ᠠᠳᠡᠭᠦᠷᠡᠯ
ᠨᠡᠶᠢᠲᠡᠯᠡᠭᠰᠡᠨ ᠴᠠᠭ᠄
2019-04-30
                                          ᠹᠧᠩ᠊· ᠰᠡᠴᠡᠨᠪᠠᠭᠠᠳᠤᠷ      ᠠᠯᠢᠶᠠᠬᠦᠦ ᠰᠤᠯᠢᠶ᠎ᠠ ᠳᠤᠰᠤᠭᠰᠠᠨ ᠰᠢᠭ᠋ ᠪᠤᠯᠤᠭᠠᠳ ᠬᠤᠶᠠᠷ ᠬᠤᠨᠤᠪᠠ᠃ ᠡᠮᠡᠭᠡ ᠨᠢ ᠠᠩᠭᠢ ᠶᠢᠨ ᠪᠠᠭᠰᠢ ᠳᠤᠨᠢ ᠬᠦᠨᠳᠦ ᠲᠠᠭᠰᠢᠭᠤᠷ ᠬᠦᠷᠴᠠᠢ ᠭᠡᠵᠦ ᠴᠢᠯᠦᠭᠡ ᠭᠤᠶᠤᠵᠠᠢ᠃ ᠤᠤᠯ ᠨᠢ ᠰᠤᠷᠤᠯᠭ᠎ᠠ ᠰᠠᠶᠢᠨ᠂ ᠴᠤᠪᠤᠭᠤ ᠲᠡᠭᠵᠢᠨ᠂ ᠡᠪ ᠡᠷᠡᠭᠦᠯ ᠪᠠᠶᠢᠭᠰᠠᠨ ᠬᠡᠤᠬᠡᠳ ᠬᠤᠶᠠᠷ ᠡᠳᠦᠷ ᠤᠨ ᠠᠮᠠᠷᠠᠯᠳᠠ ᠳᠤ ᠠᠩᠭᠢ ᠪᠠᠷ ᠢᠶᠠᠨ ᠰᠤᠷᠭᠠᠭᠤᠯᠢ ᠶᠢᠨ ᠢᠶᠠᠨ ᠪᠠᠷᠠᠭᠤᠨ ᠮᠠᠩᠬᠠᠨ ᠳᠤ ᠮᠤᠳᠤ ᠲᠠᠷᠢᠭᠠᠳ ᠤᠷᠤᠢ ᠨᠢ ᠬᠠᠷᠢᠵᠦ ᠢᠷᠡᠬᠦ ᠪᠠᠷ ᠨᠢᠭᠡᠯᠡ ᠵᠢᠭ ᠨᠢ ᠦᠭᠡᠷ᠎ᠡ ᠴᠢᠬᠢ ᠨᠢ ᠲᠡᠯᠳᠡᠭᠡᠷ ᠪᠤᠯᠵᠠᠢ᠃ ᠡᠭᠦᠨ ᠢ ᠦᠵᠡᠭᠰᠡᠨ ᠡᠮᠡᠭᠡ ᠲᠤᠯᠵᠢᠨ ᠤ ᠨᠢᠳᠦ ᠨᠢ ᠤᠷᠤᠢ ᠲᠡᠭᠡᠷ᠎ᠡ ᠪᠠᠨ ᠭᠠᠷᠴᠤ᠂ ᠮᠡᠳᠡᠳᠡᠭ ᠬᠡᠳᠦᠨ ᠪᠤᠷᠬᠠᠨ ᠤ ᠪᠠᠨ ᠨᠡᠷ᠎ᠡ ᠶᠢ ᠰᠤᠯᠢᠵᠦ ᠬᠤᠳᠬᠤᠨ ᠲᠠᠭᠤᠳᠠᠵᠦ᠂ ᠠᠷᠭᠠᠯ ᠤᠨ ᠦᠨᠡᠰᠦ ᠲᠠᠷᠤᠭᠰᠠᠨ ᠵᠢᠵᠢᠭᠬᠡᠨ ᠭᠤᠷᠪᠠᠨ ᠬᠦᠯ ᠲᠠᠢ ᠮᠦᠩᠭᠦᠨ ᠬᠦᠯᠢᠰ ᠲᠤ ᠬᠦᠵᠢ ᠨᠤᠴᠤᠭᠠᠵᠦ᠂ ᠲᠡᠭᠡᠷ᠎ᠡ ᠨᠢ ᠤᠳᠤᠯᠭ᠎ᠠ ᠠᠷᠢᠭᠤᠯᠭ᠎ᠠ ᠤᠤᠭᠢᠭᠤᠯᠪᠠ᠃ ᠨᠠᠷᠢᠬᠠᠨ ᠴᠡᠩᠬᠡᠷ ᠤᠳᠤᠭ᠎ᠠ ᠴᠠᠭᠢᠯᠭᠠᠨ ᠳ᠋ᠧᠩ ᠤᠨ ᠭᠡᠷᠡᠯ ᠳᠤ ᠰᠤᠨᠤᠯᠵᠢᠨ ᠮᠢᠷᠠᠯᠵᠠᠵᠦ᠂ ᠠᠷᠴᠠ ᠭᠠᠩᠭ᠎ᠠ ᠶᠢᠨ ᠰᠠᠶᠢᠬᠠᠨ ᠦᠨᠦᠷ ᠭᠡᠷ ᠲᠦᠭᠦᠷᠡᠩ ᠰᠡᠩᠭᠢᠨᠡᠵᠦ ᠠᠯᠢᠶᠠᠬᠦᠦ ᠶᠢᠨ ᠴᠢᠷᠠᠢ ᠨᠠᠭᠠᠰᠢᠯᠠᠬᠤ ᠰᠢᠨᠵᠢ ᠲᠠᠢ ᠪᠤᠯᠪᠠ᠃      ᠲᠤᠯᠵᠢᠨ ᠡᠮᠡᠭᠡᠨ ᠠᠴᠢ ᠬᠦᠦ ᠪᠠᠨ ᠬᠤᠰᠢᠭᠤᠨ ᠤ ᠮᠤᠩᠭᠤᠯ ᠪᠠᠭ᠎ᠠ ᠰᠤᠷᠭᠠᠭᠤᠯᠢ ᠳᠤ ᠤᠷᠤᠭᠤᠯᠤᠨ᠎ᠠ ᠬᠡᠮᠡᠨ ᠰᠤᠷᠭᠠᠭᠤᠯᠢ ᠶᠢᠨ ᠬᠠᠪᠢ ᠳᠤ ᠠᠭᠤᠵᠢᠮ ᠰᠠᠷᠠᠭᠤᠯ ᠠᠰᠠᠷ ᠬᠤᠳᠠᠯᠳᠤᠨ ᠠᠪᠴᠤ ᠰᠠᠭᠤᠭᠠᠳ ᠬᠡᠳᠦᠨ ᠵᠢᠯ ᠪᠤᠯᠵᠠᠢ᠃ ᠲᠦᠷᠦ ᠶᠢᠨ ᠰᠠᠶᠢᠨ ᠢᠶᠠᠷ ᠲᠤᠯᠵᠢᠨ ᠡᠮᠡᠭᠡᠨ ᠤ ᠬᠢ ᠶᠤᠰᠤᠳᠠᠢ ᠯᠡ ᠨᠢᠳᠦ ᠪᠠᠨ ᠪᠦᠯᠳᠦᠷᠡᠳᠡᠯ᠎ᠡ ᠪᠠᠶᠠᠵᠢᠪᠠ᠃ ᠬᠡᠪᠡᠴᠦ ᠲᠤᠯᠵᠢᠨ ᠡᠮᠡᠭᠡᠨ ᠡᠨᠡ ᠪᠦᠬᠦᠨ ᠢ ᠪᠦᠷ ᠯᠡ ᠲᠡᠭᠡᠳᠦᠰ ᠲᠡᠭᠡᠨ ᠵᠠᠯᠪᠠᠷᠢᠠᠭᠰᠠᠨ ᠤ ᠠᠴᠢ᠂ ᠰᠦᠮ᠎ᠡ ᠯᠠᠮ᠎ᠠ ᠳᠤ ᠲᠠᠭᠠᠳᠬᠠᠵᠦ ᠪᠤᠶᠠᠨ ᠨᠤᠮ ᠬᠢᠭᠰᠡᠨ ᠤ ᠰᠠᠶᠢᠨ ᠨᠢ ᠢᠷᠡᠵᠦ ᠪᠠᠶᠢᠨ᠎ᠠ ᠬᠡᠮᠡᠨ ᠪᠤᠳᠤᠨ᠎ᠠ᠃ ᠶᠠᠭᠤ ᠴᠦ ᠭᠡᠰᠡᠨ ︽ᠬᠦᠮᠦᠨ ᠬᠦᠮᠦᠨ ᠢ ᠭᠤᠮᠤᠳᠠᠭᠠᠪᠠᠴᠤ᠂ ᠬᠦᠳᠡᠯᠮᠦᠷᠢ ᠬᠦᠮᠦᠨ ᠢ ᠭᠤᠮᠤᠳᠠᠭᠠᠬᠤ ᠦᠭᠡᠢ︾ ᠭᠡᠳᠡᠭ ᠦᠨᠡᠨ᠃ ᠬᠦᠭᠰᠢᠨ ᠬᠡᠳᠦᠨ ᠦᠨᠦᠴᠢᠨ ᠬᠡᠤᠬᠡᠳ ᠲᠠᠢ ᠪᠠᠨ ᠮᠠᠯ ᠪᠡᠯᠴᠢᠭᠡᠷ ᠢ ᠡᠷᠦᠬᠡ ᠳᠤ ᠲᠠᠭᠠᠭᠠᠴᠢᠯᠠᠭᠤᠯᠬᠤ ᠪᠠᠷ ᠬᠤᠪᠢᠳᠠᠨ ᠤᠯᠤᠭᠰᠠᠨ ᠬᠡᠳᠦᠨ ᠮᠠᠯ ᠢᠶᠠᠨ ᠬᠠᠯᠠᠭᠤᠨ ᠳᠤ ᠬᠠᠯᠠᠵᠦ᠂ ᠬᠦᠢᠳᠡᠨ ᠳᠤ ᠬᠦᠷᠦᠵᠦ᠂ ᠬᠠᠶᠢᠷᠠᠯᠠᠵᠦ ᠬᠠᠮᠠᠭᠠᠯᠠᠬᠤ ᠶᠢᠨ ᠬᠦᠴᠦᠨ ᠳᠤ ᠦᠭᠡᠷᠡᠴᠢᠯᠡᠯᠳᠡ ᠶᠢᠨ ᠬᠤᠷᠢᠨ ᠵᠢᠯ ᠳᠤ ᠨᠢ ᠮᠢᠩᠭᠠᠳᠦ ᠶᠢᠨ ᠡᠷᠦᠬᠡ ᠶᠢᠨ ᠤᠯᠠᠭᠠᠨ ᠫᠠᠶᠢᠰᠠ ᠶᠢ ᠬᠤᠶᠢᠮᠤᠷ ᠲᠠᠭᠠᠨ ᠡᠯᠭᠦᠪᠡ᠃ ᠬᠡᠳᠦᠨ ᠵᠢᠯ ᠤᠨ ᠡᠮᠦᠨ᠎ᠡ ᠪᠠᠭ᠎ᠠ ᠬᠦᠦ ᠨᠢ ᠮᠢᠩᠭᠠᠨ ᠴᠠᠭᠠᠨ ᠬᠤᠨᠢ ᠪᠠᠨ ᠠᠰᠠᠷ᠂ ᠦᠬᠡᠷ ᠪᠤᠯᠭᠠᠵᠦ ᠡᠵᠢ ᠶᠢᠨ ᠢᠶᠠᠨ ᠠᠭᠤᠷ ᠢ ᠬᠦᠷᠭᠡᠭᠰᠡᠨ ᠤᠳᠠᠭ᠎ᠠ ᠲᠠᠢ᠃ ᠬᠠᠭᠤᠴᠢᠨ ᠤ ᠬᠦᠮᠦᠨ ᠭᠠᠩᠳᠠᠭᠤᠨ᠃ ᠬᠤᠨᠢ ᠮᠠᠯᠵᠢᠬᠤ ᠦᠭᠡᠢ ᠪᠤᠯ ᠬᠤᠳᠠ ᠳᠤ ᠰᠠᠭᠤᠨ᠎ᠠ ᠭᠡᠵᠦ ᠬᠦᠭᠰᠢᠨ ᠬᠤᠳᠠ ᠳᠤ ᠨᠡᠭᠦᠵᠠᠢ᠃ ᠤᠳᠤ ᠪᠠᠭ᠎ᠠ ᠬᠦᠦ ᠨᠢ ᠨᠤᠳᠤᠭ ᠲᠠᠭᠠᠨ ᠰᠢᠷ᠎ᠠ ᠠᠯᠠᠭ᠂ ᠬᠠᠷ᠎ᠠ ᠠᠯᠠᠭ ᠭᠤᠤᠯᠳᠠᠢ ᠵᠠᠭᠤᠭᠠᠳ ᠦᠬᠡᠷ ᠬᠠᠷᠢᠭᠤᠯᠵᠦ ᠬᠤᠳᠠ ᠬᠦᠳᠡᠭᠡ ᠶᠢᠨ ᠬᠤᠭᠤᠷᠤᠨᠳᠦ ᠬᠦᠩᠬᠡᠨ ᠮᠠᠰᠢᠨ ᠢᠶᠠᠷ ᠨᠢᠰᠬᠡᠨ᠎ᠡ᠁      ᠡᠮᠡᠭᠡᠨ ᠪᠤᠷᠬᠠᠨ ᠳᠠᠭᠠᠨ ᠵᠠᠯᠪᠠᠷᠢᠬᠤ ᠪᠦᠷᠢ ᠲᠤᠳᠤᠷ᠎ᠠ ᠨᠢ ᠦᠴᠦᠭᠡᠨ ᠵᠡᠷᠬᠡ ᠲᠠᠶᠢᠪᠤᠰᠢᠷᠠᠨ᠎ᠠ᠃ ᠡᠨᠡ ᠶᠡᠭᠡ ᠲᠠᠶᠢᠪᠤᠰᠢᠷᠠᠯ ᠯᠠ ᠬᠦᠭᠰᠢᠨ ᠳᠤ ᠡᠷᠴᠢ ᠬᠦᠴᠦ ᠤᠯᠭᠤᠨ᠎ᠠ᠃ ᠬᠡᠪᠡᠴᠦ ᠠᠯᠢᠶᠠᠬᠦᠦ ᠶᠢᠨ ᠪᠠᠶᠢᠳᠠᠯ ᠢ ᠨᠢᠭᠡ ᠬᠤᠨᠤᠭ ᠦᠵᠡᠭᠡᠳ ᠢᠯᠡᠷᠢ ᠪᠤᠯᠤᠭᠰᠠᠨ ᠦᠭᠡᠢ ᠪᠤᠯᠬᠤᠷ ᠲᠤᠯᠵᠢᠨ ᠶᠤᠰᠤᠳᠠᠢ ᠯᠠ ︽ᠪᠡᠶ᠎ᠡ ᠶᠢᠨ ᠤᠬᠠᠭᠠᠨ ᠪᠠᠶ᠎ᠠ ᠳᠤ ᠦᠭᠡᠢ᠂ ᠪᠢᠯᠢᠭ ᠤᠨ ᠤᠬᠠᠭᠠᠨ ᠴᠡᠭᠡᠵᠢᠨ ᠳᠤ ᠦᠭᠡᠢ︾ ᠵᠡᠭᠦᠨ ᠪᠠᠷᠠᠭᠤᠨ ᠲᠡᠭᠡᠷ᠎ᠡ ᠪᠠᠨ ᠭᠠᠷᠴᠠᠢ᠃ ᠲᠡᠭᠡᠭᠡᠳ ᠯᠡ ᠲᠦᠯ ᠮᠠᠯ ᠤᠨ ᠶᠠᠭᠠᠷᠠᠤ ᠴᠠᠭ ᠪᠠᠶᠢᠭᠰᠠᠨ ᠬᠢᠷᠢᠨ᠎ᠠ ᠬᠦᠳᠡᠭᠡ ᠠᠴᠠ ᠡᠴᠢᠬᠡ ᠡᠬᠡ ᠶᠢ ᠨᠢ ᠪᠦᠷ ᠲᠠᠭᠤᠳᠠᠵᠦ ᠠᠪᠴᠢᠷᠠᠵᠠᠢ᠃      ᠠᠯᠢᠶᠠᠬᠦᠦ ᠡᠴᠢᠭᠡ ᠡᠬᠡ ᠪᠠᠨ ᠦᠵᠡᠭᠡᠳ ᠮᠠᠭᠤ ᠢᠨᠢᠶᠡᠵᠦ ᠪᠠᠶᠢᠨ᠎ᠠ᠃ ᠡᠴᠢᠬᠡ ᠡᠭᠡ ᠬᠤᠶᠠᠷ ᠨᠢ ᠬᠦᠦ ᠶᠢᠨ ᠢᠶᠠᠨ ᠮᠠᠩᠨᠠᠢ ᠲᠡᠭᠡᠷ᠎ᠡ ᠭᠠᠷ ᠢᠶᠠᠨ ᠲᠠᠯᠪᠢᠵᠦ ᠦᠵᠡᠪᠡᠯ ᠬᠠᠯᠠᠭᠤᠷᠠᠵᠦ ᠪᠠᠶᠢᠬᠤ ᠶᠠᠩᠵᠦ ᠦᠭᠡᠢ᠃ ᠭᠡᠨᠡᠳᠳᠡ ᠬᠦᠦ ᠡᠬᠡ ᠶᠢᠨ ᠢᠶᠠᠨ ᠡᠯᠢᠭᠡᠨ ᠳᠤ ᠨᠠᠭᠠᠯᠳᠤᠭᠰᠠᠨ ᠢᠶᠠᠨ ᠪᠠᠰᠠᠯᠠ ᠰᠤᠯᠢᠶᠠᠷᠠᠯ᠎ᠠ᠄      — ᠵᠤᠭᠰᠤ︕ ᠵᠤᠭᠰᠤ︕ ᠬᠡᠷᠡᠮ ᠤᠨ ᠴᠠᠭᠠᠨ᠎ᠠ ᠠᠴᠠ ᠨᠤᠭᠤᠭᠠᠨ ᠬᠤᠪᠴᠠᠰᠤ ᠲᠠᠢ ᠫᠠᠭᠳᠠᠭᠠᠷ ᠴᠢᠳᠬᠦᠷ ᠭᠠᠷᠴᠤ ᠢᠷᠡᠯ᠎ᠡ᠃ ᠴᠠᠭᠠᠨ᠎ᠠ ᠨᠢ ᠪᠠᠰᠠ ᠨᠢᠭᠡ ᠴᠠᠭᠠᠨ ᠬᠤᠪᠴᠠᠰᠦ ᠲᠠᠢ ᠡᠮᠡᠭᠳᠡᠢ ᠪᠠᠶᠢᠨ᠎ᠠ᠃ ᠫᠤᠤᠳᠠᠯ᠎ᠠ︕ ᠫᠤᠤᠳᠠᠯ᠎ᠠ︕ ᠬᠤᠷᠳᠤᠨ᠂ ᠬᠤᠷᠳᠤᠨ︕ ᠪᠢ ᠦᠭᠦᠴᠢᠬᠡᠯ᠎ᠡ︕ ᠬᠠᠶᠢᠷᠠᠨ ᠬᠠᠶᠢᠷᠠᠨ᠁ ᠭᠡᠭᠰᠡᠭᠡᠷ ᠲᠤᠯᠤᠭᠠᠢ ᠪᠠᠨ ᠲᠡᠪᠡᠷᠢᠭᠰᠡᠭᠡᠷ ᠠᠷᠤᠭᠰᠢ ᠪᠠᠨ ᠰᠠᠪᠠᠵᠦ ᠤᠨᠠᠯ᠎ᠠ᠃      ᠵᠠᠯᠠᠭᠤ ᠡᠴᠢᠬᠡ ᠡᠬᠡ ᠬᠦᠦ ᠶᠢᠨ ᠢᠶᠠᠨ ᠰᠤᠯᠢᠶᠠᠷᠠᠬᠰᠠᠨ ᠢ ᠦᠵᠡᠭᠡᠳ ᠦᠷᠭᠦᠭᠰᠡᠨ ᠦᠬᠡᠷ ᠤᠨ ᠮᠡᠳᠦ ᠨᠢᠳᠦᠯᠡᠪᠡ᠃ ᠬᠦᠦ ᠦᠨᠳᠡᠶᠢᠵᠦ ᠰᠠᠭᠤᠭᠰᠠᠨ ᠢᠶᠠᠨ᠄      — ᠠᠳᠡ ᠫᠤᠤ ᠲᠠᠢ ᠬᠦᠮᠦᠨ ᠭᠦᠶᠦᠵᠦ ᠪᠠᠶᠢᠨ᠎ᠠ᠃ ᠲᠡᠷᠡ᠂ ᠲᠡᠷᠡ ᠲᠠᠯ᠎ᠠ ᠠᠴᠠ ᠴᠢᠨᠢ ᠫᠤᠤᠳᠠᠯ᠎ᠠ᠃ ᠠᠶᠤᠯ ᠲᠠᠢ᠂ ᠠᠶᠤᠯ ᠲᠠᠢ᠃ ᠡᠴᠢᠭᠡ ᠨᠢ ᠬᠦᠦ ᠪᠠᠨ ᠲᠡᠪᠡᠷᠢᠪᠡ᠃ ᠲᠤᠯᠤᠭᠠᠢ ᠠᠴᠠ ᠨᠢ ᠬᠦᠢᠳᠡᠨ ᠬᠦᠯᠦᠰᠦ ᠪᠤᠷᠴᠠᠭᠯᠠᠨ᠎ᠠ᠃ ᠡᠬᠡ ᠨᠢ᠄ ︽ᠡᠵᠢ ᠨᠢ ᠪᠠᠶᠢᠨ᠎ᠠ᠃ ᠡᠵᠢ ᠨᠢ ᠪᠠᠶᠢᠨ᠎ᠠ᠃ ᠮᠢᠨᠤ ᠬᠦᠦ ᠪᠤᠤ ᠠᠶᠤ︕︾ ᠭᠡᠭᠰᠡᠭᠡᠷ ᠲᠤᠯᠤᠭᠠᠢ ᠶᠢ ᠨᠢ ᠲᠡᠪᠡᠷᠢᠨ ᠨᠢᠯᠪᠤᠰᠤ ᠤᠨᠠᠭᠠᠨ᠎ᠠ᠁      ᠠᠯᠢᠶᠠᠬᠦᠦ ᠡᠶᠢᠨ ᠬᠦ ᠰᠤᠯᠢᠶᠠᠷᠠᠬᠤ ᠪᠠᠷ ᠡᠮᠡᠭᠡ ᠨᠢ ᠬᠦᠦ ᠪᠠᠨ ᠬᠦᠳᠦᠯᠵᠦ᠂ ︽ᠡᠮ ᠠᠴᠠ ᠲᠤᠮ︾ ᠭᠡᠳᠡᠭ ᠶᠤᠮ ᠭᠡᠳ ︽ᠪᠤᠶᠠᠨ ᠢᠪᠡᠭᠡᠭᠴᠢ ᠰᠦᠮ᠎ᠡ︾ ᠶᠢᠨ ᠰᠢᠷᠡᠭᠡᠨ ᠳ᠋ᠠ ᠯᠠᠮ᠎ᠠ᠂ ᠲᠦᠷᠬᠦᠮ ᠤᠨ ᠬᠢᠨᠢ ᠬᠤᠯᠠ ᠶᠢᠨ ᠨᠠᠭᠠᠴᠤ ᠲᠤᠨᠳᠤᠭ ᠯᠠᠮ᠎ᠠ ᠶᠢ ᠡᠷᠢᠵᠦ ᠲᠤᠮ ᠲᠠᠷᠤᠯᠭ᠎ᠠ ᠬᠢᠯᠭᠡᠬᠦ ᠪᠠᠷ ᠬᠦᠷᠴᠠᠢ᠃      ᠰᠦᠮ᠎ᠡ ᠶᠢᠨ ᠠᠷᠤ ᠳᠤ ᠪᠠᠶᠢᠷᠢᠰᠢᠭ᠎ᠠ ᠨᠠᠭᠠᠴᠤ ᠯᠠᠮ᠎ᠠ ᠶᠢᠨ ᠬᠠᠭᠤᠴᠢᠨ ᠤ ᠬᠦᠬᠡ ᠲᠤᠭᠤᠰᠬᠠᠨ ᠭᠡᠷ ᠦᠨᠳᠦᠷ ᠬᠦᠮᠦᠨ ᠤ ᠲᠤᠯᠤᠭᠠᠢ ᠲᠤᠯᠤᠮ᠎ᠠ ᠨᠠᠪᠰᠠᠭᠠᠷ ᠪᠤᠯᠪᠠᠴᠤ ᠴᠡᠪᠡᠷ ᠴᠡᠮᠴᠡᠭᠡᠷ᠃ ᠭᠡᠷ ᠤᠨ ᠬᠤᠶᠢᠮᠤᠷ ᠲᠠᠯᠪᠢᠭᠰᠠᠨ ᠲᠤᠮᠤ ᠬᠦᠩᠭᠡᠷᠸ᠎ᠠ ᠲᠠᠢ ᠨᠤᠭᠤᠭᠠᠨ ᠲᠡᠷᠢ ᠡᠬᠡ ᠶᠢᠨ ᠬᠦᠷᠦᠭ ᠤᠯᠠᠨ ᠰᠢᠯ ᠲᠠᠢ ᠵᠢᠵᠢᠭᠬᠡᠨ ᠴᠤᠩᠬᠤ ᠪᠠᠷ ᠬᠠᠷᠪᠤᠬᠤ ᠨᠠᠷᠠᠨ ᠤ ᠲᠤᠶᠠᠭᠠᠨ ᠳᠤ ᠰᠢᠵᠢᠷᠳᠡᠨ᠂ ᠬᠤᠷᠸ᠎ᠠ ᠶᠢᠨ ᠪᠤᠵᠠᠷ ᠪᠤᠯᠠᠢ᠂ ᠮᠠᠭᠤ ᠮᠠᠭᠤᠬᠠᠢ ᠶᠢ ᠦᠵᠡᠬᠦ ᠦᠭᠡᠢ ᠭᠡᠰᠡᠨ ᠰᠢᠭ ᠭᠡᠭᠡᠨ ᠮᠡᠯᠮᠡᠢ ᠪᠠᠨ ᠬᠠᠭᠠᠰ ᠠᠨᠢᠨ ᠮᠦᠰᠢᠶᠡᠨ᠎ᠡ᠃ ᠲᠡᠭᠦᠨ ᠤ ᠡᠮᠦᠨ᠎ᠡ ᠲᠤᠮᠤ ᠮᠦᠩᠭᠦᠨ ᠴᠦᠭᠦᠴᠡ ᠲᠠᠢ ᠢᠬᠡᠷ᠎ᠡ ᠵᠤᠯᠠ ᠪᠠᠳᠮᠠᠯᠠᠨ ᠠᠰᠠᠵᠦ᠂ ᠬᠠᠭᠠᠯᠭ᠎ᠠ ᠨᠡᠭᠡᠭᠡᠭᠳᠡᠵᠦ ᠬᠦᠮᠦᠨ ᠤᠷᠤᠬᠤ ᠪᠠᠷ ᠵᠤᠯᠠ ᠶᠢᠨ ᠭᠤᠤᠯ ᠬᠠᠶᠠ ᠨᠠᠮᠢᠯᠵᠠᠨ᠎ᠠ᠃      ᠰᠢᠷ᠎ᠠ ᠲᠤᠷᠭᠠᠨ ᠲᠡᠷᠯᠢᠭ ᠲᠡᠭᠡᠷ᠎ᠡ ᠬᠦᠷᠡᠩ ᠤᠷᠬᠢᠮᠵᠢ ᠨᠦᠮᠦᠷᠴᠤ ᠰᠠᠭᠤᠭᠰᠠᠨ ᠲᠠᠷᠭᠤᠨ ᠰᠢᠷ᠎ᠡ ᠯᠠᠮ᠎ᠠ ᠨᠢᠳᠦᠨ ᠰᠢᠯ ᠤᠨ ᠢᠶᠠᠨ ᠲᠡᠭᠡᠭᠦᠷ ᠰᠢᠷᠪᠢᠨ ᠬᠠᠷᠠᠭᠰᠠᠨ ᠢᠶᠠᠨ ᠲᠤᠯᠵᠢᠨ ᠢ ᠲᠠᠨᠢᠪᠠ᠃ ᠲᠤᠯᠵᠢᠨ ᠴᠠᠢ ᠴᠠᠭᠠᠨ ᠢᠳᠡᠭᠡ ᠴᠦ ᠠᠮᠰᠠᠭᠰᠠᠨ ᠦᠭᠡᠢ᠂ ᠰᠢᠭᠤᠳ ᠠᠴᠢ ᠬᠦᠦ ᠶᠢᠨ ᠢᠶᠠᠨ ᠡᠪᠡᠳᠴᠢᠨ ᠤ ᠲᠤᠬᠠᠢ ᠤᠷᠤᠰᠬᠠᠵᠦ ᠭᠠᠷᠤᠯ᠎ᠠ᠃ ᠲᠤᠨᠳᠤᠭ ᠯᠠᠮ᠎ᠠ ᠲᠤᠮᠤ ᠲᠠᠪᠬᠤᠷᠭ᠎ᠠ ᠲᠠᠢ ᠬᠤᠨᠢᠨ ᠪᠤᠷᠤ ᠨᠢᠳᠦ ᠪᠠᠷ ᠬᠦᠦ ᠶᠢ ᠴᠤᠭᠤᠷᠳᠠᠯ᠎ᠠ ᠰᠢᠷᠳᠡᠭᠰᠡᠨ ᠢᠶᠠᠨ᠄      — ᠡᠨᠡ ᠬᠡᠤᠬᠡᠳ ᠤᠨ ᠵᠢᠷᠦᠬᠡ ᠨᠢ ᠶᠡᠭᠡ ᠮᠠᠭᠤ ᠪᠠᠶᠢᠨ᠎ᠠ᠃ ᠬᠠᠭᠤᠴᠢᠨ ᠤ ᠦᠭᠡ ᠪᠠᠷ ᠬᠡᠯᠡᠪᠡᠯ ᠵᠢᠷᠦᠬᠡ ᠶᠢ ᠨᠢ ᠬᠡᠢ ᠪᠤᠭᠤᠵᠦ ᠴᠠᠭᠠᠨ ᠰᠤᠯᠢᠶ᠎ᠠ ᠲᠤᠰᠴᠠᠢ᠃ ᠲᠡ ᠦᠵᠡ︕ ᠰᠤᠷᠮᠤᠤᠰᠤᠨ ᠤ ᠦᠵᠦᠭᠦᠷ ᠨᠢ ᠭᠤᠷᠪᠠ ᠭᠤᠷᠪᠠ ᠪᠠᠷ ᠢᠶᠠᠨ ᠨᠡᠶᠢᠯᠡᠵᠦ ᠮᠠᠶᠢᠬᠠᠨᠴᠢᠯᠠᠨ ᠪᠤᠰᠴᠠᠢ᠃ ᠬᠤᠶᠠᠷ ᠨᠢᠳᠦᠨ ᠤ ᠬᠢᠨᠢ ᠬᠤᠭᠤᠷᠤᠨᠳᠤᠬᠢ ᠨᠢᠷᠠᠢ ᠶᠢᠨ ᠰᠤᠳᠠᠯ ᠵᠠᠩᠭᠢᠷᠠᠵᠦ ᠬᠦᠬᠡ ᠵᠢᠷᠤᠭᠠᠰᠤ ᠲᠠᠳᠠᠵᠦ ᠪᠠᠶᠢᠨ᠎ᠠ ᠭᠡᠵᠦ ᠤᠨᠤᠰᠢᠯᠠᠵᠦ ᠪᠠᠶᠢᠯ᠎ᠠ᠃ ᠬᠦᠦ᠂ ᠯᠠᠮ᠎ᠠ ᠶᠢᠨ ᠬᠠᠷᠡᠴᠡᠨ ᠠᠴᠠ ᠬᠠᠯᠢᠷᠠᠵᠦ ᠡᠮᠡᠭᠡ ᠶᠢᠨ ᠢᠶᠠᠨ ᠠᠷᠤ ᠪᠠᠷ ᠰᠢᠷᠭᠤᠯᠠᠵᠦ ᠪᠠᠶᠢᠭᠰᠠᠨ ᠢᠶᠠᠨ ᠭᠡᠨᠡᠳᠳᠡ ᠬᠤᠶᠠᠷ ᠨᠢᠳᠦᠨ ᠤ ᠬᠢᠨᠢ ᠬᠠᠷᠡᠴᠡ ᠰᠢᠷᠦᠭᠦᠰᠴᠦ᠂ ᠪᠦᠬᠦ ᠪᠡᠶ᠎ᠡ ᠠᠴᠠ ᠨᠢ ᠬᠦᠢᠳᠡᠨ ᠬᠦᠯᠦᠰᠦ ᠪᠠᠳᠬᠠᠨ᠂ ᠪᠡᠶ᠎ᠡ ᠨᠢ ᠰᠤᠯᠠᠷᠠᠭᠠᠳ ᠠᠮᠠᠨ ᠳᠠᠭᠠᠨ ᠲᠤᠤᠷ᠎ᠠ ᠲᠠᠭᠤ ᠪᠠᠷ᠄      — ᠲᠡᠷᠡ᠂ ᠲᠡᠷᠡ᠂ ᠫᠤᠤ ᠲᠠᠢ ᠬᠦᠮᠦᠨ ᠨᠢᠭᠤᠵᠦ ᠪᠠᠶᠢᠨ᠎ᠠ᠃ ᠫᠤᠤᠳᠠᠯ᠎ᠠ︕ ᠫᠤᠤᠳᠠᠯ᠎ᠠ︕ ᠭᠡᠭᠰᠡᠭᠡᠷ ᠨᠤᠭᠤᠷᠠᠭᠠᠳ ᠶᠠᠪᠤᠴᠢᠬᠠᠯ᠎ᠠ᠃ ᠡᠮᠡᠭᠡ ᠨᠢ ᠤᠬᠢᠯᠠᠬᠤ ᠠᠴᠠ ᠦᠭᠡᠷ᠎ᠡ ᠴᠢᠳᠠᠯ ᠦᠭᠡᠢ᠃ ᠯᠠᠮ᠎ᠠ ᠠᠷᠭ᠎ᠠ ᠲᠠᠢ᠃ ᠬᠦᠷᠡᠩ ᠽᠠᠨᠳᠠᠨ ᠡᠷᠢᠭᠡ ᠪᠠᠨ ᠲᠤᠭᠠᠯᠠᠵᠦ ᠰᠠᠭᠤᠭᠰᠠᠨ ᠢᠶᠠᠨ ᠬᠦᠦ ᠶᠢᠨ ᠬᠠᠮᠠᠷ ᠤᠨ ᠲᠤᠤᠷᠠᠬᠢ ᠬᠦᠮᠦᠨ ᠲᠡᠭᠡᠷ᠎ᠡ ᠨᠢ ᠪᠠᠷᠠᠭᠤᠨ ᠭᠠᠷ ᠤᠨ ᠡᠷᠡᠬᠡᠢ ᠬᠤᠷᠤᠭᠤᠨ ᠤ ᠬᠢᠮᠦᠰᠦ ᠪᠠᠷ ᠢᠶᠠᠨ ᠬᠦᠷᠡᠩ ᠤᠯᠠᠭᠠᠨ ᠪᠤᠯᠳᠠᠯ᠎ᠠ ᠬᠢᠮᠦᠰᠦᠯᠠᠬᠤ ᠪᠠᠷ ᠬᠦᠦ ᠤᠷᠤᠭᠤᠯ ᠢᠶᠠᠨ ᠨᠤᠬᠤᠯᠤᠭᠰᠠᠭᠠᠷ ᠪᠤᠰᠪᠠ᠃ ᠲᠤᠨᠳᠤᠭ ᠯᠠᠮ᠎ᠠ ᠤᠷᠬᠢᠮᠵᠢ ᠪᠠᠨ ᠵᠠᠰᠠᠵᠦ᠄      — ᠦᠭᠡᠢ᠂ ᠡᠨᠡ ᠬᠦᠦ ᠰᠤᠯᠢᠶᠠᠷᠠᠬᠤ ᠪᠠᠷ ᠶᠠᠭᠤ ᠶᠠᠭᠤ ᠶᠠᠷᠢᠭᠠᠳ ᠪᠠᠶᠢᠨ᠎ᠠ︖ ᠭᠡᠨ᠎ᠡ᠃ ᠲᠤᠯᠵᠢᠨ ᠶᠠᠭᠠᠷᠠᠨ ᠲᠠᠩᠳᠠ ᠯᠠ᠄      — ᠫᠤᠤ ᠲᠠᠢ ᠬᠦᠮᠦᠨ᠂ ᠫᠤᠤ ᠲᠠᠢ ᠬᠦᠮᠦᠨ᠃ ᠠᠷᠤ ᠠᠴᠠ ᠴᠢᠨᠢ ᠫᠤᠤᠳᠠᠯ᠎ᠠ᠂ ᠫᠤᠤᠳᠠᠯ᠎ᠠ᠃ ᠴᠠᠭᠠᠨ᠎ᠠ ᠠᠴᠠ ᠴᠢᠨᠢ ᠨᠢᠭᠡ ᠴᠠᠭᠠᠨ ᠬᠤᠪᠴᠠᠰᠤ ᠲᠠᠢ᠂ ᠰᠡᠭᠰᠡᠭᠡᠷ ᠦᠰᠦ ᠲᠠᠢ ᠡᠮᠡᠭᠳᠠᠢ ᠨᠢᠭᠤᠭᠠᠳ ᠢᠷᠡᠯ᠎ᠡ᠁ ᠭᠡᠨ᠎ᠡ᠃ ᠯᠠᠮ᠎ᠠ ᠰᠤᠨᠤᠰᠤᠭᠠᠳ ᠰᠢᠯᠢᠨ ᠬᠦᠵᠦᠭᠦᠦ ᠪᠠᠨ ᠬᠦᠳᠡᠯᠭᠡᠨ ᠬᠦᠩᠭᠢᠨᠡᠳᠡᠯ᠎ᠡ ᠬᠡᠬᠡᠷᠡᠭᠦᠯᠵᠦ ᠤᠯᠠᠨ ᠶᠠᠭᠤᠮ᠎ᠠ ᠪᠤᠳᠤᠵᠦ ᠪᠠᠶᠢᠭᠰᠠᠨ ᠢᠶᠠᠨ᠄      — ᠦᠭᠡᠢ᠂ ᠲᠤᠯᠵᠢᠨ ᠲᠠᠨᠠᠢ ᠳᠤ ᠴᠢᠨᠢ ᠲᠡᠭᠡᠷ᠎ᠡ ᠦᠶ᠎ᠡ ᠳᠡᠭᠡᠨ ᠫᠤᠤ ᠰᠤᠮᠤ ᠲᠠᠢ ᠬᠤᠯᠪᠤᠭᠳᠠᠬᠤ ᠶᠠᠮᠠᠷ ᠬᠦᠮᠦᠨ ᠪᠠᠶᠢᠯ᠎ᠠ︖ ᠲᠤᠯᠵᠢᠨ᠄      — ᠬᠦᠦ ᠶᠢᠨ ᠡᠯᠤᠨᠴᠡ ᠡᠪᠦᠭᠡ ᠨᠢ ᠴᠠᠭᠠᠨ ᠪᠤᠭᠳᠠ ᠶᠢᠨ ᠴᠡᠷᠢᠭ ᠲᠤ ᠶᠠᠪᠤᠵᠦ ᠪᠠᠶᠢᠯ᠎ᠠ ᠭᠡᠵᠦ ᠶᠠᠷᠢᠳᠠᠭ ᠶᠤᠮ ᠳ᠋ᠠ᠃ ᠫᠤᠤ ᠰᠠᠭᠠᠳᠠᠭ ᠪᠠᠷᠢᠭᠰᠠᠨ ᠬᠦᠮᠦᠨ ᠠᠮᠢ ᠬᠤᠷᠤᠭᠠᠴᠢᠬᠠᠭᠰᠠᠨ ᠴᠤ ᠤᠴᠢᠷ ᠪᠠᠶᠢᠵᠦ ᠮᠡᠳᠡᠨ᠎ᠠ᠂ ᠶᠠᠮᠠᠷ ᠨᠢᠬᠡ ᠨᠢ ᠢᠷᠡᠬᠡᠳ ᠨᠠᠭᠠᠯᠳᠤᠴᠢᠬᠠᠭᠰᠠᠨ ᠴᠦ ᠪᠢᠯᠡ ᠤᠤ︾ ᠭᠡᠵᠦ ᠪᠤᠳᠤᠪᠠ᠃ ᠲᠡᠶᠢᠨ ᠬᠦ ᠠᠯᠢᠶᠠᠬᠦᠦ ᠶᠢ ᠨᠢᠳᠦ ᠶᠢ ᠨᠢ ᠠᠨᠢᠭᠤᠯᠤᠨ ᠡᠮᠦᠨ᠎ᠡ ᠪᠠᠨ ᠰᠠᠭᠤᠯᠭᠠᠪᠠ᠃ ᠬᠦᠦ ᠡᠮᠡᠭᠡ ᠶᠢᠨ ᠢᠶᠠᠨ ᠦᠭᠡ ᠪᠠᠷ ᠨᠢᠳᠦ ᠪᠠᠨ ᠠᠨᠢᠭᠰᠠᠨ ᠪᠤᠯᠪᠠᠴᠦ ᠪᠠᠷᠠᠭᠤᠨ ᠭᠠᠷ ᠤᠨ ᠲᠠᠪᠤᠨ ᠬᠤᠷᠤᠭᠤ ᠨᠢ ᠡᠪᠦᠳᠦᠭ ᠲᠡᠭᠡᠷ᠎ᠡ ᠪᠠᠨ ᠶᠠᠭᠤ ᠨᠢᠭᠡ ᠶᠢ ᠰᠤᠷᠮᠠᠭᠠᠢ ᠲᠤᠪᠰᠢᠵᠦ ᠠᠮᠠᠨ ᠳᠠᠭᠠᠨ ᠲᠦᠳᠤᠨᠡᠵᠦ ᠪᠠᠶᠢᠨ᠎ᠠ᠃      ᠲᠤᠨᠳᠤᠭ ᠯᠠᠮ᠎ᠠ ᠲᠤᠮ ᠲᠠᠷᠤᠯᠭ᠎ᠠ ᠬᠢᠪᠠ᠃ ᠪᠤᠯᠤᠭᠰᠠᠨ ᠭᠤᠯᠢᠷ ᠢ ᠬᠠᠷ᠎ᠠ ᠤᠰᠤ ᠪᠠᠷ ᠵᠠᠭᠤᠷᠠᠵᠦ ᠪᠦᠭᠡ ᠶᠢᠨ ᠤᠩᠭᠤᠳ ᠰᠢᠭ᠋ ᠬᠦᠮᠦᠨ ᠬᠡᠯᠪᠡᠷᠢ ᠲᠠᠢ ᠪᠢᠯᠠᠩ ᠪᠠᠷᠢᠵᠦ ᠨᠢᠳᠦ ᠪᠠᠨ ᠠᠨᠢᠵᠦ ᠲᠠᠷᠨᠢᠳᠠᠪᠠ᠃ ᠲᠤᠯᠵᠢᠨ ᠶᠠᠭ ᠯᠠ ᠦᠨᠦ ᠪᠢᠯᠠᠩ ᠨᠢ ᠨᠤᠮ ᠤᠨ ᠬᠦᠴᠦ ᠪᠠᠷ ᠲᠡᠭᠳᠡᠵᠦ ᠦᠰᠦᠷᠪᠡᠯ ᠲᠠᠷᠤᠵᠦ ᠠᠪᠬᠤ ᠶᠤᠮᠰᠢᠭ ᠠᠷᠪᠠᠨ ᠬᠤᠷᠤᠭᠤ ᠪᠠᠨ ᠮᠤᠳᠤᠨ ᠰᠠᠪᠠᠷ ᠤᠨ ᠰᠢᠳᠦ ᠰᠢᠭ ᠠᠷᠵᠠᠶᠢᠯᠭᠠᠨ ᠲᠡᠯᠭᠡᠪᠡ᠃ ᠯᠠᠮ᠎ᠠ ᠲᠠᠷᠨᠢᠳᠠᠵᠦ ᠪᠠᠷᠠᠯ᠎ᠠ ᠪᠤᠯᠤᠯᠳᠠᠢ᠂ ᠬᠦᠷᠡᠩ ᠰᠢᠷᠡᠭᠡᠨ ᠲᠡᠭᠡᠷ᠎ᠡ ᠲᠠᠯᠪᠢᠭᠰᠠᠨ ᠬᠤᠳᠠ ᠮᠠᠨᠳᠠᠯ ᠤᠨ ᠬᠠᠵᠠᠭᠤ ᠳᠠᠬᠢ ᠭᠠᠯᠠᠭᠤᠨ ᠬᠦᠵᠦᠭᠦᠳᠦ ᠯᠤᠩᠬᠤᠨ ᠳᠤ ᠬᠢᠭᠰᠡᠨ ᠭᠤᠷᠪᠠᠨ ᠨᠢᠳᠦ ᠲᠠᠢ ᠲᠤᠭᠤᠰ ᠤᠨ ᠦᠳᠦ ᠪᠠᠨ ᠠᠪᠴᠤ᠄      — ᠲᠤᠯᠵᠢᠨ ᠴᠢ ᠭᠠᠷᠤᠭᠠᠳ ᠲᠤᠭᠤᠭᠠᠨ ᠭᠡᠷ ᠠᠴᠠ ᠴᠡᠯ ᠭᠦᠢᠳᠡᠨ ᠤᠰᠤ ᠠᠪᠤᠭᠠᠳ ᠢᠷ᠎ᠡ︕ ᠤᠤᠯ ᠨᠢ ᠬᠤᠳᠳᠤᠭ ᠤᠨ ᠬᠦᠯ ᠦᠭᠡᠢ ᠤᠰᠤ ᠭᠡᠷᠡᠭᠰᠡᠳᠡᠭ ᠶᠤᠮ᠃ ᠤᠳᠤ ᠴᠦ ᠬᠤᠳᠠ ᠳᠤ ᠬᠤᠳᠳᠤᠭ ᠦᠭᠡᠢ ᠪᠤᠯᠤᠭᠰᠠᠨ ᠬᠤᠶᠢᠨ᠎ᠠ ᠲᠦᠭᠡᠭᠡᠯ ᠤᠰᠤᠨ ᠠᠴᠠ ᠦᠭᠡᠷ᠎ᠡ ᠶᠠᠭᠠᠬᠢᠬᠤᠪ ᠳ᠋ᠠ ᠭᠡᠨ᠎ᠡ᠃ ᠲᠤᠯᠵᠢᠨ ᠲᠤᠭᠤᠭᠠᠨ ᠭᠡᠷ ᠠᠴᠠ ᠲᠤᠮᠤ ᠴᠠᠶᠢᠷ ᠤᠨ ᠰᠢᠨᠠᠭ᠎ᠠ ᠪᠠᠷ ᠤᠰᠤ ᠠᠪᠴᠢᠷᠠᠯ᠎ᠠ᠃ ᠬᠦᠦ ᠨᠢᠳᠦ ᠪᠠᠨ ᠠᠨᠢᠨ ᠵᠡᠭᠦᠷᠮᠡᠭᠯᠡᠵᠦ ᠪᠠᠶᠢᠨ᠎ᠠ᠃ ᠯᠡᠮ᠎ᠡ ᠲᠤᠭᠤᠰ ᠤᠨ ᠦᠳᠦ ᠪᠠᠨ ᠤᠰᠤᠨ ᠳᠤ᠂ ᠬᠦᠦ ᠶᠢᠨ ᠵᠤᠯᠠᠢ ᠲᠡᠭᠡᠷ᠎ᠡ ᠱᠠᠪᠰᠢᠨ᠎ᠠ᠃ ᠬᠦᠦ ᠭᠡᠳᠡᠭᠡ ᠨᠢ ᠬᠦᠷᠪᠡ ᠪᠤᠯᠤᠯᠳᠠᠢ ᠤᠷᠤᠨ ᠳᠠᠭᠠᠨ ᠲᠤᠮᠪᠠᠯᠵᠠᠨ᠎ᠠ᠃ ᠯᠠᠮ᠎ᠠ ᠪᠦᠳᠦᠭᠦᠨ ᠰᠢᠨᠠᠭ᠎ᠠ ᠲᠠᠢ ᠬᠦᠢᠳᠡᠨ ᠤᠰᠤᠨ ᠠᠴᠠ ᠬᠤᠶᠠᠷ ᠬᠠᠴᠡᠷ ᠢᠶᠠᠨ ᠲᠦᠩᠬᠡᠶᠢᠳᠡᠯ᠎ᠡ ᠤᠭᠤᠴᠢᠵᠦ ᠠᠪᠤᠭᠰᠠᠨ ᠢᠶᠠᠨ ᠭᠡᠨᠡᠳᠳᠡ ᠬᠦᠦ ᠶᠢᠨ ᠨᠢᠭᠤᠷ ᠤᠷᠤᠭᠤ ᠫᠦᠷᠳᠡᠬᠢᠳᠡᠯ᠎ᠡ ᠦᠯᠢᠶᠡᠬᠦ ᠪᠠᠷ ᠬᠦᠦ ᠰᠤᠴᠢᠭᠠᠨ ᠳᠠᠭᠠᠨ ᠮᠠᠭᠤᠬᠠᠢ ᠪᠠᠷᠬᠢᠷᠠᠭᠰᠠᠨ ᠢᠶᠠᠨ ᠰᠤᠯᠳᠦ᠋ᠢᠭᠠᠳ ᠶᠠᠪᠤᠴᠢᠬᠠᠯ᠎ᠠ᠃ ᠲᠤᠯᠵᠢᠨ ᠨᠢᠳᠦ ᠨᠢ ᠪᠦᠯᠳᠡᠯᠵᠡᠬᠦ ᠠᠴᠠ ᠦᠭᠡᠷ᠎ᠡ ᠠᠷᠭ᠎ᠠ ᠦᠭᠡᠢ᠃ ᠲᠤᠨᠳᠤᠭ ᠯᠠᠮ᠎ᠠ ᠵᠦᠭᠡᠷ ᠵᠦᠭᠡᠷ ᠭᠡᠵᠦ ᠪᠠᠷᠠᠭᠤᠨ ᠭᠠᠷ ᠢᠶᠠᠨ ᠵᠠᠩᠭᠠᠵᠦ ᠪᠠᠶᠢᠨ᠎ᠠ᠃ ᠳᠡᠬᠡᠵᠦ ᠪᠠᠶᠢᠳᠠᠯ᠎ᠠ ᠬᠦᠦ ᠶᠢᠨ ᠬᠠᠷᠡᠴᠡ ᠨᠢ ᠵᠦᠭᠡᠯᠡᠷᠡᠨ ᠰᠡᠷᠭᠦᠪᠡ᠃      ᠲᠤᠯᠵᠢᠨ ᠤ ᠴᠢᠷᠠᠢ ᠳᠤ ᠪᠠᠶᠠᠷ ᠴᠠᠯᠭᠢᠯᠠᠨ᠎ᠠ᠃ ᠲᠤᠨᠳᠤᠭ ᠯᠠᠮ᠎ᠠ ᠶᠢᠨ ᠮᠠᠨᠢ ᠶᠢᠨ ᠵᠢᠷᠭᠤᠭᠠᠨ ᠦᠰᠦᠭ ᠲᠠᠢ ᠰᠢᠷ᠎ᠠ ᠴᠠᠭᠠᠰᠤᠨ ᠳᠤ ᠪᠤᠭᠤᠵᠦ ᠦᠭᠭᠦᠭᠰᠡᠨ ᠭᠤᠷᠪᠠᠨ ᠤᠯᠠᠭᠠᠨ ᠦᠷᠡᠯ ᠪᠤᠯᠤᠨ ᠲᠠᠷᠨᠢ ᠰᠢᠩᠭᠡᠭᠡᠭᠰᠡᠨ ᠪᠢᠯᠠᠩ ᠢ ᠠᠪᠤᠭᠠᠳ ᠬᠠᠷᠢᠪᠠ᠃ ᠯᠠᠮ᠎ᠡ ᠶᠢᠨ ᠠᠶᠢᠯᠠᠳᠤᠭᠰᠠᠨ ᠶᠤᠰᠤᠭᠠᠷ ᠬᠠᠷᠠᠩᠭᠤᠢ ᠪᠤᠯᠵᠦ ᠲᠡᠭᠷᠢ ᠳᠤ ᠤᠳᠤ ᠪᠠᠷᠢᠯᠳᠤᠬᠤ ᠪᠠᠷ ᠠᠯᠢᠶᠠᠬᠦᠦ ᠳᠤ ᠨᠢᠭᠡ ᠦᠷᠡᠯ ᠤᠤᠭᠤᠯᠭᠠᠵᠦ᠂ ᠲᠠᠷᠨᠢᠳᠠᠭᠰᠠᠨ ᠪᠢᠯᠠᠩ ᠢ ᠨᠢ ᠵᠡᠭᠦᠨ ᠡᠮᠦᠨ᠎ᠡ ᠵᠦᠭ ᠵᠠᠭᠤᠨ ᠠᠯᠬᠤᠮ ᠤᠨ ᠴᠠᠭᠠᠨ᠎ᠠ ᠬᠤᠭ ᠬᠠᠶᠠᠳᠠᠭ ᠨᠤᠭᠤᠭᠠᠨ ᠰᠠᠪᠠ ᠶᠢᠨ ᠬᠠᠵᠠᠭᠤ ᠳᠤ ᠠᠪᠠᠴᠢᠵᠦ ᠬᠠᠶᠠᠬᠤ ᠪᠠᠷ ᠲᠡᠨᠳᠡ ᠶᠠᠭ ᠰᠠᠶᠢᠬᠠᠨ ᠢᠳᠡᠰᠢ ᠰᠢᠩᠰᠢᠯᠠᠨ ᠭᠡᠳᠡᠰᠦ ᠨᠢ ᠭᠠᠷᠬᠠᠯᠠᠨ ᠶᠠᠪᠤᠵᠦ ᠪᠠᠶᠢᠭᠰᠠᠨ ᠰᠢᠷ᠎ᠠ ᠪᠠᠭᠠᠯ ᠲᠠᠪᠬᠢᠨ ᠢᠷᠡᠵᠦ ᠡᠮᠬᠦᠵᠦ ᠠᠪᠤᠭᠠᠳ ᠪᠦᠬᠦᠯᠢ ᠪᠠᠷ ᠨᠢ ᠵᠠᠯᠭᠢᠵᠦ ᠠᠮᠵᠢᠵᠠᠢ᠃ ᠲᠤᠯᠵᠢᠨ ᠡᠮᠡᠭᠡᠨ ᠲᠤᠨᠳᠤᠭ ᠯᠠᠮ᠎ᠡ ᠶᠢᠨ ᠦᠭᠡ ᠪᠠᠷ ᠡᠷᠭᠢᠵᠦ ᠬᠠᠷᠠᠯ ᠦᠭᠡᠢ ᠪᠤᠴᠠᠵᠦ ᠢᠷᠡᠬᠦ ᠪᠠᠷ ᠠᠯᠢᠶᠠᠬᠦᠦ ᠡᠴᠢᠭᠡ ᠡᠬᠡ ᠬᠤᠶᠠᠷ ᠲᠠᠢ ᠪᠠᠨ ᠭᠤᠷᠪᠠᠭᠤᠯᠠ ᠨᠢᠳᠦᠨ ᠠᠴᠠ ᠪᠠᠨ ᠨᠢᠯᠪᠤᠰᠤ ᠭᠠᠷᠳᠠᠯ᠎ᠠ ᠢᠨᠢᠶᠡᠯᠴᠡᠵᠦ ᠪᠠᠶᠢᠯ᠎ᠠ᠁      ᠤᠤᠯ ᠨᠢ ᠠᠯᠢᠶᠠᠬᠦᠦ ᠡᠮᠡᠭᠡ ᠳᠡᠭᠡᠨ ᠰᠤᠷᠭᠠᠭᠤᠯᠢ ᠮᠤᠳᠦ ᠲᠠᠷᠢᠨ᠎ᠠ ᠭᠡᠵᠦ ᠬᠤᠳᠠᠯ ᠬᠡᠯᠡᠭᠡᠳ ᠡᠮᠡᠭᠡ ᠶᠢᠨ ᠢᠶᠠᠨ ᠤᠶᠤᠨᠳᠦ ᠭᠠᠷ ᠤᠳᠠᠰᠤ ᠶᠢ ᠠᠪᠴᠤ ᠬᠤᠳᠠ ᠶᠢᠨ ᠨᠢᠭᠡ ᠰᠠᠶᠢᠨ ᠨᠠᠶᠢᠵᠠ ᠲᠠᠢ ᠪᠠᠨ ᠬᠤᠶᠠᠭᠤᠯᠠ ᠨᠠᠶᠢᠯᠠᠵᠦ ︽ᠲᠠᠬᠢᠶ᠎ᠠ ᠢᠳᠡᠬᠦ︾ ᠭᠡᠳᠡᠭ ᠭᠠᠷ ᠤᠳᠠᠰᠤᠨ ᠤ ᠲᠤᠭᠯᠠᠭᠠᠮ ᠨᠠᠭᠠᠳᠤᠭᠰᠠᠨ ᠠᠴᠠ ᠮᠡᠳᠡᠷᠡᠯ ᠨᠢ ᠬᠡᠪ ᠤᠨ ᠪᠠᠶᠢᠳᠠᠯ ᠢᠶᠠᠨ ᠪᠦᠷᠢᠮᠦᠰᠦᠨ ᠠᠯᠳᠠᠭᠰᠠᠨ ᠪᠠᠶᠢᠵᠠᠢ᠃ ᠬᠠᠷᠢᠨ ᠲᠤᠨᠳᠤᠭ ᠯᠠᠮ᠎ᠡ ᠨᠢᠭᠤᠷ ᠲᠤ ᠨᠢ ᠬᠦᠢᠳᠡᠨ ᠤᠰᠤ ᠰᠠᠴᠤᠬᠤ ᠪᠠᠷ ᠰᠤᠴᠢᠭᠠᠨ ᠳᠠᠭᠠᠨ ᠮᠡᠳᠡᠷᠡᠯ ᠨᠢ ᠬᠡᠪ ᠤᠨ ᠪᠠᠶᠢᠳᠠᠯ ᠳᠠᠭᠠᠨ ᠤᠷᠤᠭᠰᠠᠨ ᠠᠵᠢ᠃      ᠮᠠᠷᠭᠠᠰᠢ ᠨᠢ ᠠᠯᠢᠶᠠᠬᠦᠦ ᠶᠢᠨ ᠡᠴᠢᠬᠡ ᠡᠬᠡ ᠨᠢ ᠪᠤᠴᠠᠬᠤ ᠳᠠᠭᠠᠨ ᠭᠠᠷ ᠤᠳᠠᠰᠤ ᠠᠷᠪᠢᠨ ᠨᠠᠭᠠᠳᠤᠪᠠᠯ ᠬᠡᠤᠬᠡᠳ ᠤᠨ ᠲᠠᠷᠢᠬᠢ ᠮᠡᠳᠡᠷᠡᠯ᠂ ᠨᠢᠳᠦᠨ ᠳᠤ ᠮᠠᠭᠤ ᠭᠡᠵᠦ ᠡᠮᠡᠭᠡ ᠶᠢᠨ ᠬᠢᠨᠢ ᠤᠶᠤᠨᠳᠦ ᠭᠠᠷ ᠤᠳᠠᠰᠤ ᠶᠢ ᠡᠩ ᠤᠨ ᠲᠦᠭᠦᠮᠬᠡᠨ ᠭᠠᠷ ᠤᠳᠠᠰᠤ ᠪᠠᠷ ᠰᠤᠯᠢᠭᠠᠳ ᠶᠠᠪᠤᠵᠠᠢ᠃ ︽ᠪᠤᠷᠬᠠᠨ ᠮᠢᠨᠢ︕ ᠪᠤᠷᠬᠠᠨ ᠮᠢᠨᠢ︕︾ ᠭᠡᠵᠦ ᠲᠤᠯᠵᠢᠨ ᠡᠮᠡᠭᠡᠨ ᠵᠠᠯᠪᠡᠷᠢᠵᠦ ᠪᠠᠶᠢᠨ᠎ᠠ᠁
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号