ᠡᠵᠢ
ᠨᠡᠶᠢᠲᠡᠯᠡᠭᠰᠡᠨ ᠴᠠᠭ᠄
2019-07-22
                                                   ᠡᠷᠳᠡᠨᠢᠪᠢᠯᠢᠭ      ᠬᠠᠨᠠᠲᠦ ᠭᠡᠷ ᠤᠨ ᠮᠢᠨᠢ ᠠᠮᠢᠨ ᠲᠦᠰᠢᠭ ᠪᠤᠯᠤᠭᠰᠡᠨ      ᠬᠠᠶᠢᠷᠠᠲᠦ ᠠᠪᠤ ᠶᠢᠨ ᠮᠢᠨᠢ ᠨᠠᠰᠤᠨ ᠤ ᠬᠢᠨᠢ ᠬᠠᠨᠢ ᠪᠤᠯᠤᠭᠰᠡᠨ      ᠬᠠᠯᠠᠭᠤᠨ ᠲᠤᠯᠠᠭᠠᠨ ᠭᠡᠷ ᠪᠦᠯᠢ ᠶᠢ      ᠬᠤᠩᠭᠤᠷ ᠦᠷ᠎ᠡ ᠪᠢᠲᠡᠨ ᠳᠤ ᠪᠠᠨ ᠤᠯᠭᠤᠯ᠎ᠡ ᠡᠵᠢ ᠮᠢᠨᠢ︕      ᠠᠷᠢᠭᠤᠨ ᠲᠠᠷᠬᠠᠨ ᠡᠩᠭᠡ ᠶᠢᠨ ᠤᠪᠤᠭᠠᠨ ᠤ ᠪᠠᠨ ᠡᠩᠭᠡᠷ ᠢᠶᠠᠷ      ᠠᠷᠤᠭ ᠰᠠᠪᠠᠷ ᠢᠶᠠᠨ ᠡᠭᠦᠷᠴᠦ ᠠᠷᠭᠠᠯ ᠲᠡᠭᠦᠭᠦ ᠳᠤ ᠪᠠᠨ      ᠠᠯᠳᠠᠨ ᠲᠡᠯᠡᠭᠡᠢ ᠶᠢᠨ ᠠᠷᠢᠭᠤᠨ ᠬᠦᠲᠡᠯᠮᠦᠷᠢ ᠶᠢᠨ ᠵᠢᠷᠭᠠᠯ ᠢ ᠡᠳ᠋ᠯᠡᠨ      ᠠᠶᠠᠯᠭᠤ ᠲᠠᠭᠤᠤ ᠪᠠᠨ ᠬᠠᠩᠭᠢᠨᠠᠭᠤᠯᠵᠦ ᠶᠠᠪᠤᠯ᠎ᠡ ᠡᠵᠢ ᠮᠢᠨᠢ      ᠲᠠᠪᠤᠨ ᠬᠦᠴᠦᠲᠡᠨ ᠤ ᠰᠢᠨᠵᠢ ᠪᠦᠷᠢᠳᠦᠭᠰᠡᠨ ᠲᠠᠰᠡᠷᠡᠩ ᠤᠨ ᠬᠤᠷᠮᠤᠢ ᠪᠠᠷ      ᠲᠠᠪᠤᠨ ᠬᠠᠳᠬᠤᠭᠤᠷ ᠢᠶᠠᠨ ᠬᠠᠳᠬᠤᠵᠦ      ᠲᠠᠷᠠᠭ ᠠᠶᠢᠷᠠᠭ ᠤᠨ ᠦᠨᠦᠷ ᠠᠩᠭᠢᠯᠤᠭᠤᠯᠤᠭᠠᠳ      ︽ᠲᠡᠯ᠎ᠡ ᠶᠢᠨ ᠲᠠᠬᠢᠨᠢ︾ ᠠᠴᠠ ᠴᠦ ᠦᠵᠡᠰᠭᠦᠯᠡᠩ ᠶᠡᠪᠤᠯ᠎ᠡ ᠡᠵᠢ ᠮᠢᠨᠢ      ᠨᠤᠭᠤᠭᠠᠨ ᠲᠤᠷᠭᠠᠨ ᠠᠯᠴᠢᠭᠤᠷ ᠢᠶᠠᠨ ᠤᠷᠢᠶᠠᠭᠠᠳ      ᠨᠤᠮᠤᠬᠠᠨ ᠪᠤᠷᠦ ᠪᠠᠨ ᠬᠠᠳᠠᠷᠢᠭᠤᠯᠤᠭᠰᠠᠭᠠᠷ      ᠨᠤᠶᠠᠨ ᠲᠠᠪᠠᠭᠠᠨ ᠤ ᠪᠠᠨ ᠤᠷᠤᠢ ᠪᠠᠷ      ᠨᠤᠳᠤᠭ ᠵᠦᠭ ᠢᠶᠠᠨ ᠲᠡᠮᠡᠦᠯᠵᠦ ᠶᠠᠪᠤᠨ᠎ᠡ ᠡᠵᠢ ᠮᠢᠨᠢ      ᠡᠯᠪᠡᠷᠢᠯ ᠦᠭᠡᠢ ᠮᠠᠭᠤ ᠦᠷ᠎ᠡ ᠴᠢᠨᠢ      ᠦᠯᠮᠠᠢ ᠲᠤᠤᠷ᠎ᠡ ᠴᠢᠨᠢ ᠰᠦᠭᠦᠷᠡᠯ᠎ᠡ ᠡᠵᠢ ᠡ      ᠡᠪᠡᠷᠰᠢᠶᠡᠵᠦ ᠬᠠᠳᠠᠭᠤᠷᠠᠭᠰᠡᠨ ᠭᠠᠷ ᠢ ᠴᠢᠨᠢ      ᠡᠯᠢᠭᠡ ᠵᠢᠷᠦᠭᠡ ᠪᠠᠷ ᠢᠶᠠᠨ ᠲᠠᠮᠳᠠᠷᠢᠯ᠎ᠡ      ᠶᠢᠰᠦᠨ ᠬᠡᠦᠭᠡᠳ ᠢᠶᠠᠨ ᠬᠦᠮᠦᠨ ᠪᠤᠯᠭᠠᠬᠤ ᠶᠢᠨ ᠲᠦᠯᠦᠭᠡ      ᠦᠩᠭᠡ ᠲᠠᠢ ᠰᠠᠶᠢᠬᠠᠨ ᠵᠢᠰᠦ ᠴᠢᠷᠠᠢ ᠴᠢᠨᠢ      ᠦᠷᠴᠢᠯᠡᠭᠡ ᠲᠦᠭᠦᠷᠡᠩ ᠠᠳᠤᠷᠢᠶ᠎ᠡ ᠰᠠᠭᠤᠭᠠᠳ      ᠡᠮᠰᠢᠭᠡᠷ ᠪᠤᠭᠤᠷᠤᠯ ᠬᠦᠭᠰᠢᠨ ᠪᠤᠯᠤᠯ᠎ᠡ ᠳ᠋ᠠ ᠡᠵᠢ ᠮᠢᠨᠢ      ᠡᠪᠤᠯ ᠤᠨ ᠶᠢᠰᠦ ᠶᠢᠨ ᠬᠦᠢᠲᠡᠨ ᠳᠤ      ᠦᠭᠡᠭᠦᠨ ᠲᠤᠰᠤᠨ ᠳ᠋ᠧᠩ ᠤᠨ ᠲᠤᠤᠷ᠎ᠡ      ᠡᠪᠯᠢᠭ ᠰᠠᠶᠢᠬᠠᠨ ᠤᠶᠤᠭᠠᠳ ᠦᠭᠭᠦᠭᠰᠡᠨ      ᠦᠩᠭᠡᠲᠠᠢ ᠲᠡᠷᠯᠢᠭ ᠤᠨ ᠴᠢᠨᠢ ᠰᠠᠶᠢᠨ ᠢᠶᠠᠷ      ᠦᠶᠦᠭ ᠲᠤᠯᠠᠭᠠᠬᠠᠨ ᠶᠠᠪᠤᠬᠰᠡᠨ ᠮᠢᠨᠢ ᠰᠠᠨᠠᠬᠳᠠᠯ᠎ᠡ      ᠪᠠᠶᠠᠷᠳᠤᠬᠤᠰᠢᠭᠤ ᠬᠡᠷᠴᠢᠯᠠᠭᠤ ᠶᠢ ᠬᠤᠯᠪᠤᠭᠰᠡᠨ ᠵᠠᠮ ᠢᠶᠠᠷ      ᠪᠠᠷᠠᠭᠤᠨᠰᠢ ᠵᠠᠭᠦᠨᠰᠢ ᠲᠠᠪᠬᠢᠵᠦ ᠶᠠᠪᠤᠬᠤ ᠳᠠᠭᠠᠨ      ᠪᠠᠷᠠᠯᠠᠭᠠᠳ ᠬᠤᠴᠤᠷᠤᠭᠰᠡᠨ ᠪᠤᠭᠤᠷᠤᠯ ᠡᠵᠢ ᠶᠢᠨ ᠮᠢᠨᠢ      ᠪᠦᠬᠦᠶᠢᠨ ᠰᠠᠭᠤᠭᠠᠳ ᠪᠠᠷᠢᠬᠰᠡᠨ ᠪᠠᠩᠰᠢ ᠪᠠᠷ ᠨᠢ      ᠪᠤᠭᠤᠨᠢ ᠪᠡᠶ᠎ᠡ ᠬᠡᠲᠡᠰᠦ ᠴᠠᠳᠬᠤᠯᠠᠩ ᠶᠠᠪᠤᠬᠰᠡᠨ ᠮᠢᠨᠢ ᠪᠤᠳᠤᠬᠳᠠᠯ᠎ᠡ      ᠠᠷᠡᠯ ᠤᠨ ᠱᠠᠷ ᠰᠢᠭ᠋ ᠵᠢᠳᠭᠦᠵᠦ ᠶᠠᠪᠤᠭᠰᠡᠨ      ᠠᠴᠢᠲᠦ ᠠᠪᠤ ᠶᠢᠨ ᠮᠢᠨᠢ ᠠᠷᠢᠭᠤᠨ ᠰᠦᠨᠡᠰᠦᠨ ᠤ ᠬᠤᠶᠢᠨ᠎ᠡ ᠠᠴᠠ      ᠠᠶᠤᠤᠯᠢᠬᠠᠢ ᠴᠡᠭᠡᠵᠢᠨ ᠤ ᠪᠠᠨ ᠬᠠᠷᠠᠮᠰᠠᠯ ᠭᠠᠩᠰᠡᠷᠡᠯ ᠤᠨ ᠨᠢᠯᠪᠤᠰᠤ ᠪᠠᠨ      ᠠᠰᠬᠠᠷᠠᠭᠤᠯᠤᠭᠰᠠᠭᠠᠷ ᠬᠤᠴᠤᠷᠤᠭᠰᠡᠨ      ᠠᠷᠢᠭᠤᠨ ᠬᠠᠶᠢᠷ᠎ᠡ ᠶᠢᠨ ᠪᠦᠷᠢᠯᠸ᠎ᠠ ᠡᠵᠢ ᠮᠢᠨᠢ ᠬᠦᠨᠳᠦᠳᠠᠢ      ᠬᠦᠭᠡᠷᠦᠨ ᠤᠨᠢᠶᠠᠷᠳᠤᠬᠤ ᠬᠤᠯᠤᠰᠤᠳᠠᠢ ᠶᠢᠨ ᠵᠢᠯᠠᠭ᠎ᠠ ᠶᠢᠨ ᠡᠪᠦᠯᠵᠢᠶ᠎ᠡ ᠠᠴᠠ      ᠬᠤᠩᠭᠤᠷ ᠦᠷ᠎ᠡ ᠶᠢᠨ ᠢᠶᠠᠨ ᠬᠠᠷᠢᠵᠦ ᠢᠷᠡᠬᠦ ᠶᠢ      ᠬᠤᠷᠤᠭᠤ ᠲᠠᠷᠤᠨ ᠬᠤᠨᠤᠭ ᠡᠳᠤᠷ ᠢ ᠲᠤᠭᠠᠯᠠᠵᠦ ᠰᠠᠭᠤᠭᠠᠳ      ᠬᠠᠯᠠᠭᠤᠨ ᠨᠢᠯᠪᠤᠰᠦ ᠪᠠᠨ ᠪᠠᠶᠢᠨ ᠪᠠᠶᠢᠨ ᠠᠷᠴᠢᠵᠦ      ᠬᠠᠯᠠᠰᠢᠷᠡᠯ ᠦᠭᠡᠢ ᠬᠦᠯᠢᠶᠡᠵᠦ ᠰᠠᠭᠤᠨ᠎ᠡ ᠳ᠋ᠠ ᠡᠵᠢ ᠮᠢᠨᠢ      ᠠᠯᠢᠶᠠᠷᠬᠠᠨ ᠤᠷᠤᠰᠬᠤ ᠠᠯᠢᠶ᠎ᠡ ᠶᠢᠨ ᠭᠤᠤᠯ ᠤᠨ ᠬᠦᠪᠡᠭᠡᠨ ᠠᠴᠠ      ᠠᠮᠠᠷᠠᠭ ᠦᠷ᠎ᠡ ᠶᠢᠨ ᠢᠶᠠᠷ ᠬᠤᠶᠢᠨ᠎ᠡ ᠠᠴᠠ      ᠠᠵᠢᠯ ᠦᠢᠯᠡᠰ ᠨᠢ ᠦᠩᠭᠡ ᠲᠠᠢ ᠦᠭᠡᠲᠡ ᠲᠠᠢ ᠶᠢ ᠵᠦᠩᠨᠡᠨ      ᠠᠶᠢᠷᠠᠭ ᠰᠦ ᠶᠢᠨ ᠰᠠᠴᠤᠯᠢ ᠪᠠᠨ ᠡᠷᠭᠦᠲᠡᠭ ᠡᠵᠢ ᠮᠢᠨᠢ      ᠤᠭᠠᠯᠵᠠᠯᠠᠨ ᠤᠷᠤᠰᠬᠤ ᠬᠤᠤᠯᠢᠨ ᠭᠤᠤᠯ ᠤᠨ ᠵᠤᠰᠠᠯᠠᠩ ᠤᠨ ᠲᠠᠨᠵᠢ ᠠᠴᠠ      ᠠᠭᠤᠯᠠ ᠬᠠᠶᠢᠷᠬᠠᠨ ᠤ ᠪᠠᠨ ᠨᠠᠪᠳᠠᠭ ᠰᠠᠪᠳᠠᠭ ᠲᠤ ᠨᠢ      ᠦᠷᠯᠦᠭᠡ ᠪᠦᠷᠢ ᠰᠠᠴᠤᠯᠢ ᠶᠢᠨ ᠲᠡᠭᠡᠵᠢ ᠪᠠᠨ ᠡᠷᠭᠦᠵᠦ      ᠦᠷ᠎ᠡ ᠠᠴᠢ ᠶᠢᠨ ᠢᠶᠠᠨ ᠦᠭᠡᠳᠡᠷᠭᠡᠭ ᠶᠠᠪᠤᠬᠤ ᠶᠢ ᠲᠠᠭᠠᠳᠬᠠᠳᠠᠭ ᠡᠵᠢ ᠮᠢᠨᠢ      ᠠᠭᠤᠤ ᠨᠠᠮ ᠤᠨ ᠢᠶᠠᠨ ᠨᠠᠨᠳᠢᠨ ᠬᠦᠮᠦᠵᠢᠯ ᠢᠶᠠᠷ      ᠠᠷᠡᠳ ᠤᠨ ᠪᠠᠭᠰᠢ ᠶᠢᠨ ᠠᠯᠲᠡᠷ ᠢ ᠬᠦᠷᠲᠡᠯ᠎ᠡ ᠪᠢ      ᠠᠴᠢᠲᠦ ᠡᠭᠡ ᠶᠢᠨ ᠢᠶᠠᠨ ᠠᠷᠢᠭᠤᠨ ᠰᠤᠷᠭᠠᠯ ᠢᠶᠠᠷ      ᠠᠴᠢ ᠦᠷᠡᠰ ᠢᠶᠠᠨ ᠬᠦᠮᠦᠵᠢᠭᠦᠯᠵᠦ ᠶᠠᠪᠤᠨ᠎ᠡ ᠪᠢ      ᠡᠭᠡ ᠨᠤᠳᠤᠭ ᠤᠨ ᠢᠶᠠᠨ ᠠᠯᠳᠠᠷ ᠨᠡᠷ᠎ᠡ ᠶᠢ      ᠡᠨᠡᠭᠡᠨ ᠽᠠᠨᠪᠤᠯᠢᠩ ᠳᠤ ᠡᠷᠭᠦᠵᠦ ᠶᠠᠪᠤᠨ᠎ᠡ ᠬᠦᠦ ᠴᠢᠨᠢ ᠪᠢ      ᠡᠯᠪᠡᠷᠢᠯᠲᠦ ᠡᠭᠡ ᠶᠢᠨ ᠢᠶᠠᠨ ᠡᠷᠳᠡᠨᠢ ᠶᠢᠨ ᠰᠤᠷᠭᠠᠯ ᠢ      ᠡᠩᠭᠦᠷᠠᠢ ᠱᠠᠪᠢ ᠳᠤ ᠪᠠᠨ ᠵᠠᠯᠭᠠᠮᠵᠢᠯᠡᠵᠦ ᠶᠠᠪᠤᠨ᠎ᠡ ᠬᠦᠦ ᠴᠢᠨᠢ ᠪᠢ᠃
 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号