᠪᠤᠭᠠᠨ ᠤ ᠰᠠᠬᠢᠭᠤᠯᠰᠤᠨ ᠤ ᠰᠠᠩ ᠢᠶᠠᠨ ᠤᠩᠰᠢᠳᠠᠭ ᠶᠤᠮ᠃ ᠯᠠᠮᠠ ᠨᠠᠷ ᠨᠤᠮ ᠢᠶᠠᠨ ᠤᠩᠰᠢᠵᠦ ᠪᠠᠶᠢᠭᠠᠳ ᠲᠤᠩ ᠲᠠᠳᠠᠬᠤ᠂ ᠬᠤᠩᠬᠤ ᠲᠠᠮᠠᠷᠦ ᠲᠤᠤᠭᠠᠷᠭᠠᠬᠤ᠂ ᠬᠡᠩᠭᠡᠷᠡᠭᠡ ᠴᠠᠩ ᠲᠡᠯᠡᠳᠴᠦ᠂ ᠪᠦᠷᠢᠶ᠎ᠡ ᠪᠢᠰᠬᠢᠭᠦᠷ ᠦᠯᠢᠶᠠᠭᠦ ᠳᠤ ᠵᠡᠷᠭᠡ ᠬᠡᠷᠭᠡᠮ ᠤᠨ ᠢᠯᠭᠠᠯ ᠦᠭᠡᠢ ᠬᠠᠷ᠎ᠡ ᠰᠢᠷ᠎ᠡ ᠤᠯᠠᠨ ᠲᠠᠶᠠᠭᠠᠷ ᠤᠪᠤᠭᠠᠨ ᠵᠦᠭ ᠬᠠᠨᠳᠤᠵᠦ ᠬᠤᠷᠮᠤᠢ ᠪᠠᠨ ᠲᠠᠪᠢᠰᠴᠦ ᠨᠠᠮᠠᠨᠴᠢᠯᠠᠨ ᠭᠤᠷᠪᠠ ᠭᠤᠷᠪᠡ ᠶᠢᠰᠦᠨᠲᠡ ᠮᠦᠷᠭᠦᠵᠡᠭᠡᠨ᠎ᠡ᠃ ᠡᠭᠦᠨ ᠤ ᠲᠠᠷᠠᠭ᠎ᠠ᠂ ᠯᠠᠮᠠ ᠨᠠᠷ ᠤᠪᠤᠭᠠᠨ ᠰᠠᠴᠤᠯᠢ ᠶᠢᠨ ᠰᠠᠩ ᠤᠩᠰᠢᠬᠤ ᠳᠤ᠂ ᠲᠤᠰ ᠤᠳᠠᠭ᠎ᠠ  ᠶᠢᠨ ᠤᠪᠤᠭᠠᠨ ᠲᠠᠯᠠᠯᠭᠠᠨ ᠰᠤᠮᠤ ᠶᠢ ᠪᠠᠷᠢᠵᠦ ᠬᠤᠷᠤᠶᠢᠯᠠᠬᠤ ᠬᠦᠮᠦᠨ ᠮᠠᠩᠯᠠᠶᠢᠯᠠᠨ᠂ ᠤᠯᠠᠨ ᠢᠶᠠᠷ ᠢᠶᠠᠨ ᠲᠠᠭᠠᠵᠦ ᠤᠪᠤᠭ᠎ᠠ ᠪᠠᠨ ᠭᠤᠷᠪᠡ ᠡᠷᠬᠢᠵᠦ ᠰᠠᠴᠤᠯᠢ ᠡᠷᠭᠦᠵᠦ ᠲᠡᠭᠦᠰᠭᠦ ᠦᠶ᠎ᠡ ᠳᠤ᠂ ᠬᠤᠪᠢ ᠬᠤᠪᠢ ᠪᠠᠷ ᠢᠶᠠᠨ ᠡᠷᠭᠦᠭᠦ ᠬᠠᠳᠠᠭ ᠨᠢᠨᠳᠠᠷ ᠢᠶᠠᠨ ᠤᠪᠤᠭᠠᠨ ᠤ ᠲᠤᠭ ᠮᠤᠳᠤ᠂ ᠵᠠᠬ᠎ᠠ ᠬᠡᠢ ᠮᠤᠷᠢ᠂ ᠪᠤᠷᠭᠠᠰᠦ ᠵᠡᠷᠭᠡ ᠠᠴᠠ ᠵᠠᠭᠦᠵᠦ᠂ ᠲᠤᠰ ᠲᠤᠰ  ᠢᠶᠠᠷ ᠢᠶᠠᠨ ᠵᠠᠯᠪᠠᠷᠢᠨ ᠦᠪᠡᠷ ᠦᠪᠡᠷ ᠤᠨ ᠬᠦᠰᠡᠯ ᠢᠶᠠᠨ ᠲᠠᠭᠠᠳᠬᠠᠨ᠎ᠡ᠃ ᠡᠭᠦᠨ ᠤ ᠵᠡᠷᠭᠡᠴᠡᠭᠡ ᠪᠠᠷ ᠤᠪᠤᠭᠠᠨ ᠳᠤ ᠰᠡᠳᠡᠷᠯᠡᠬᠦ ᠮᠤᠷᠢᠳ ᠢᠶᠠᠨ ᠰᠠᠳᠡᠷᠯᠡᠨ᠎ᠡ᠃ ᠶᠡᠷᠦ ᠳᠤ ᠪᠠᠨ ᠰᠠᠭᠠᠷᠡᠯ ᠮᠤᠷᠢ᠂ ᠰᠠᠭᠠᠷᠡᠯ ᠠᠵᠢᠷᠭ᠎ᠠ ᠰᠡᠳᠡᠷᠯᠡᠲᠡᠭ ᠶᠤᠮ᠃       ᠮᠤᠷᠢᠳ ᠢᠶᠠᠨ ᠰᠡᠳᠡᠷᠯᠡᠭᠰᠡᠨ ᠤ ᠲᠠᠷᠠᠭ᠎ᠠ᠂ ᠤᠪᠤᠭ᠎ᠠ ᠶᠢ ᠭᠤᠤᠯᠯᠠᠨ ᠲᠠᠬᠢᠬᠴᠢ ᠪᠠᠷᠠᠭᠤᠨ ᠭᠠᠷ ᠲᠤ ᠪᠠᠨ ᠲᠠᠪᠤᠨ ᠦᠩᠭᠡ ᠶᠢᠨ ᠭᠭᠢᠪ ᠢᠶᠠᠷ ᠤᠷᠢᠶᠠᠭᠰᠡᠨ ᠲᠠᠯᠠᠯᠭᠠᠨ ᠰᠤᠮᠤ ᠪᠠᠷᠢᠵᠦ᠂ ᠤᠪᠤᠭᠠᠨ ᠡᠮᠦᠨ᠎ᠡ ᠠᠴᠠ ᠡᠬᠢᠯᠡᠨ ᠰᠤᠮᠤ  ᠪᠠᠷ ᠢᠶᠠᠨ ᠬᠤᠷᠤᠶᠢᠯᠠᠵᠦ ᠲᠠᠶᠠᠭᠠᠷ ᠢ ᠲᠠᠭᠠᠭᠤᠯᠵᠦ᠂ ᠤᠪᠤᠭ᠎ᠠ ᠪᠠᠨ ᠭᠤᠷᠪᠠ ᠡᠷᠬᠢᠵᠦ ᠲᠠᠯᠠᠯᠳᠠᠭ ᠶᠤᠮ᠃      ᠲᠠᠯᠠᠯᠭ᠎ᠠ ᠲᠡᠭᠦᠰᠪᠡᠯ ᠤᠪᠤᠭ᠎ᠠ ᠲᠠᠬᠢᠬᠤ ᠶᠤᠰᠤ ᠲᠡᠭᠦᠰᠴᠢᠭᠡᠬᠦ ᠪᠤᠯᠤᠨ᠎ᠡ᠃ ᠲᠠᠯᠠᠯᠭ᠎ᠠ ᠲᠡᠭᠦᠰᠦᠭᠰᠡᠨ ᠤ ᠲᠠᠷᠠᠭ᠎ᠠ ᠤᠪᠤᠭᠠᠨ ᠤ ᠲᠡᠭᠡᠵᠢ ᠪᠠᠨ ᠲᠡᠭᠡᠭᠰᠢᠯᠡᠭᠦᠯᠵᠦ᠂ ᠤᠪᠤᠭᠠᠨ ᠳᠤ ᠪᠠᠨ ᠬᠤᠨᠢᠨ ᠲᠤᠯᠤᠭᠠᠢ᠂ ᠤᠭᠤᠷᠠᠭ ᠰᠡᠭᠦᠯ᠂ ᠬᠠ ᠮᠦᠴᠢ᠂ ᠰᠠᠷᠬᠤᠳ ᠴᠠᠭᠠᠨ ᠢᠲᠡᠭᠡᠨ ᠤ ᠲᠡᠭᠡᠵᠢ᠂ ᠪᠤᠭᠤᠷᠰᠤᠭ ᠵᠢᠮᠢᠰ ᠠᠴᠠ ᠦᠯᠡᠲᠡᠭᠡᠵᠦ ᠲᠠᠯᠪᠢᠭᠠᠳ᠂ ᠨᠠᠶᠢᠷ  ᠤᠨ ᠲᠠᠯᠠᠪᠠᠢ ᠶᠢᠨ ᠠᠵᠢᠯ ᠡᠬᠢᠯᠡᠵᠦ᠂ ᠡᠷ᠎ᠡ ᠶᠢᠨ ᠭᠤᠷᠪᠠᠨ ᠨᠠᠭᠠᠳᠤᠮ ᠤᠨ ᠤᠷᠤᠯᠳᠤᠭᠠᠨ ᠶᠠᠪᠤᠬᠳᠠᠭᠤᠯᠤᠨ᠎ᠡ᠃      ᠤᠪᠤᠭᠠᠨ ᠤ ᠴᠡᠭᠡᠷ      ᠬᠠᠷᠢᠶᠠᠯ ᠤᠨ ᠤᠪᠤᠭ᠎ᠠ᠂ ᠲᠠᠩᠭᠠᠷᠢᠭ ᠤᠪᠤᠭ᠎ᠠ᠂ ᠪᠠᠯᠪᠠᠰᠤᠷᠡᠯ ᠤᠨ ᠤᠪᠤᠭᠠᠨ ᠳᠤ ᠴᠢᠯᠠᠭᠤ ᠨᠡᠮᠡᠲᠡᠭ ᠦᠭᠡᠢ᠃ ᠬᠦᠷᠦᠨ ᠤᠯᠤᠰ ᠤᠨ ᠬᠤᠭᠤᠷᠤᠨᠲᠦ ᠬᠢᠯᠢ ᠶᠢᠨ ᠤᠪᠤᠭᠠᠨ ᠳᠤ ᠰᠤᠯᠠ ᠢᠷᠭᠡᠳ ᠴᠢᠯᠠᠭᠤ ᠨᠡᠮᠡᠬᠦ ᠪᠠᠶᠢᠳᠤᠭᠠᠢ ᠤᠶᠢᠷᠠᠳᠬᠤ ᠶᠢ ᠬᠤᠷᠢᠬᠯᠠᠭᠰᠡᠨ ᠶᠤᠰᠤ ᠪᠠᠶᠢᠵᠠᠢ᠃ ᠠᠭᠤᠯᠠ ᠲᠤᠪᠤ᠂ ᠭᠡᠭᠡᠷ᠎ᠡ ᠲᠡᠯ᠎ᠡ ᠪᠠᠷ ᠪᠠᠶᠢᠬᠤ ᠡᠵᠡᠨ ᠦᠭᠡᠢ ᠰᠤᠯᠠ ᠤᠪᠤᠭᠠᠨ ᠳᠤ ᠭᠡᠨ ᠴᠦ ᠴᠢᠯᠠᠭᠤ ᠨᠡᠮᠡᠲᠡᠭ ᠦᠭᠡᠢ᠃      ᠲᠠᠬᠢᠯᠭᠠᠲᠦ ᠤᠪᠤᠭᠠᠨ ᠤ ᠡᠮᠦᠨᠡᠭᠦᠷ ᠤᠨᠤᠭ᠎ᠠ ᠲᠠᠢ ᠬᠦᠮᠦᠨ ᠦᠩᠭᠡᠷᠡᠵᠦ ᠪᠤᠯᠬᠤ ᠦᠭᠡᠢ᠂ ᠤᠨᠤᠭ᠎ᠠ ᠠᠴᠠ  ᠪᠠᠨ ᠪᠠᠭᠤᠳᠠᠭ᠃ ᠤᠪᠤᠭᠠᠨ ᠤ ᠤᠷᠴᠢᠮ ᠤᠨ ᠨᠠᠭᠤᠷ ᠤᠰᠤᠨ ᠳᠠᠬᠢ ᠵᠢᠭᠠᠰᠦ ᠵᠢᠷᠠᠭᠠᠬᠠᠢ᠂ ᠵᠢᠭᠦᠷᠲᠡᠨ᠂ ᠡᠯᠲᠡᠪ ᠬᠦᠷᠦᠭᠡᠰᠦ ᠶᠢ ᠦᠷᠭᠦᠭᠡᠵᠦ ᠰᠤᠴᠢᠭᠠᠵᠦ᠂ ᠠᠩᠨᠠᠵᠦ ᠪᠤᠯᠬᠤ ᠦᠭᠡᠢ᠃ ᠤᠢ ᠮᠤᠳᠤ᠂ ᠡᠪᠡᠰᠦ ᠤᠷᠭᠤᠮᠠᠯ ᠢ ᠤᠬᠳᠤᠯᠵᠦ ᠬᠠᠳᠤᠵᠦ ᠲᠠᠯᠬᠢᠬᠤ ᠶᠢ ᠴᠢᠩᠭ᠎ᠠ ᠬᠤᠷᠢᠬᠯᠠᠳᠠᠭ᠃ ᠤᠪᠤᠭᠠᠨ ᠬᠤᠷᠢᠮᠠᠯ ᠲᠠᠬᠢ ᠨᠠᠭᠤᠷ᠂ ᠪᠤᠯᠠᠭ ᠱᠠᠩᠲᠡ᠂ ᠭᠤᠤᠯ ᠭᠤᠷᠤᠬ᠎ᠠ ᠳᠤ ᠪᠠᠶ᠎ᠡ ᠪᠠᠨ ᠤᠬᠢᠶᠠᠵᠦ᠂ ᠨᠠᠭᠠᠳᠴᠦ ᠲᠤᠬᠯᠠᠬᠤ᠂ ᠪᠡᠶ᠎ᠡ ᠵᠠᠰᠠᠬᠤ᠂ ᠡᠯᠳᠡᠪ ᠪᠤᠵᠠᠷ ᠪᠤᠷᠳᠠᠭ ᠶᠠᠭᠤᠮ᠎ᠡ ᠬᠠᠶᠠᠵᠦ ᠬᠡᠬᠡᠬᠦ ᠶᠢ ᠴᠢᠩᠭ᠎ᠠ ᠴᠠᠭᠠᠵᠠᠯᠠᠨ ᠴᠡᠭᠡᠷᠯᠡᠲᠡᠭ᠃ ᠤᠪᠤᠭᠠᠨ ᠬᠠᠶᠢᠷᠬᠠᠨ ᠢᠶᠠᠨ ᠬᠦᠨᠳᠦᠳᠭᠡᠵᠦ ᠲᠡᠷᠭᠡᠲᠡ ᠨᠢ ᠨᠠᠷ᠎ᠡ ᠶᠢ ᠨᠢ ᠬᠡᠯᠡᠬᠦ ᠠᠴᠠ ᠴᠡᠭᠡᠷᠯᠡᠲᠡᠭ᠃ ᠭᠡᠷ ᠲᠤ ᠨᠢ ᠬᠦᠮᠦᠨ ᠦᠩᠭᠡᠷᠡᠭᠡᠳ ᠲᠦᠴᠢ ᠶᠢᠰᠦ ᠬᠤᠨᠤᠭᠠᠳᠤᠢ ᠪᠤᠯ ᠤᠪᠤᠭᠠᠨ ᠳᠤ ᠭᠠᠷᠭᠠᠳᠠᠭ ᠦᠭᠡᠢ᠃ ᠨᠡᠩ ᠴᠦ ᠤᠪᠤᠭᠠᠨ ᠲᠠᠬᠢᠯᠭᠠᠨ ᠳᠤ ᠤᠷᠤᠭᠤᠯᠳᠠᠭ ᠦᠭᠡᠢ᠃      ᠬᠠᠯᠠᠭᠤᠨ ᠬᠠᠨᠢᠶᠠᠲᠦ ︵ᠬᠦᠯᠦᠰᠦ ᠲᠠᠢ ᠲᠤᠮᠤᠭᠤ︶ ᠵᠡᠷᠭᠡ ᠶᠢᠨ ᠬᠠᠯᠳᠠᠪᠦᠷᠢᠲᠦ ᠬᠢᠵᠢᠭ ᠡᠪᠡᠳᠴᠢᠨ ᠲᠠᠯᠭᠡᠷᠡᠵᠦ ᠬᠦᠯ ᠬᠤᠷᠢᠭᠰᠡᠨ ᠭᠠᠵᠠᠷ ᠤᠨ ᠲᠤᠮᠠᠭ ︵ᠲᠡᠮᠲᠡᠭ︶ ᠤᠨ ᠲᠤᠳᠤᠷ᠎ᠡ ᠮᠦᠷ ᠭᠠᠷᠭᠠᠭᠰᠡᠨ ᠬᠦᠮᠦᠨ ᠢ ᠲᠠᠬᠢᠯᠭ᠎ᠠ ᠳᠤ ᠤᠷᠤᠬᠤ ᠶᠢ ᠴᠢᠩᠭ᠎ᠠ ᠴᠡᠭᠡᠷᠯᠡᠲᠡᠭ᠃      ᠬᠤᠯᠠᠭᠠᠢ ᠬᠢᠭᠰᠡᠨ᠂ ᠬᠤᠳᠠᠯ ᠬᠡᠯᠡᠵᠦ᠂ ᠵᠠᠷᠭᠤ ᠵᠠᠭᠠᠯᠢᠬᠠᠢ ᠳᠤ ᠴᠢᠷᠦᠭᠳᠡᠭᠰᠡᠨ᠂ ᠶᠠᠮᠠᠷ ᠨᠢᠭᠡᠨ ᠶᠡᠯ᠎ᠡ ᠬᠢᠵᠦ ᠶᠠᠮᠤᠨ ᠲᠠᠮᠠᠭ᠎ᠠ ᠶᠢᠨ ᠭᠠᠵᠠᠷ ᠲᠤ ᠡᠷᠡᠭᠦᠦ ᠶᠢᠨ ᠰᠢᠢᠳᠭᠡᠯ ᠬᠦᠷᠲᠡᠭᠰᠡᠳ ᠨᠢᠭᠡ ᠵᠢᠯ ᠤᠨ ᠲᠤᠳᠤᠷ᠎ᠡ ᠤᠪᠤᠭᠠᠨ ᠲᠠᠬᠢᠯᠭᠠᠨ ᠳᠤ ᠤᠷᠤᠵᠦ ᠪᠤᠯᠬᠤ ᠦᠭᠡᠢ᠃ ᠤᠪᠤᠭᠠᠨ ᠤ ᠤᠶᠢᠷᠠᠬᠠᠨ ᠮᠠᠶᠢᠮᠠᠢ ᠱᠣᠣᠮᠠᠢ ᠬᠢᠵᠦ᠂ ᠬᠡᠷᠡᠭᠦᠯ ᠱᠣᠣᠬᠢᠶᠠᠨ ᠲᠡᠭᠲᠡᠭᠡᠵᠦ᠂ ᠨᠤᠪᠰᠢ ᠲᠡᠳᠠᠨ ᠪᠤᠵᠠᠷ ᠪᠤᠷᠳᠠᠭ ᠪᠤᠯᠭᠠᠬᠤ ᠶᠢ ᠴᠡᠭᠡᠷᠯᠡᠲᠡᠭ ᠶᠤᠮ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号