| ᠤᠮ ᠰᠠᠶᠢᠨ ᠠᠮᠤᠭᠤᠯᠠᠩ ᠪᠤᠯᠳᠤᠭᠠᠢ | ᠡᠩᠭᠡ ᠲᠠᠶᠠᠭᠠᠷ ᠢᠶᠠᠨ ᠵᠢᠷᠭᠠᠬᠤ ᠪᠤᠯᠳᠤᠭᠠᠢ | ᠲᠦᠷᠦ ᠶᠢᠨ ᠲᠦᠷᠪᠠᠨ ᠲᠤᠳᠤᠭᠤ ᠲᠠᠢ | ᠲᠠᠮᠦᠷ ᠲᠦᠷᠪᠠᠨ ᠪᠦᠰᠡᠯᠡᠭᠦᠷ ᠲᠠᠢ | ᠭᠠᠩ ᠲᠦᠷᠪᠠᠨ ᠲᠤᠳᠤᠭᠤ ᠲᠠᠢ | ᠭᠠᠷᠠᠬᠠᠨ ᠲᠦᠷᠪᠠᠨ ᠪᠦᠰᠡᠯᠡᠭᠦᠷ ᠲᠠᠢ | ᠭᠠᠯ ᠤᠨ ᠤᠷᠳᠤᠨ ᠭᠠᠩ ᠲᠤᠯᠭ᠎ᠠ ᠲᠠᠨ ᠢ ᠮᠢᠯᠢᠶᠠᠮᠤᠢ | ᠭᠠᠩᠭᠠᠩ ᠬᠤᠶᠠᠷ ᠪᠠᠷᠢᠭᠤᠯ ᠲᠠᠢ | ᠭᠠᠯᠠᠭᠤᠨ ᠬᠦᠵᠦᠭᠦᠲᠦ ᠭᠤᠶ᠎ᠠ ᠲᠠᠢ | ᠭᠠᠭᠴᠠᠬᠠᠨ ᠬᠠᠳᠠᠭᠠᠰᠦ ᠪᠠᠷ ᠬᠤᠯᠪᠤᠭᠰᠡᠨ | ᠭᠠᠯ ᠤᠨ ᠬᠠᠶᠢᠴᠢ ᠲᠡᠭᠦᠨ ᠢ ᠮᠢᠯᠢᠶᠠᠮᠤᠢ | ᠭᠡᠷ ᠤᠨ ᠡᠵᠡᠨ ︵ᠭᠠᠯ ᠤᠨ ᠲᠡᠭᠡᠵᠢ︶ | ᠭᠡᠷᠬᠡᠢ ︵ᠰᠢᠳᠤᠷᠭᠤ ᠰᠠᠷᠬᠤᠳ ᠨᠠᠩᠴᠢᠳ ᠡᠷᠭᠦᠵᠦ︶ ᠲᠠᠢ ᠪᠠᠨ | ᠭᠠᠯ ᠢᠶᠠᠨ ᠲᠠᠬᠢᠵᠦ ᠮᠦᠷᠭᠦᠮᠦᠢ᠃ | | | ᠤᠮ ᠰᠠᠶᠢᠨ ᠠᠮᠤᠭᠤᠯᠠᠩ ᠪᠤᠯᠳᠤᠭᠠᠢ︕ | ᠦᠪᠦᠷ ᠲᠡᠭᠡᠷ᠎ᠡ ᠪᠠᠨ ᠦᠭᠡᠭᠦ ᠲᠠᠢ | ᠠᠷᠦ ᠲᠡᠭᠡᠷ᠎ᠡ ᠪᠠᠨ ᠬᠡᠷᠰᠡᠭ ᠲᠠᠢ | ᠬᠤᠨ ᠠᠨᠵᠢᠰᠦ ᠶᠢᠨ ᠬᠤᠰᠢᠭᠤ ᠲᠠᠢ | ᠬᠤᠷᠢᠨ ᠲᠦᠷᠪᠠᠨ ᠪᠢᠲᠡᠷ ᠲᠠᠢ | ᠦᠷᠭᠡᠨ ᠶᠡᠭᠡ ᠬᠤᠷᠮᠤᠢ ᠲᠠᠢ ᠡᠪᠴᠢᠭᠦᠦ ᠡᠨᠡ ᠰᠢᠭᠦᠰᠦ ᠶᠢ ᠪᠠᠨ | ᠤᠯᠠᠭᠠᠨ ᠭᠠᠯ ᠳᠠᠭᠠᠨ ᠡᠷᠭᠦᠮᠦᠢ︕ | ᠬᠤᠷᠤᠢ᠂ ᠬᠤᠷᠤᠢ᠂ ᠬᠤᠷᠤᠢ᠃ | | ᠤᠯᠤᠰ ᠪᠦᠬᠦᠨ ᠢ ᠠᠮᠢᠳᠤᠷᠠᠭᠤᠯᠳᠠᠭ | ᠦᠯᠵᠠᠢ ᠮᠦᠷ ᠲᠠᠢ ᠤᠯᠠᠭᠠᠨ ᠭᠠᠯ | ᠱᠠᠬᠵᠠᠮᠤᠨᠢ ᠶᠢᠨ ᠪᠤᠷᠬᠠᠨ ᠳᠤᠷ | ᠲᠠᠬᠢᠭᠤᠯᠤᠭᠰᠡᠨ ᠤᠯᠠᠭᠠᠨ ᠭᠠᠯ | ᠽᠠᠮᠪᠤᠳᠢᠪ ᠤᠨ ᠤᠯᠤᠰ ᠤᠳ ᠢ | ᠪᠠᠶᠠᠵᠢᠭᠤᠯᠤᠭᠰᠡᠨ ᠤᠯᠠᠭᠠᠨ ᠭᠠᠯ | ᠵᠢᠯ ᠵᠢᠯ ᠤᠨ ᠬᠤᠷᠢᠨ ᠭᠤᠷᠪᠠᠨ ᠳᠤ | ᠲᠠᠬᠢᠯᠭ᠎ᠠ ᠲᠠᠯᠪᠢᠭᠤᠯᠤᠭᠰᠡᠨ ᠤᠯᠠᠭᠠᠨ ᠭᠠᠯ | ᠬᠤᠷᠤᠢ᠂ ᠬᠤᠷᠤᠢ᠂ ᠬᠤᠷᠤᠢ᠃ | | ᠭᠠᠯ ᠪᠤᠷᠬᠠᠨ ᠢᠶᠠᠨ ᠲᠠᠬᠢᠵᠦ ᠮᠦᠷᠭᠦᠮᠤᠢ | ᠭᠠᠯ ᠢᠶᠠᠨ ᠲᠠᠬᠢᠵᠦ ᠪᠠᠶᠠᠰᠦᠭᠤᠯᠤᠶᠡ | ᠬᠡᠰᠢᠭ ᠪᠤᠶᠠᠨ ᠢᠶᠠᠨ ᠲᠡᠯᠭᠡᠷᠡᠭᠦᠯᠦᠶᠡ | ᠭᠠᠢ ᠪᠠᠷᠴᠢᠳ ᠢᠶᠠᠨ ᠠᠷᠢᠯᠭᠠᠶᠡ | ᠭᠠᠮᠰᠢᠭ ᠵᠤᠳ ᠠᠴᠠ ᠬᠡᠯᠳᠤᠷᠢᠭᠦᠯᠦᠶᠡ | ᠬᠠᠮᠤᠭ ᠪᠤᠶᠠᠨ ᠢᠶᠠᠨ ᠠᠷᠪᠢᠵᠢᠭᠤᠯᠤᠶᠡ | ᠬᠠᠮᠲᠦ ᠲᠡᠭᠰᠢ ᠳᠡᠭᠡᠨ ᠵᠢᠷᠭᠠᠵᠠᠭᠠᠶᠡ | ᠬᠤᠷᠤᠢ᠂ ᠬᠤᠷᠤᠢ᠂ ᠬᠤᠷᠤᠢ᠃ | | ᠠᠷᠢᠬᠢ ᠰᠠᠷᠬᠤᠳ ᠦᠭᠡᠭᠦ ᠲᠤᠰᠤ | ᠠᠮᠳᠠᠳᠦ ᠢᠲᠡᠭᠡᠨ ᠢᠶᠠᠨ ᠡᠷᠭᠦᠵᠦ | ᠭᠠᠯ ᠤᠨ ᠪᠤᠷᠬᠠᠨ ᠢᠶᠠᠨ ᠪᠠᠶᠠᠰᠤᠭᠤᠯᠤᠶᠡ︕ | ᠠᠮᠢ ᠨᠠᠰᠤᠨ ᠤ ᠬᠡᠰᠢᠭ ᠰᠤᠶᠤᠷᠬ᠎ᠠ | ᠠᠴᠢ ᠦᠷ᠎ᠡ ᠶᠢᠨ ᠬᠡᠰᠢᠭ ᠰᠤᠶᠤᠷᠬ᠎ᠠ | ᠠᠳᠠᠯ ᠮᠠᠯ ᠤᠨ ᠬᠡᠰᠢᠭ ᠰᠤᠶᠤᠷᠬ᠎ᠠ | ᠠᠮᠦᠷ ᠰᠠᠶᠢᠨ ᠤ ᠬᠡᠰᠢᠭ ᠰᠤᠶᠤᠷᠬ᠎ᠠ | ᠲᠡᠭᠷᠢ ᠭᠡᠭᠡᠨ ᠲᠤᠳᠤ ᠦᠯᠵᠠᠢ ᠲᠠᠢ | ᠬᠦᠮᠦᠨ ᠶᠤᠰᠤ ᠵᠢᠷᠤᠮ ᠦᠯᠵᠠᠢ ᠲᠠᠢ | ᠭᠠᠵᠠᠷ ᠪᠠᠲᠦ ᠬᠤᠳᠤᠭ ᠦᠯᠵᠠᠢ ᠲᠠᠢ | ᠪᠦᠷᠢᠨ ᠦᠯᠵᠠᠢ ᠬᠤᠳᠤᠭ ᠤᠷᠤᠰᠢ︕ | ᠸᠴᠢᠷ ᠠᠷᠰᠢ ᠭᠠᠯ ᠤᠨ ᠲᠡᠭᠷᠢ | ᠸᠴᠢᠷ ᠦᠯᠵᠠᠢ ᠬᠤᠳᠤᠭ ᠤᠷᠤᠰᠢ ᠡ | ᠠᠮᠢ ᠨᠠᠰᠦ ᠠᠭᠤᠯᠠ ᠮᠡᠲᠦ | ᠠᠷᠪᠢᠨ ᠬᠡᠰᠢᠭ ᠲᠠᠯᠠᠢ ᠮᠡᠲᠦ ᠬᠦᠨ | ᠠᠷᠢᠶ᠎ᠡ ᠦᠯᠵᠠᠢ ᠬᠤᠳᠤᠭ ᠤᠷᠤᠰᠢ | ᠬᠤᠷᠤᠢ᠂ ᠬᠤᠷᠤᠢ᠂ ᠬᠤᠷᠤᠢ᠃ | | ᠲᠤᠩ ᠴᠠᠭᠠᠨ ᠬᠤᠨᠢ ᠶᠢ ᠪᠠᠨ | ᠭᠠᠯ ᠤᠨ ᠪᠤᠷᠬᠠᠨ ᠳᠠᠭᠠᠨ ᠬᠦᠯᠦᠭᠯᠡᠭᠦᠯᠦᠶᠡ | ᠠᠷᠴᠨ ᠰᠠᠩ ᠢᠶᠠᠷ ᠢᠶᠠᠨ ᠠᠷᠢᠭᠤᠯᠠᠭᠠᠳ | ᠠᠮᠲᠠᠲᠦ ᠢᠲᠡᠭᠡᠨ ᠢᠶᠠᠷ ᠢᠶᠠᠨ ᠮᠢᠯᠢᠶᠠᠭᠠᠳ | ᠲᠠᠪᠤᠨ ᠦᠩᠭᠡ ᠶᠢᠨ ᠰᠠᠳᠠᠷ ᠢ | ᠬᠡᠶᠢᠮᠦᠷᠢ ᠪᠤᠯᠭᠠᠨ ᠵᠡᠭᠦᠯᠭᠡᠶ᠎ᠡ | ᠲᠡᠭᠦᠰ ᠰᠠᠶᠢᠬᠠᠨ ᠵᠢᠷᠭᠠᠯ ᠢᠶᠠᠨ ᠡᠳ᠋ᠯᠡᠵᠦ | ᠬᠡᠰᠢᠭ ᠪᠤᠶᠠᠨ ᠢᠶᠠᠨ ᠲᠡᠯᠭᠡᠷᠡᠭᠦᠯᠦᠶᠡ | ᠲᠠᠷᠭᠤᠨ ᠰᠠᠶᠢᠬᠠᠨ ᠬᠤᠨᠢ ᠮᠢᠨᠢ | ᠲᠠᠪᠤᠨ ᠬᠤᠰᠢᠭᠤ ᠮᠠᠯ ᠤᠨ ᠲᠡᠭᠡᠵᠢ ᠶᠤᠮ | ᠲᠠᠷᠢᠭᠦᠨ ᠬᠡᠰᠢᠭ ᠤᠨ ᠬᠦᠷᠢᠶᠡᠲᠦ ᠬᠤᠨᠢ | ᠲᠡᠯᠭᠡᠷ ᠪᠤᠶᠠᠨ ᠤ ᠮᠢᠨᠢ ᠪᠤᠷᠠᠨᠳᠠᠭ ᠶᠤᠮ | ᠭᠠᠯ ᠤᠨ ᠪᠤᠷᠬᠠᠨ ᠤ ᠮᠢᠨᠢ ᠬᠦᠯᠦᠭ ᠶᠤᠮ | ᠢᠵᠢᠯᠢ ᠰᠦᠷᠦᠭ ᠲᠡᠭᠡᠨ ᠰᠦᠯᠲᠡ ᠪᠤᠯ | ᠡᠵᠡᠨ ᠬᠦᠮᠦᠨ ᠳᠡᠭᠡᠨ ᠬᠡᠶᠢᠮᠦᠷᠢ ᠪᠤᠯ | ᠬᠡᠰᠢᠭ ᠪᠤᠶᠠᠨ ᠢᠶᠠᠨ ᠲᠡᠯᠭᠡᠷᠡᠭᠦᠯ ᠡ︕ | ᠬᠤᠷᠤᠢ᠂ ᠬᠤᠷᠤᠢ᠂ ᠬᠤᠷᠤᠢ᠃ | |