ᠲᠠᠶᠢᠯ ᠪᠤᠬᠲᠡ ᠬᠠᠰᠠᠷ ᠤᠨ ᠲᠠᠬᠢᠯᠭᠠᠨ ᠤ ︽ᠮᠤᠩᠭᠤᠯ ᠲᠠᠭᠤᠤ ᠶᠢᠨ ᠲᠡᠭᠦᠪᠦᠷᠢ︾
ᠨᠡᠶᠢᠲᠡᠯᠡᠭᠰᠡᠨ ᠴᠠᠭ᠄
2019-07-03
          ᠵᠠᠯᠪᠠᠷᠢᠶ᠎ᠡ ᠶᠢᠨ ᠰᠦ   ᠪᠤᠷᠬᠠᠨ ᠬᠠᠨᠠᠲᠦ ᠶᠢᠨ ᠨᠤᠳᠤᠭ ᠲᠠᠢ   ᠪᠤᠬᠲᠡ ᠴᠢᠩᠭᠢᠰ ᠤᠨ ᠦᠷᠡᠰ ᠪᠢᠲᠡ ᠠ ᠰᠦ   ᠪᠤᠷᠦ ᠶᠤ᠋ ᠲᠡᠯ᠎ᠡ ᠪᠡᠯᠴᠢᠭᠡᠷ ᠲᠡᠭᠡᠨ      ᠵᠢᠷᠭᠠᠨ ᠰᠠᠭᠤᠴᠠ ﹇ᠰᠠᠭᠤᠵᠦ﹈ ᠵᠠᠯᠪᠠᠷᠢᠶ᠎ᠡ ᠠ ᠰᠦ   ᠴᠠᠭᠠᠨ ᠯᠠᠶᠢᠪᠢᠳ ᠤᠨ ﹇ᠯᠠᠪᠠᠢ︖﹈ ᠤᠷᠤᠨ ᠲᠠᠢ   ᠴᠢᠩᠭᠢᠰ ᠡᠵᠡᠨ ᠤᠦ ᠦᠷᠡᠰ ᠪᠢᠲᠡᠨ ᠠ ᠰᠦ   ᠴᠡᠯᠡᠭᠡᠨ ﹇ᠬᠢᠵᠠᠭᠠᠷ ᠦᠭᠡᠢ ᠰᠢᠯᠢ ᠭᠠᠵᠠᠷ﹈ ᠵᠤᠨ ᠤ ᠪᠡᠯᠴᠢᠭᠡᠷ ᠲᠡᠭᠡᠨ      ᠴᠡᠩᠭᠡᠨ ᠰᠠᠭᠤᠴᠡ ᠵᠠᠯᠪᠠᠷᠢᠶ᠎ᠡ ᠠ ᠰᠦ᠃                        ᠬᠢᠩᠭᠠᠨ ᠭᠤᠤᠯ ᠤᠨ ᠴᠡᠭᠴᠦᠭᠡᠢ   ᠬᠢᠩᠭᠠᠨ ᠭᠤᠤᠯ ᠤᠨ ᠴᠡᠭᠴᠤᠭᠡᠢ ᠨᠢ   ᠬᠢᠵᠠᠭᠠᠷ ᠢ ᠲᠠᠭᠠᠭᠠᠳ ᠵᠢᠷᠬᠢᠨ᠎ᠡ ᠬᠦ᠋   ᠬᠤᠶᠢᠰᠢ ᠪᠠᠨ ᠬᠠᠷᠢᠵᠦ ᠦᠵᠡᠭᠦᠯ᠎ᠡ ᠬᠦ᠋      ᠡᠵᠢ ᠠᠪᠤ ᠬᠤᠶᠠᠭᠤᠯᠡ ᠠ ᠬᠦ᠋   ᠬᠢᠩᠭᠠᠨ ᠭᠤᠤᠯ ᠤᠨ ᠪᠤᠷᠭᠠᠰᠦ ᠨᠢ   ᠬᠤᠯᠡ ᠠᠴᠠ ᠲᠠᠯᠠᠯᠤᠨ ᠨᠠᠶᠢᠭᠤᠨ᠎ᠡ ᠬᠦ᠋   ᠬᠠᠷᠢᠵᠦ ᠢᠷᠡᠭᠦ ᠦᠷ᠎ᠡ ᠪᠠᠨ ᠬᠦ᠋      ᠬᠤᠶᠠᠷ ᠪᠤᠷᠬᠠᠨ ᠬᠦᠯᠢᠶᠡᠨ᠎ᠡ ᠠ ᠬᠦ᠋                       ᠮᠤᠷᠢ ᠶᠢᠨ ᠠᠯᠬᠤᠭ᠎ᠠ   ᠮᠤᠷᠢᠨ ᠤ ᠮᠢᠨᠢ ᠠᠯᠬᠤᠭ᠎ᠠ ᠬᠤᠷᠳᠤᠨ ᠪᠤᠯᠵᠠᠢ   ᠮᠦᠷᠭᠦᠭᠰᠡᠨ ᠰᠢᠳᠦᠭᠡᠨ ᠬᠤᠯᠠ ᠪᠤᠯᠵᠠᠢ ᠠ   ᠠᠬᠲᠡ ᠶᠢᠨ ᠮᠢᠨᠢ ᠬᠦᠯ ᠨᠢ ᠬᠤᠷᠲᠤᠨ ᠪᠤᠯᠵᠠᠢ   ᠠᠪᠤ ᠶᠢᠨ ᠰᠢᠳᠦᠭᠡᠨ ᠬᠤᠯᠡ ᠪᠤᠯᠵᠠᠢ ᠠ                       ᠨᠠᠰᠤᠨ ᠤ ᠵᠠᠯᠠᠭᠤ   ᠨᠠᠰᠤᠨ ᠤ ᠵᠠᠯᠠᠭᠤ ᠮᠠᠲᠦ      ᠵᠢᠷᠭᠠᠯ ᠮᠢᠨᠢ ᠠ   ᠨᠠᠷᠠᠰᠦᠨ ᠤ ᠮᠤᠲᠦ ᠮᠠᠲᠦ      ᠰᠠᠶᠢᠬᠠᠨ ᠮᠢᠨᠢ ᠠ                         ᠦᠨᠳᠦᠷ ᠲᠡᠭᠡᠷ᠎ᠡ   ᠦᠨᠳᠦᠷ ᠲᠡᠭᠡᠷ᠎ᠡ ᠭᠠᠷᠬᠤᠶ᠎ᠡ   ᠦᠪᠡᠷ ᠤᠨ ᠭᠠᠵᠠᠷ ᠮᠢᠨᠢ ᠪᠤᠳᠤᠬᠳᠠᠨ᠎ᠡ ᠠ᠂ ᠠ   ᠡᠭᠦᠲᠡᠨ ᠤ ᠲᠡᠭᠡᠷ᠎ᠡ ᠵᠤᠬᠰᠤᠬᠤᠶ᠎ᠡ   ᠡᠵᠢ ᠶᠢᠨ ᠰᠦ ᠨᠢ ᠪᠤᠳᠤᠬᠳᠠᠨ᠎ᠡ ᠠ᠂ ᠠ   ᠬᠠᠲᠡ ᠶᠢᠨ ᠲᠡᠭᠡᠷ᠎ᠡ ᠵᠤᠬᠰᠤᠬᠤᠶ᠎ᠡ   ᠬᠠᠷᠠᠩᠭᠤᠢ ᠠᠭᠤᠯᠠ ᠮᠢᠨᠢ ᠦᠵᠡᠭᠲᠡᠨ᠎ᠡ ᠠ᠂ ᠠ   ᠬᠠᠷᠠᠵᠢ ᠵᠤᠬᠰᠤᠬᠤᠶ᠎ᠡ   ᠡᠵᠢ ᠠᠪᠤ ᠮᠢᠨᠢ ᠪᠤᠳᠤᠬᠳᠠᠨ᠎ᠡ ᠠ᠂ ᠠ                     ᠰᠠᠶᠢᠨ ᠮᠤᠷᠢ   ᠰᠠᠶᠢᠨ ᠮᠤᠷᠢ ᠪᠡᠶ᠎ᠡ ᠶᠢᠨ ᠬᠠᠨᠢ   ᠰᠠᠭᠠᠳᠠᠭ ᠨᠤᠮᠤ ᠠᠮᠢᠨ ᠤ ᠬᠠᠨᠢ   ᠰᠠᠶᠢᠨ ᠦᠭᠡᠨ ᠶᠤᠰᠤᠨ ᠤ ᠬᠠᠨᠢ   ᠰᠠᠶᠢᠨ ᠡᠮ᠎ᠡ ᠨᠠᠰᠤᠨ ᠤ ᠬᠠᠨᠢ                        ᠨᠠᠷᠠᠨ ᠭᠡᠷᠡᠯ   ᠨᠠᠷᠡᠨ ᠤ ᠬᠡᠷᠡᠯ ᠮᠠᠲᠦ ᠵᠢᠷᠭᠠᠯ ᠮᠢᠨᠢ ᠠ   ᠨᠠᠪᠴᠢᠨ ᠤ ᠬᠦᠭᠡ ᠮᠠᠲᠦ ᠪᠡᠶ᠎ᠡ ᠮᠢᠨᠢ ᠠ   ᠨᠠᠰᠦᠨ ᠤ ᠵᠠᠯᠠᠭᠤ ᠮᠡᠲᠦ ᠵᠢᠷᠭᠠᠯ ᠮᠢᠨᠢ ᠠ   ᠨᠠᠷᠠᠰᠤᠨ ᠤ ᠮᠤᠲᠦ ᠮᠠᠲᠦ ᠰᠠᠶᠢᠬᠠᠨ ᠮᠢᠨᠢ ᠠ                      ᠡᠷᠬᠢᠲᠠᠢ ᠤᠰᠤ   ᠡᠷᠬᠢᠲᠠᠢ ᠯᠡ ᠤᠰᠤ ᠯᠢ       ᠦᠯᠦ ᠲᠠᠯᠠᠶᠦ ᠯᠠ ᠭᠧ   ᠡᠵᠡᠨᠲᠦ ᠯᠡ ᠤᠯᠤᠰ ᠯᠢ      ᠦᠯᠦ ᠲᠠᠷᠬᠠᠶᠦ ᠯᠠ ᠭᠧ   ᠬᠠᠳᠠᠲᠦ ᠯᠡ ᠭᠤᠤᠯ ᠯᠢ      ᠦᠯᠦ ᠲᠠᠯᠠᠶᠦ ᠯᠠ ᠭᠧ   ᠬᠠᠭᠠᠨᠲᠦ ᠯᠡ ᠮᠠᠨ ᠯᠢ      ᠦᠯᠦ ᠲᠠᠷᠬᠠᠶᠦ ᠯᠠ ᠭᠧ                        ᠠᠬᠲᠡ ᠶᠢᠨ ᠰᠠᠶᠢᠨ   ᠠᠬᠲᠡ ᠶᠢᠨ ᠰᠠᠶᠢᠨ ᠢ      ᠠᠪᠡ ᠳᠠᠭᠠᠨ ᠮᠡᠲᠡᠶ᠎ᠡ ᠨᠠ   ᠠᠬ᠎ᠠ ᠲᠡᠭᠦᠦ ᠶᠢᠨ ᠰᠠᠶᠢᠨ ᠢ      ᠠᠶᠠᠨ ᠳᠠᠭᠠᠨ ᠲᠠᠨᠢᠶ᠎ᠡ ᠨᠠ︕   ᠬᠦᠯᠦᠭ ᠤᠨ ᠰᠠᠶᠢᠨ ᠢ      ᠤᠨᠤᠵᠦ ᠮᠡᠲᠡᠶ᠎ᠡ ᠨᠠ   ᠬᠦᠮᠦᠨ ᠤ ᠰᠠᠶᠢᠨ ᠢ      ᠶᠠᠪᠤᠵᠦ ᠮᠡᠲᠡᠶ᠎ᠡ ᠨᠠ︕                        ᠬᠠᠲᠠᠷᠢᠬᠤ ᠮᠤᠷᠢ   ᠬᠠᠲᠠᠷᠢᠬᠤ ᠮᠤᠷᠢᠨ ᠳᠠᠭᠠᠨ ︵ ᠳᠤ︶      ᠠᠮᠦᠷ ᠴᠦ ᠶᠡᠷᠦᠲᠡᠭᠡᠨ ᠨᠠ ᠦᠭᠡᠢ ᠠ   ᠬᠠᠷ᠎ᠡ ᠶᠠ ᠯᠠ ᠪᠡᠶ᠎ᠡ ᠳᠡᠭᠡᠨ ︵ ᠳᠤ︶      ᠮᠦᠩᠭᠡᠭᠡᠨ ᠨᠠ ᠦᠭᠡᠢ ᠠ   ᠲᠡᠭᠦᠯᠢᠭᠦ ᠮᠤᠷᠢᠨ ᠳᠠᠭᠠᠨ ︵ ᠳᠤ︶      ᠠᠮᠤᠷᠬᠠᠨ ᠴᠦ ᠨᠠ ᠦᠭᠡᠢ ᠠ   ᠲᠡᠯᠴᠢᠯᠳᠤᠬᠦ ︵ᠲᠡᠮᠡᠴᠡᠯ︶ ᠪᠡᠶ᠎ᠡ ᠳᠡᠭᠡᠨ ︵ ᠳᠤ︶      ᠮᠠᠨᠳᠤᠭᠡᠨ ᠠ ᠦᠭᠡᠢ ᠠ︕                      ᠬᠠᠨᠳᠠᠭᠠᠢ ᠶᠢᠨ ᠰᠡᠷᠭᠡᠭ   ᠬᠠᠲᠡ ᠶᠢ ᠪᠠᠨ ᠲᠠᠭᠠᠬᠰᠡᠨ ᠶᠠ ᠠ      ᠬᠠᠨᠳᠠᠭᠠᠢ ᠶᠢᠨ ᠰᠡᠷᠭᠡᠭ ᠶᠠ︕   ᠬᠠᠭᠠᠨ ᠢ ᠪᠠᠨ ᠲᠠᠭᠠᠬᠰᠡᠨ ᠶᠠ ᠠ      ᠬᠠᠮᠤᠭ ᠤᠨ ᠵᠠᠶᠠᠭ᠎ᠠ ᠶᠠ︕   ᠤᠯᠠᠨ ᠢ ᠪᠠᠨ ᠲᠠᠭᠠᠭᠰᠡᠨ ᠶᠠ ᠠ      ᠬᠦᠷᠦᠭᠡᠰᠦ ᠶᠢᠨ ᠰᠡᠷᠭᠡᠭ ᠶᠠ︕   ᠤᠰᠤ ᠶᠢ ᠪᠠᠨ ᠲᠠᠭᠠᠭᠰᠡᠨ ᠶᠠ ᠠ      ᠤᠯᠠᠨ ᠤᠨ ᠵᠠᠶᠠᠭ᠎ᠠ ᠶᠠ︕                      ᠬᠠᠷᠠᠩᠭᠤᠢ ᠶᠢ ᠬᠡᠶᠢᠭᠦᠯᠦᠭᠴᠢ   ᠬᠠᠷᠠᠩᠭᠤᠢ ᠶᠢ ᠬᠡᠶᠢᠭᠦᠯᠦᠭᠴᠢ ᠠ ᠵᠠ      ᠰᠠᠷᠡᠨ ᠨᠠᠷᠡᠨ ᠬᠤᠶᠠᠷ ᠯᠡ ᠠ   ᠬᠠᠮᠤᠭ ᠢ ᠬᠡᠶᠢᠭᠦᠯᠦᠭᠴᠢ ᠠ ᠵᠠ      ᠬᠠᠭᠠᠨ ᠪᠤᠭᠲᠡ ᠬᠤᠶᠠᠷ ᠯᠠ ᠠ︕                      ᠤᠬᠳᠠᠷᠭᠤᠢ ᠶᠢᠨ ᠴᠢᠮᠡᠭ   ᠤᠬᠳᠠᠷᠭᠤᠢ ᠶᠢᠨ ᠴᠢᠮᠡᠭ ᠠ ᠵᠠ      ᠨᠠᠷᠠᠨ ᠰᠠᠷᠡᠨ ᠬᠤᠶᠠᠷ ᠠ ᠬᠡᠨ᠎ᠡ   ᠤᠯᠠᠨ ᠤ ᠯᠡ ᠴᠢᠮᠡᠭ ᠠ ᠵᠠ      ᠬᠠᠭᠠᠨ ᠪᠠᠭᠠᠳᠤᠷ ᠬᠤᠶᠠᠷ ᠠ ᠬᠡᠨ᠎ᠡ   ᠤᠯᠠ ᠶᠢᠨ ᠴᠢᠮᠡᠭ ᠠ ᠵᠠ      ᠤᠪᠤᠭ᠎ᠠ ᠰᠢᠲᠦᠭᠡᠨ ᠬᠤᠶᠠᠷ ᠠ ᠬᠡᠨ᠎ᠡ   ᠤᠯᠤᠰ ᠤᠨ ᠴᠢᠮᠡᠭ ᠠ ᠵᠠ      ᠡᠵᠡᠨ ᠲᠦᠷᠦ ᠬᠤᠶᠠᠷ ᠠ ᠬᠡᠨ᠎ᠡ᠃                       ᠤᠴᠠᠷᠠᠬᠤ ᠶᠢᠨ ᠨᠠᠰᠦᠨ   ᠤᠴᠠᠷᠠᠬᠤ ᠶᠢᠨ ᠨᠠᠰᠤᠨ ᠬᠡᠨ᠎ᠡ ᠨᠢ      ᠠᠷᠪᠠᠨ ᠲᠡᠪᠤᠨ ᠨᠠᠰᠤᠨ ᠬᠡᠨ᠎ᠡ ᠨᠢ   ᠬᠦᠬᠦᠯᠲᠡᠬᠦ ᠶᠢᠨ ᠨᠠᠰᠤᠨ ᠬᠡᠨ᠎ᠡ ᠨᠢ      ᠬᠤᠷᠢᠨ ᠲᠠᠪᠤᠨ ᠨᠠᠰᠤᠨ ᠬᠡᠨ᠎ᠡ ᠨᠢ                         ᠬᠠᠨᠢᠯᠠᠬᠤ ᠶᠢᠨ ᠪᠡᠯᠭᠡ   ᠬᠠᠨᠢᠯᠠᠬᠤ ᠶᠢᠨ ᠪᠡᠯᠭᠡ      ᠠᠷᠪᠠᠨ ᠲᠠᠪᠤᠨ ᠨᠠᠰᠤᠨ ᠬᠡᠨ᠎ᠡ   ᠬᠠᠷᠪᠤᠯᠳᠤᠬᠤ ᠶᠢᠨ ᠨᠠᠰᠦᠨ      ᠬᠤᠷᠢᠨ ᠲᠠᠪᠤᠨ ᠨᠠᠰᠦᠨ ᠬᠡᠨ᠎ᠡ                         ᠤᠷᠤᠭ ᠤᠨ ᠰᠠᠶᠢᠨ   ᠤᠷᠤᠭ ᠤᠨ ᠬᠢᠨ ᠰᠠᠶᠢᠨ ᠨᠢ      ᠪᠠᠶᠠᠨ ᠨᠤᠶᠠᠨ ᠬᠤᠶᠠᠷ   ᠤᠴᠠᠷᠠᠬᠤ ᠶᠢᠨ ᠬᠢᠨ ᠰᠠᠶᠢᠨ ᠨᠢ      ᠤᠷᠠᠨ ᠰᠡᠴᠡᠨ ᠬᠤᠶᠠᠷ   ᠤᠨᠤᠬᠤ ᠶᠢᠨ ᠬᠢᠨ ᠰᠠᠶᠢᠨ ᠨᠢ      ᠡᠭᠦᠯᠡᠨ ᠬᠦᠭᠡ ᠮᠤᠷᠢ ᠮᠢᠨᠢ   ᠤᠤᠭᠤᠬᠤ ᠶᠢᠨ ᠬᠢᠨ ᠰᠠᠶᠢᠨ ᠨᠢ      ᠤᠨᠤᠨ ᠬᠦᠯᠦᠨ ᠤ ᠲᠡᠷᠡᠰᠦ           ︵ᠮᠤᠤᠮᠢᠩᠭᠠᠨ ᠬᠤᠰᠢᠭᠤᠨ ᠤ ᠲᠠᠭᠤᠴᠢᠨ ᠪᠠᠯᠠᠮ᠎ᠡ᠂ ᠷᠤᠯᠮ᠎ᠡ ᠨᠠᠷ ᠲᠠᠭᠤᠯᠠᠵᠦ ᠪᠠᠶᠢᠬᠰᠡᠨ ᠢ ᠰᠤᠨᠤᠰᠴᠦ ᠪᠠᠶᠢᠬᠰᠡᠨ ᠬᠦᠮᠦᠨ ᠪᠠᠶᠢᠬᠤ ᠠᠴᠠ ᠠᠶᠠᠯᠭᠤ ᠲᠠᠭᠤᠤ ᠶᠢ ᠨᠢ ᠰᠤᠷᠴᠦ ᠤᠯᠠᠮᠵᠢᠯᠠᠭᠰᠡᠨ ᠬᠦᠮᠦᠨ ᠦᠭᠡᠢ ᠨᠢ ᠬᠠᠷᠠᠮᠰᠠᠯᠲᠠᠢ᠃ ᠡᠲᠡᠭᠡᠷ ᠪᠤᠭᠤᠷᠤᠯᠴᠤᠳ ᠪᠠᠶᠢᠬᠰᠡᠨ ᠪᠤᠯ ᠤᠳᠤ ᠶᠠᠭ ᠶᠡᠷᠡᠨ ᠨᠠᠰᠦ ᠶᠢ ᠲᠡᠪᠠᠵᠦ ᠵᠠᠭᠤ ᠶᠢ ᠤᠬᠳᠤᠭᠰᠡᠨ ᠪᠠᠶᠢᠬᠤ ᠶᠤᠰᠤᠳᠠᠢ᠃ 1958 ᠤᠨ ᠳᠤ ᠲᠤᠷᠤᠩᠭ᠎ᠠ ᠨᠦᠬᠦᠷ ᠴᠦᠯᠳᠦᠮ᠂ ᠴᠠᠭᠠᠨᠴᠡᠴᠡᠭ ᠨᠠᠷ ᠠᠴᠠ ᠦᠭᠡ ᠶᠢ ᠨᠢ ᠲᠡᠮᠲᠡᠭᠯᠡᠨ ᠦᠯᠡᠲᠡᠭᠡᠵᠠᠢ᠃︶
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号