ᠵᠢᠭᠤᠯᠴᠢᠯᠠᠯ
ᠨᠡᠶᠢᠲᠡᠯᠡᠭᠰᠡᠨ ᠴᠠᠭ᠄
2019-06-27
     ᠵᠢᠭᠤᠯᠴᠢᠯᠠᠯ ᠪᠤᠯ ᠠᠵᠤ ᠠᠬᠤᠢ ᠨᠡᠶᠢᠭᠡᠮ ᠤᠨ ᠬᠦᠭᠵᠢᠯᠲᠡ ᠵᠤᠬᠢᠬᠤ ᠱᠠᠳᠤᠨ ᠳᠤ ᠬᠦᠷᠦᠭᠰᠡᠨ ᠤ ᠲᠠᠷᠠᠭ᠎ᠠ ᠬᠦᠭᠵᠢᠨ ᠮᠠᠨᠳᠤᠭᠰᠠᠨ ᠠᠵᠤ ᠦᠢᠯᠡᠰ ᠮᠦᠨ᠂ ᠬᠦᠮᠦᠰ ᠤᠨ ᠠᠮᠢᠳᠤᠷᠠᠯ ᠤᠨ ᠲᠦᠪᠰᠢᠨ ᠵᠤᠬᠢᠬᠤ ᠬᠡᠮᠵᠢᠶᠡᠨ ᠳᠤ ᠬᠦᠷᠦᠭᠰᠡᠨ ᠤ ᠲᠠᠷᠠᠭᠠᠬᠢ ᠬᠡᠷᠡᠭᠯᠡᠬᠡᠨ ᠤ ᠱᠠᠭᠠᠷᠳᠠᠯᠭ᠎ᠠ ᠪᠤᠯᠬᠤ ᠶᠤᠮ᠃ ᠦᠬᠡᠷᠡᠴᠢᠯᠡᠯᠳᠡ ᠨᠡᠬᠡᠬᠡᠯᠳᠡ ᠶᠢᠨ ᠲᠠᠷᠠᠭ᠎ᠠ ᠮᠠᠨ ᠤ ᠤᠷᠤᠨ ᠳᠤ ᠵᠢᠭᠤᠯᠴᠢᠯᠠᠯ ᠤᠨ ᠦᠢᠯᠡᠰ ᠪᠤᠢ ᠪᠤᠯᠤᠭᠰᠠᠨ ᠪᠤᠯᠪᠠᠴᠦ ᠬᠠᠷᠢ ᠶᠢᠨ ᠵᠢᠭᠤᠯᠴᠢᠯᠠᠬᠴᠢ ᠪᠠᠷ ᠭᠤᠤᠯᠳᠠᠵᠤ᠂ 1991 ᠤᠨ ᠪᠤᠯᠬᠤ ᠳᠤ ᠬᠦᠯᠢᠶᠠᠨ ᠠᠪᠤᠭᠰᠠᠨ ᠤᠯᠤᠰ ᠤᠨ ᠲᠤᠳᠤᠭᠠᠳᠤ ᠶᠢᠨ ᠵᠢᠭᠤᠯᠴᠢᠯᠠᠭᠴᠢ ᠰᠠᠶ᠋ᠢ ᠵᠤᠬᠢᠬᠤ ᠬᠡᠪᠴᠢᠶ᠎ᠡ ᠲᠠᠢ ᠪᠤᠯᠵᠤ᠂ ᠲᠤᠰ ᠵᠢᠯ ᠠᠴᠠ ᠡᠬᠢᠯᠡᠬᠡᠳ ᠬᠦᠷᠦᠯᠴᠡᠨ ᠢᠷᠡᠭᠰᠡᠨ ᠤᠯᠤᠰ ᠤᠨ ᠲᠤᠳᠤᠭᠠᠳᠤ ᠶᠢᠨ ᠵᠢᠭᠤᠯᠴᠢᠯᠠᠭᠴᠢ ᠶᠢᠨ ᠲᠤᠭ᠎ᠠ ᠰᠠᠶ᠋ᠢ ᠦᠪᠤᠷ ᠮᠤᠩᠭᠤᠯ ᠤᠨ ᠲᠤᠭ᠎ᠠ ᠪᠦᠷᠢᠳᠬᠡᠯ ᠳᠤ ᠲᠡᠮᠳᠡᠭᠯᠡᠭᠳᠡᠭᠰᠡᠨ ᠠᠵᠢ᠃ ᠡᠭᠦᠨ ᠤ ᠲᠠᠷᠠᠭ᠎ᠠ ᠤᠯᠠᠨ ᠨᠡᠶᠢᠲᠡ ᠶᠢᠨ ᠵᠢᠭᠤᠯᠴᠢᠯᠠᠯ ᠤᠨ ᠴᠠᠭ ᠦᠶ᠎ᠡ ᠳᠤ ᠤᠷᠤᠬᠤ ᠶᠢ ᠲᠠᠭᠠᠯᠳᠤᠨ ᠮᠠᠨ ᠤ ᠤᠷᠤᠨ ᠤ ᠬᠦᠯᠢᠶᠠᠨ ᠠᠪᠤᠭᠰᠠᠨ ᠵᠢᠭᠤᠯᠴᠢᠯᠠᠭᠴᠢ ᠵᠢᠯ ᠠᠴᠠ ᠵᠢᠯ ᠨᠡᠮᠡᠭᠳᠡᠭᠰᠡᠬᠡᠷ᠃ ᠢᠯᠠᠩᠭᠤᠶ᠎ᠡ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢ ᠮᠠᠨ ᠤ ᠤᠷᠤᠨ ᠤ ᠬᠦᠯᠢᠶᠡᠨ ᠠᠪᠤᠭᠰᠠᠨ ᠤᠯᠤᠰ ᠤᠨ ᠲᠤᠳᠤᠭᠠᠳᠤ ᠶᠢᠨ ᠵᠢᠭᠤᠯᠴᠢᠯᠠᠭᠴᠢ ᠶᠡᠭᠡ ᠪᠠᠷ ᠨᠡᠮᠡᠭᠳᠡᠵᠤ᠂ ᠨᠢᠳᠤᠨᠤᠨ ᠪᠦᠬᠦ ᠤᠷᠤᠨ ᠢᠶᠠᠷ ᠢᠶᠠᠨ ᠤᠯᠤᠰ ᠤᠨ ᠲᠤᠳᠤᠭᠠᠳᠤ ᠶᠢᠨ 12856 ᠲᠦᠮᠡ ᠭᠠᠷᠤᠢ ᠵᠢᠭᠤᠯᠴᠢᠯᠠᠭᠴᠢ ︵ᠬᠦᠮᠦᠨ ᠣᠳᠠᠭ᠎ᠠ︶ ᠶᠢ ᠬᠦᠯᠢᠶᠡᠨ ᠠᠪᠴᠦ᠂ 1991 ᠤᠨ ᠤ ᠬᠢ ᠠᠴᠠ 90.83 ᠲᠠᠬᠢᠨ ᠨᠡᠮᠡᠭᠳᠡᠵᠠᠢ᠃          ᠵ᠊ᠵᠭᠤᠯᠴᠢᠯᠠᠯ ᠪᠤᠯ ᠬᠦᠮᠦᠰ ᠤᠨ ᠠᠮᠢᠳᠤᠷᠠᠯ ᠤᠨ ᠲᠦᠪᠰᠢᠨ ᠤ ᠲᠠᠬᠡᠭᠰᠢᠯᠠᠯᠳᠠ ᠶᠢᠨ ᠴᠢᠬᠤᠯᠠ ᠨᠢᠬᠡᠨ ᠵᠢᠭᠠᠯᠳᠠ ᠲᠤᠭ᠎ᠠ ᠶᠤᠮᠰᠠᠨ᠃ ᠲᠠᠷᠡ ᠨᠢ ᠦᠩᠬᠡᠷᠡᠭᠰᠡᠨ ᠤ ᠴᠦᠬᠡᠪᠳᠤᠷ ᠬᠦᠮᠦᠨ ᠤ ᠡᠳ᠋ᠯᠡᠵᠤ ᠲᠡᠶᠢᠯᠭᠦ ᠬᠡᠬᠡᠨᠴᠢᠷ ︽ᠡᠳ᠋︾ ᠪᠠᠶᠢᠬᠰᠡᠨ ᠠᠴᠠ ᠪᠠᠨ ᠤᠳᠤ ᠤᠯᠠᠨ ᠨᠡᠶᠢᠲᠡᠮᠴᠢᠯᠡᠭᠰᠡᠨ ᠡᠳᠤᠷ ᠲᠤᠳᠤᠮ ᠤᠨ ᠬᠡᠷᠡᠭᠯᠡᠭᠡ ᠪᠤᠯᠵᠤ᠂ ᠠᠷᠠᠳ ᠤᠯᠠᠨ ᠤ ᠡᠳᠤᠷ ᠲᠤᠳᠤᠮ ᠤᠨ ᠠᠮᠢᠳᠤᠷᠠᠯ ᠤᠨ ᠴᠢᠬᠤᠯᠠ ᠨᠢᠭᠡᠨ ᠠᠭᠤᠯᠭ᠎ᠠ ᠪᠤᠯᠵᠠᠢ᠃ ᠡᠬᠡ ᠤᠯᠤᠰ ᠤᠨ ᠵᠠᠭᠦᠨ ᠬᠤᠶᠢᠲᠦ ᠤᠷᠤᠨ᠂ ᠤᠮᠠᠷᠠᠳᠤ ᠤᠷᠤᠨ ᠪᠠ ᠪᠠᠷᠠᠭᠤᠨ ᠬᠤᠶᠢᠲᠦ ᠤᠷᠤᠨ ᠢ ᠰᠤᠨᠳᠠᠯᠠᠭᠰᠠᠨ ᠮᠠᠨ ᠤ ᠤᠷᠤᠨ ᠤ ᠵᠡᠬᠦᠨᠰᠢ ᠪᠠᠷᠠᠭᠤᠨᠰᠢᠬᠢ ᠰᠢᠯᠤᠭᠤᠨ ᠵᠠᠢ 2400 ᠺᠢᠯᠤᠮᠧᠲᠷ᠂ ᠡᠮᠤᠨᠠᠰᠢ ᠤᠮᠠᠷᠠᠰᠢᠬᠢ ᠰᠢᠭᠤᠳ ᠵᠠᠢ 1700 ᠺᠢᠯᠤᠮᠧᠲᠷ ᠪᠠᠶᠢᠵᠦ᠂ ᠠᠯᠭᠤᠷᠬᠠᠨ ᠮᠠᠨᠳᠤᠭᠰᠡᠨ ᠨᠠᠷᠡ ᠬᠤᠶᠠᠷ ᠴᠠᠭ ᠰᠢᠬᠠᠮ ᠪᠤᠯᠤᠭᠰᠠᠨ ᠬᠤᠶᠢᠨ᠎ᠡ ᠰᠠᠶ᠋ᠢ ᠦᠪᠤᠷ ᠮᠤᠩᠭᠤᠯ ᠤᠨ ᠡᠭᠡ ᠭᠠᠵᠠᠷ ᠢ ᠪᠦᠬᠦᠨ ᠢ ᠭᠡᠶᠢᠭᠦᠯᠵᠦ᠂ ᠡᠮᠦᠨ᠎ᠡ ᠪᠡᠶ᠎ᠡ ᠪᠠᠷ ᠨᠢ ᠭᠦᠢᠯᠡᠰᠦ ᠴᠡᠴᠡᠭᠯᠡᠨ ᠡᠪᠡᠰᠦ ᠴᠤᠬᠤᠶᠢᠭᠰᠡᠨ ᠪᠠᠶᠢᠬᠤ ᠳᠤ ᠤᠮᠠᠷᠠᠳᠤ ᠬᠢᠯᠢ ᠨᠢ ᠮᠦᠨ ᠬᠦ ᠴᠠᠰᠤ ᠮᠦᠰᠤᠨ ᠳᠤ ᠬᠤᠴᠢᠭᠳᠠᠭᠰᠠᠭᠠᠷ᠃ ᠪᠦᠬᠦ ᠤᠯᠤᠰ  ᠤᠨ ᠨᠤᠳᠤᠭ ᠲᠡᠪᠢᠰᠭᠡᠷ ᠤᠨ 12.5% ᠤᠷᠴᠢᠮ ᠢ ᠡᠵᠡᠯᠡᠭᠰᠡᠨ ᠦᠷᠬᠡᠨ ᠠᠭᠤᠳᠠᠮ ᠦᠪᠤᠷ ᠮᠤᠩᠭᠤᠯ ᠳᠤ ᠲᠡᠯ᠎ᠡ ᠭᠠᠵᠠᠷ᠂ ᠤᠢ ᠰᠢᠭᠤᠢ᠂ ᠴᠠᠰᠦ ᠮᠦᠰᠦ᠂ ᠭᠤᠤᠯ ᠭᠤᠷᠤᠬ᠎ᠠ᠂ ᠨᠠᠭᠤᠷ ᠪᠦᠷᠢᠲᠦ᠂ ᠨᠤᠭᠤ ᠭᠠᠵᠠᠷ᠂ ᠠᠭᠤᠯᠠ ᠬᠠᠶᠢᠢᠷᠬᠠᠨ᠂ ᠡᠯᠡᠰᠤ ᠮᠠᠩᠬ᠎ᠠ ᠶᠢᠨ ᠡᠳᠡᠬᠡᠳ ᠭᠤᠶᠤ ᠦᠵᠡᠮᠵᠢ ᠲᠠᠢ︔ ᠲᠠᠯᠡᠬᠡᠢ ᠳ᠋ᠠᠬᠢᠨ ᠳᠤ ᠠᠯᠳᠠᠷᠰᠢᠭᠰᠠᠨ ᠨᠡᠬᠦᠳᠡᠯ ᠮᠠᠯᠵᠢᠯ ᠤᠨ ᠰᠤᠶᠤᠯ᠂ ᠬᠤᠩ ᠱᠠᠨ ᠰᠤᠶᠤᠯ᠂ ᠳ᠋ᠠ ᠶᠤᠤ ᠶᠢᠨ ᠰᠤᠶᠤᠯ᠂ ᠪᠤᠷᠤᠳᠤᠬᠤᠢ ᠶᠢᠨ ᠰᠤᠶᠤᠯ ᠮᠡᠳᠤ ᠶᠢᠨ ᠬᠦᠮᠦᠨ ᠲᠦᠷᠦᠯᠬᠢᠲᠡᠨ ᠤ ᠪᠤᠯᠪᠠᠰᠤᠨ ᠲᠠᠢ︔ ᠬᠦᠮᠦᠰ ᠤᠨ ᠠᠩᠬᠠᠷᠤᠯ ᠢ ᠲᠠᠳᠠᠭᠰᠠᠨ ᠶᠤᠸᠠᠨ ᠤ ᠲᠠᠬᠡᠳᠤ ᠨᠡᠶᠢᠰᠯᠡᠯ᠂ ᠯᠢᠶᠤᠤ ᠶᠢᠨ ᠲᠠᠬᠡᠳᠤ ᠨᠡᠶᠢᠰᠯᠡᠯ᠂ ᠴᠢᠩᠬᠢᠰ ᠬᠠᠭᠠᠨ ᠤ ᠤᠩᠭᠤᠨ ᠮᠡᠳᠤ ᠶᠢᠨ ᠰᠤᠶᠤᠯ ᠤᠨ ᠦᠪ ᠲᠠᠢ ᠶᠤᠮ᠃ ᠮᠠᠨ ᠤ ᠤᠷᠤᠨ ᠡᠶᠢᠮᠦᠷᠭᠦᠦ ᠰᠦᠷᠯᠢᠭ ᠰᠠᠶᠢᠢᠬᠠᠨ ᠪᠠᠶᠢᠭᠠᠯᠢ ᠶᠢᠨ ᠦᠵᠡᠮᠵᠢ᠂ ᠦᠨᠢ ᠤᠳᠠᠭᠠᠨ ᠲᠡᠤᠬᠡ ᠰᠤᠶᠤᠯ ᠪᠤᠯᠤᠨ ᠬᠦᠨ ᠵᠤᠵᠠᠭᠠᠨ ᠦᠨᠳᠦᠰᠦᠲᠡᠨ ᠤ ᠵᠠᠩ ᠲᠠᠳᠬᠠᠯ ᠢᠶᠠᠨ ᠠᠰᠢᠬᠯᠠᠨ ᠪᠦᠬᠦ ᠤᠷᠤᠨ ᠪᠦᠰᠡ ᠶᠢᠨ ᠵᠢᠭᠤᠯᠴᠢᠯᠠᠯ᠂ ᠲᠦᠷᠪᠡᠨ ᠤᠯᠠᠷᠢᠯ ᠤᠨ ᠵᠢᠭᠤᠯᠴᠢᠯᠠᠯ ᠢ ᠨᠡᠭᠡᠭᠡᠨ ᠬᠦᠭᠵᠢᠭᠦᠯᠵᠦ᠂ ᠠᠮᠢ ᠠᠬᠤᠢ ᠶᠢᠨ ᠪᠤᠬᠢᠷᠳᠤᠯ ᠦᠭᠡᠢ ᠰᠢᠵᠢᠷ ᠠᠯᠳᠠᠨ ᠦᠢᠯᠡᠰ ᠢ ᠴᠤᠬᠴᠠᠯᠠᠭᠰᠡᠨ ᠪᠠᠶᠢᠨ᠎ᠡ᠃      ᠲᠤᠭ᠎ᠠ ᠨᠤᠷᠮ᠎ᠡ ᠳ᠋ᠠᠩ ᠴᠤᠯᠭᠤᠢ ᠪᠤᠯᠪᠠᠴᠦ ᠬᠠᠮᠤᠭ ᠤᠨ ᠢᠳᠡᠬᠡᠬᠦᠯᠬᠦ ᠬᠦᠴᠦᠨ ᠲᠠᠢ ᠶᠤᠮ᠃ ᠮᠠᠨ ᠤ ᠣᠷᠣᠨ  ᠤ ᠵᠢᠭᠤᠯᠴᠢᠯᠠᠯ ᠤᠨ ᠦᠢᠯᠡᠰ ᠤᠨ ᠵᠢᠯ ᠤᠨ ᠶᠡᠷᠦᠩᠬᠡᠢ ᠣᠷᠣᠯᠭ᠎ᠠ 1980 ᠤᠨ ᠳᠤ 400 ᠲᠦᠮᠡᠨ ᠲᠦᠬᠦᠷᠢᠭ ᠯᠡ ᠪᠠᠶᠢᠬᠰᠡᠨ ᠠᠴᠠ ᠪᠠᠨ 2018 ᠤᠨ ᠳᠤ 4011.4 ᠳ᠋ᠦᠩᠰᠢᠭᠤᠷ ᠲᠦᠬᠦᠷᠢᠭ ᠲᠤ ᠬᠦᠷᠴᠦ᠂ 10 ᠲᠦᠮᠡ ᠭᠠᠷᠤᠢ ᠲᠠᠬᠢᠨ ᠨᠡᠮᠡᠭᠲᠡᠪᠡ᠃ ᠡᠨᠡ ᠨᠢ ᠵᠢᠭᠤᠯᠴᠢᠯᠠᠯ ᠤᠨ ᠦᠢᠯᠡᠰ ᠨᠢᠬᠡᠨᠳᠡ ᠮᠠᠨ ᠤ ᠤᠷᠣᠨ ᠤ ᠤᠯᠤᠰ ᠠᠷᠠᠳ ᠤᠨ ᠠᠵᠤ ᠠᠬᠤᠢ ᠶᠢᠨ ᠪᠠᠶᠢᠯᠳᠤᠬᠤ ᠪᠤᠳᠤᠯᠭ᠎ᠠ ᠶᠢᠨ ᠴᠢᠨᠠᠷᠳᠠᠢ ᠰᠢᠨ᠎ᠡ ᠪᠠᠷ ᠮᠠᠨᠳᠤᠭᠰᠠᠨ ᠠᠵᠤ ᠦᠢᠯᠡᠰ ᠪᠤᠯᠵᠤ᠂ ᠨᠡᠮᠡᠭᠳᠡᠯ ᠢ ᠲᠤᠭᠳᠠᠪᠤᠷᠢᠵᠢᠭᠤᠯᠬᠤ᠂ ᠪᠦᠳᠦᠴᠡ ᠶᠢ ᠲᠤᠬᠢᠷᠠᠭᠤᠯᠬᠤ᠂ ᠠᠵᠢᠯ ᠤᠯᠭᠤᠯᠳᠠ ᠶᠢ ᠠᠬᠢᠭᠤᠯᠬᠤ ᠪᠠ ᠠᠷᠠᠳ  ᠤᠨ ᠠᠮᠢᠳᠤᠷᠠᠯ ᠳᠤ ᠠᠰᠢᠭ ᠬᠦᠷᠳᠡᠬᠡᠬᠦ ᠴᠢᠬᠤᠯᠠ ᠠᠵᠤ ᠦᠢᠯᠡᠰ ᠪᠤᠯᠤᠭᠰᠠᠨ ᠢ ᠮᠠᠷᠭᠤᠰᠢ ᠦᠬᠡᠢ ᠬᠡᠷᠡᠴᠢᠯᠡᠵᠤ ᠪᠤᠢ᠃

 
ᠢᠷᠡᠯᠲᠡ᠄ ᠦᠪᠦᠷ ᠮᠤᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号