ᠮᠤᠩᠭᠤᠯ ᠦᠰᠦᠭ
ᠨᠡᠶᠢᠲᠡᠯᠡᠭᠰᠡᠨ ᠴᠠᠭ᠄
2019-07-03
                                             — ᠤᠷᠠᠨ ᠪᠢᠴᠢᠯᠭᠡᠲᠡᠳ ᠲᠡᠭᠡᠨ                                                                                             ᠰ᠊᠂ ᠡᠷᠬᠢᠮᠪᠠᠶᠠᠷ                                              ᠠᠭᠠᠳᠠᠷ ᠤᠨ ᠡᠭᠦᠯᠡᠨ ᠳᠤ ᠬᠢᠯᠪᠢᠭᠡᠨ ᠴᠠᠬᠢᠯᠵᠦ    ᠠᠰᠬᠠᠷᠠᠬᠤ ᠪᠤᠷᠤᠭᠠᠨ ᠠᠭᠤᠯᠠᠨ ᠳᠤ ᠬᠦᠰᠢᠭᠡᠯᠡᠨ᠎ᠡ    ᠠᠶᠠᠰ ᠤᠨ ᠬᠤᠩᠭᠤᠷ ᠰᠠᠯᠬᠢ ᠰᠠᠪᠠᠯᠵᠠᠵᠦ    ᠠᠯᠳᠠᠨ ᠲᠡᠯ᠎ᠡ ᠳᠤ ᠵᠡᠷᠭᠡᠯᠭᠡ ᠮᠢᠷᠡᠯᠵᠡᠨ᠎ᠡ    ᠲᠠᠳᠠᠯᠠᠨ ᠪᠢᠴᠢᠭᠰᠡᠨ ᠮᠤᠩᠭᠤᠯ ᠦᠰᠦᠭ ᠠᠴᠠ    ᠲᠠᠭᠠᠨ᠎ᠡ ᠮᠠᠩᠬᠢᠷ ᠤᠨ ᠦᠨᠦᠷ ᠬᠠᠩᠬᠤᠯᠤᠨ᠎ᠡ    ᠠᠭᠤᠯᠠᠨ ᠠᠴᠠ ᠪᠠᠭᠤᠭᠰᠡᠨ ᠲᠤᠬᠰᠢᠨ ᠤᠷᠤᠰᠬᠠᠯ    ᠠᠭᠤᠳᠠᠮ ᠲᠡᠯ᠎ᠡ ᠳᠠᠭᠠᠨ ᠠᠭᠤᠵᠢᠷᠠᠨ ᠮᠢᠷᠡᠯᠵᠠᠨ᠎ᠡ    ᠤᠷᠲᠦ ᠶᠢᠨ ᠲᠠᠭᠤᠤ ᠶᠢᠨ ᠤᠶᠠᠩᠭᠠᠨ ᠰᠢᠷᠤᠩᠬᠠᠢ    ᠠᠭᠤᠯᠠ ᠶᠢᠨ ᠴᠠᠭᠠᠨ᠎ᠡ ᠠᠴᠠ ᠨᠢᠰᠦᠭᠰᠡᠭᠡᠷ ᠢᠷᠡᠨ᠎ᠡ    ᠤᠷᠠᠯᠠᠨ ᠪᠢᠴᠢᠭᠰᠡᠨ ᠮᠤᠩᠭᠤᠯ ᠦᠰᠦᠭ ᠠᠴᠠ    ᠤᠷᠠᠨ ᠰᠢᠪᠠᠭᠤᠨ ᠤ ᠵᠢᠷᠬᠢᠭᠡ ᠰᠤᠨᠤᠰᠳᠠᠨ᠎ᠡ    ᠤᠷᠭ᠎ᠠ ᠲᠠᠶᠠᠯᠠᠬᠰᠡᠨ ᠠᠳᠤᠭᠤᠴᠢᠨ ᠡᠷ᠎ᠡ    ᠤᠰᠤᠨ ᠤ ᠵᠠᠬ᠎ᠠ ᠪᠠᠷ ᠭᠠᠯᠬᠢᠭᠤᠯᠤᠨ ᠤᠳᠤᠨ᠎ᠡ    ᠬᠤᠷ ᠲᠡᠯ ᠨᠢ ᠬᠤᠶᠢᠯᠠᠷᠡᠨ ᠲᠦᠷᠡᠯᠵᠡᠭᠰᠡᠨ    ᠬᠤᠯᠠᠨ ᠰᠦᠷᠦᠭ ᠢᠶᠠᠨ ᠬᠤᠷᠢᠶᠠᠨ ᠢᠰᠬᠢᠷᠤᠨ᠎ᠡ    ᠬᠦᠶᠦᠯᠭᠡᠨ ᠪᠢᠴᠢᠭᠰᠡᠨ ᠮᠤᠩᠭᠤᠯ ᠦᠰᠦᠭ ᠠᠴᠠ    ᠬᠦᠶᠦᠭᠦᠯ ᠠᠳᠤᠭᠤᠨ ᠤ ᠬᠦᠯᠦᠰᠦ ᠦᠨᠦᠷᠳᠤᠨ᠎ᠡ    ᠵᠢᠯᠵᠢᠨ ᠬᠦᠯᠢᠶᠡᠭᠰᠡᠨ ᠬᠠᠶᠢᠷ᠎ᠡ ᠶᠢᠨ ᠰᠡᠳᠬᠢᠯ ᠰᠢᠭ    ᠵᠡᠭᠡᠰᠦᠲᠠᠢ ᠨᠠᠭᠤᠷ ᠤᠶᠠᠷᠠᠨ ᠮᠠᠯᠮᠡᠯᠵᠡᠨ᠎ᠡ    ᠵᠡᠷᠭᠡᠯᠭᠡ ᠲᠤᠬᠠᠯᠭᠰᠡᠨ ᠲᠡᠯ᠎ᠡ ᠶᠢᠨ ᠲᠤᠮᠳᠠᠭᠤᠷ    ᠵᠢᠩ ᠤᠨ ᠴᠤᠪᠤᠭ᠎ᠠ ᠵᠢᠵᠢᠭᠷᠡᠨ ᠬᠤᠯᠠᠳᠠᠨ᠎ᠡ    ᠤᠷᠤᠰᠬᠠᠨ ᠪᠢᠴᠢᠭᠰᠡᠨ ᠮᠤᠩᠭᠤᠯ ᠦᠰᠦᠭ ᠠᠴᠠ    ᠤᠯᠠᠭᠠᠨ ᠨᠠᠷᠡᠨ ᠤ ᠠᠮᠢᠰᠬᠤᠭ᠎ᠠ ᠲᠦᠭᠡᠨᠡᠨ᠎ᠡ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号