ᠤᠨᠤᠪᠴᠢᠲᠠᠢ ᠦᠢᠯᠡᠴᠢᠯᠡᠭᠡ ᠪᠠᠨ ᠴᠢᠩᠭᠠᠳᠬᠠᠵᠦ᠂ ᠠᠵᠢᠯ ᠤᠯᠭᠤᠬᠤ ᠪᠡ ᠦᠢᠯᠡᠰ ᠪᠦᠲᠦᠭᠡᠬᠦ ᠦᠢᠯᠡᠴᠢᠯᠡᠭᠡᠨ ᠤ ᠬᠢᠷᠢ ᠲᠦᠪᠰᠢᠨ ᠢᠶᠠᠨ ᠪᠦᠬᠦ ᠲᠡᠯ᠎ᠡ ᠪᠠᠷ ᠲᠡᠭᠡᠭᠰᠢᠯᠡᠭᠦᠯᠦᠨ᠎ᠡ
ᠨᠡᠶᠢᠲᠡᠯᠡᠭᠰᠡᠨ ᠴᠠᠭ᠄
2018-06-14

   

    ᠰᠣᠷᠪᠤᠯᠵᠢᠯᠠᠭ᠎ᠠ ᠶᠢᠨ ᠭᠤᠤᠯ ᠠᠭᠤᠯᠭ᠎ᠠ᠄ ᠤᠨᠤᠪᠴᠢᠲᠠᠢ ᠦᠢᠯᠡᠴᠢᠯᠡᠭᠡ ᠪᠠᠨ ᠴᠢᠩᠭᠠᠳᠬᠠᠵᠦ᠂ ᠠᠵᠢᠯ

ᠤᠯᠭᠤᠬᠤ ᠪᠡ ᠦᠢᠯᠡᠰ ᠪᠦᠲᠦᠭᠡᠬᠦ ᠦᠢᠯᠡᠴᠢᠯᠡᠭᠡᠨ ᠤ ᠬᠢᠷᠢ ᠲᠦᠪᠰᠢᠨ ᠢᠶᠠᠨ ᠪᠦᠬᠦ ᠲᠡᠯ᠎ᠡ ᠪᠠᠷ ᠲᠡᠭᠡᠭᠰᠢᠯᠡᠭᠦᠯᠦᠨ᠎ᠡ

    ᠰᠤᠷᠪᠤᠯᠵᠢᠯᠠᠭ᠎ᠠ ᠶᠢᠨ ᠬᠦᠨᠲᠦᠲᠦ ᠵᠤᠴᠢᠨ᠄ ᠬᠤᠰᠢᠭᠤᠨ ᠤ ᠠᠵᠢᠯ ᠤᠯᠭᠤᠯᠲᠡ ᠶᠢᠨ ᠦᠢᠯᠡᠴᠢᠯᠡᠭᠡᠨ ᠤ

ᠲᠤᠪᠴᠢᠶ᠎ᠡ ᠶᠢᠨ ᠲᠠᠷᠤᠭ᠎ᠠ ᠢᠤᠢ ᠸᠧᠨ ᠯᠢ

    ᠰᠤᠷᠪᠤᠯᠵᠢᠯᠠᠭ᠎ᠠ ᠶᠢᠨ ᠴᠠᠭ ᠬᠤᠭᠤᠴᠠᠭ᠎ᠠ᠄ 2018 ᠤᠨ ᠤ 6 ᠰᠠᠷ᠎ᠡ ᠶᠢᠨ 6 ᠤ ᠡᠳᠤᠷ

    ᠬᠦᠲᠦᠯᠦᠭᠴᠢ᠄ 2017 ᠤᠨ᠂ ᠮᠠᠨ ᠤ ᠬᠤᠰᠢᠭᠤ ᠠᠵᠢᠯ ᠤᠯᠭᠤᠯᠲᠡ ᠶᠢᠨ ᠲᠡᠯ᠎ᠡ ᠶᠢᠨ ᠭᠤᠤᠯ ᠡᠭᠦᠷᠭᠡ

ᠬᠠᠷᠠᠯᠲᠡ ᠪᠠᠨ ᠬᠡᠷᠬᠢᠨ ᠪᠡᠶᠡᠯᠡᠭᠦᠯᠦᠭᠰᠡᠨ ᠪᠤᠢ︖

    ᠢᠤᠢ ᠸᠧᠨ ᠯᠢ᠄ 2017 ᠤᠨ ᠳᠤ᠂ ᠮᠠᠨ ᠤ ᠬᠤᠰᠢᠭᠤ ᠠᠵᠢᠯ ᠤᠯᠭᠤᠯᠲᠡ ᠶᠢᠨ ᠡᠯ᠎ᠡ ᠲᠦᠷᠦᠯ ᠤᠨ

ᠬᠠᠷᠠᠯᠲᠡ ᠪᠠᠨ ᠠᠮᠵᠢᠯᠲᠡ ᠲᠠᠢ ᠪᠠᠶᠡᠯᠡᠭᠦᠯᠵᠦ᠂ ᠲᠦᠷᠦ ᠶᠢᠨ ᠪᠤᠳᠤᠯᠭ᠎ᠠ ᠶᠢᠨ ᠲᠠᠮᠵᠢᠯᠭᠡ ᠲᠤᠰᠠᠯᠠᠯᠲᠡ ᠪᠠᠷ ᠲᠠᠮᠵᠢᠨ

121 ᠨᠠᠷᠡᠰ ᠠᠵᠢᠯ ᠤᠯᠬᠤ ᠳᠤ ᠬᠦᠴᠢᠷᠲᠠᠢ ᠬᠦᠮᠦᠰ ᠢ ᠲᠤᠭᠳᠠᠭᠤᠨ ᠢᠶᠠᠷ ᠠᠵᠢᠯ ᠤᠯᠭᠤᠬᠤ ᠶᠢ ᠪᠡᠶᠡᠯᠡᠭᠦᠯᠵᠦ᠂

130 ᠨᠠᠷᠡᠰ ᠶᠡᠭᠡ ᠲᠡᠭᠡᠲᠦ ᠰᠤᠷᠭᠠᠭᠤᠯᠢ ᠲᠡᠭᠦᠰᠦᠭᠰᠡᠨ ᠤᠶᠤᠳᠠᠳ ᠢ ᠭᠤᠷᠪᠡ ᠶᠢ ᠲᠠᠮᠵᠢᠵᠦ ᠨᠢᠭᠡ ᠶᠢ ᠲᠡᠳᠭᠦᠭᠦ᠂

ᠨᠡᠶᠢᠲᠡ ᠶᠢᠨ ᠠᠰᠠᠷᠠᠮᠵᠢ ᠶᠢᠨ ᠠᠵᠢᠯ ᠤᠨ ᠪᠠᠶᠢᠷᠢ᠂ ᠠᠷᠡᠳ ᠤᠨ ᠠᠮᠢᠳᠤᠷᠡᠯ ᠤᠨ ᠰᠠᠶᠢᠨ ᠲᠤᠷᠠᠴᠣᠳ ᠤᠨ ᠡᠩᠨᠡᠭᠡᠨ

 ᠳᠤ ᠲᠤᠬᠢᠷᠠᠭᠤᠯᠵᠦ᠂ 390 ᠲᠦᠮᠡᠨ ᠲᠦᠭᠦᠷᠢᠭ ᠤᠨ ᠠᠵᠢᠯ ᠤᠨ ᠪᠠᠶᠢᠷᠢ ᠶᠢᠨ ᠨᠦᠬᠦᠪᠦᠷᠢ᠂ 171 ᠲᠦᠮᠡᠨ

ᠲᠦᠭᠦᠷᠢᠭ ᠤᠨ ᠨᠡᠶᠢᠭᠡᠮ ᠤᠨ ᠪᠠᠲᠤᠯᠠᠭ᠎ᠠ ᠶᠢᠨ ᠨᠦᠬᠦᠪᠦᠷᠢ ᠮᠦᠩᠬᠦ ᠲᠠᠷᠬᠠᠭᠠᠪᠡ᠃ ᠰᠢᠯᠵᠢᠭᠦᠯᠦᠨ ᠠᠵᠢᠯ

ᠤᠯᠭᠤᠭᠰᠡᠨ ᠮᠠᠯᠴᠢᠨ ᠲᠠᠷᠢᠶᠠᠴᠢᠨ 22628 ᠬᠦᠮᠦᠨ᠂ ᠡᠭᠦᠷᠭᠡ ᠬᠠᠷᠠᠯᠲᠡ ᠶᠢᠨ ᠢᠶᠠᠨ 107% ᠶᠢ ᠪᠠᠶᠡᠯᠡᠭᠦᠯᠪᠡ︔

ᠬᠤᠲᠡ ᠪᠠᠯᠭᠠᠰᠤᠨ ᠤ ᠰᠢᠨ᠎ᠡ ᠪᠠᠷ ᠨᠡᠮᠡᠭᠲᠡᠭᠰᠡᠨ ᠠᠵᠢᠯ ᠤᠯᠭᠤᠭᠰᠡᠳ 1523 ᠬᠦᠮᠦᠨ᠂ ᠡᠭᠦᠷᠭᠡ ᠬᠠᠷᠠᠯᠲᠡ ᠶᠢᠨ

 ᠢᠶᠠᠨ 108% ᠶᠢ ᠪᠠᠶᠡᠯᠡᠭᠦᠯᠪᠡ︔ ᠬᠤᠲᠡ ᠪᠠᠯᠭᠠᠰᠤᠨ ᠤ ᠠᠵᠢᠯ ᠠᠯᠲᠠᠭᠰᠠᠳ ᠤᠨ ᠨᠤᠷᠮ᠎ᠡ ᠶᠢ 3.8% ᠪᠠᠷ

ᠬᠢᠵᠠᠭᠠᠷᠯᠠᠪᠡ᠃ ᠪᠦᠬᠦ ᠵᠢᠯ ᠳᠡᠭᠡᠨ1166 ᠮᠠᠯᠴᠢᠨ ᠲᠠᠷᠢᠶᠠᠴᠢᠳ ᠮᠡᠷᠭᠡᠵᠢᠯ ᠤᠨ ᠪᠤᠯᠪᠠᠰᠤᠷᠡᠯ ᠳᠤ ᠤᠷᠤᠯᠴᠠᠵᠦ᠂

ᠡᠭᠦᠷᠭᠡ ᠬᠠᠷᠠᠯᠲᠡ ᠶᠢᠨ ᠢᠶᠠᠨ 106% ᠶᠢ ᠪᠠᠶᠡᠯᠡᠭᠦᠯᠪᠡ︔ 337 ᠬᠦᠮᠦᠨ ᠬᠤᠲᠡ ᠪᠠᠯᠭᠠᠰᠤᠨ ᠤ ᠬᠦᠲᠡᠯᠮᠦᠷᠢ

ᠬᠦᠴᠦᠨ ᠤ ᠮᠡᠷᠭᠡᠵᠢᠯ ᠴᠢᠳᠠᠪᠤᠷᠢ ᠶᠢᠨ ᠪᠤᠯᠪᠠᠰᠤᠷᠡᠯ ᠳᠤ ᠤᠷᠤᠯᠴᠠᠵᠦ᠂ ᠡᠭᠦᠷᠭᠡ ᠬᠠᠷᠠᠯᠲᠡ ᠶᠢᠨ 112% ᠶᠢ

ᠪᠠᠶᠡᠯᠡᠭᠦᠯᠪᠡ︔ 539 ᠬᠦᠮᠦᠨ ᠦᠢᠯᠡᠰ ᠪᠦᠲᠦᠭᠡᠬᠦ ᠪᠤᠯᠪᠠᠰᠤᠷᠠᠯ ᠳᠤ ᠤᠷᠤᠯᠴᠡᠪᠡ︔ 3150 ᠲᠦᠮᠡᠨ ᠲᠦᠭᠦᠷᠢᠭ

 ᠤᠨ ᠪᠠᠭ᠎ᠠ ᠬᠡᠮᠵᠢᠶᠠᠨ ᠤ ᠪᠠᠲᠤᠯᠭᠠᠲᠦ ᠵᠢᠭᠡᠯᠡᠯᠭᠡ ᠮᠦᠩᠬᠦ ᠲᠠᠷᠬᠠᠭᠠᠵᠦ᠂ ᠡᠭᠦᠷᠭᠡ ᠬᠠᠷᠠᠯᠲᠡ ᠶᠢᠨ ᠢᠶᠠᠨ105% ᠶᠢ

ᠪᠠᠶᠡᠯᠡᠭᠦᠯᠪᠡ᠃

     ᠬᠦᠲᠦᠯᠦᠭᠴᠢ᠄ ᠡᠯ᠎ᠡ ᠲᠦᠷᠦᠯ ᠤᠨ ᠬᠠᠮᠳᠤᠯᠢᠭ ᠴᠤᠭᠴᠡ ᠶᠢᠨ ᠠᠵᠢᠯ ᠤᠯᠭᠤᠯᠲᠡ ᠶᠢ ᠠᠬᠢᠭᠤᠯᠬᠤ ᠲᠠᠯ᠎ᠡ

 ᠪᠠᠷ ᠭᠤᠤᠯᠳᠠᠭᠤ ᠶᠠᠮᠠᠷ ᠠᠵᠢᠯ ᠬᠢᠭᠰᠡᠨ ᠪᠤᠢ︖

     ᠢᠤᠢ ᠸᠧᠨ ᠯᠢ᠄ 2017 ᠤᠨ ᠤ 4 ᠰᠡᠷ᠎ᠡ ᠳᠤ᠂ ᠠᠵᠢᠯᠲᠡᠨ ᠬᠡᠷᠡᠭᠰᠡᠬᠦ ᠪᠠᠶᠢᠭᠤᠯᠭ᠎ᠠ ᠳᠤ ᠭᠦᠨᠵᠡᠭᠡᠶᠢᠷᠡᠨ᠂

ᠠᠵᠢᠯ ᠤᠯᠭᠤᠬᠤ ᠬᠡᠷᠡᠭᠴᠡᠭᠡ ᠪᠡ ᠰᠢᠨ᠎ᠡ ᠪᠠᠷ ᠨᠡᠮᠡᠭᠲᠡᠭᠰᠡᠨ ᠠᠵᠢᠯᠴᠢᠨ ᠬᠡᠷᠡᠭᠰᠡᠬᠦ ᠪᠠᠶᠢᠲᠡᠯ ᠳᠤ ᠪᠠᠶᠢᠴᠠᠯᠭᠠᠲᠡ

ᠬᠢᠵᠦ᠂ ᠶᠡᠬᠡᠩᠬᠢ ᠠᠵᠦ ᠠᠬᠤᠶᠢᠯᠠᠯ ᠤᠨ ᠰᠢᠨ᠎ᠡ ᠪᠠᠷ ᠨᠡᠮᠡᠭᠲᠡᠭᠰᠡᠨ ᠠᠵᠢᠯᠴᠢᠨ ᠬᠡᠷᠡᠭᠰᠡᠬᠦ ᠲᠤᠭ᠎ᠠ ᠬᠡᠮᠵᠢᠶ᠎ᠡ ᠶᠢ

ᠡᠵᠡᠮᠰᠢᠵᠦ᠂ 1100 ᠭᠠᠷᠦᠢ ᠠᠵᠢᠯ ᠤᠨ ᠪᠠᠶᠢᠷᠢ ᠶᠢ ᠡᠯᠰᠡᠨ ᠴᠤᠭᠯᠠᠭᠤᠯᠬᠤ ᠶᠢᠨ ᠬᠠᠮᠲᠦ ᠴᠠᠭ ᠲᠤᠬᠠᠢ ᠳᠤ ᠨᠢ

ᠨᠡᠶᠢᠭᠡᠮ ᠨᠡᠶᠢᠲᠡ ᠳᠤ ᠨᠡᠶᠢᠲᠡᠯᠡᠪᠡ᠃ 4 ᠰᠡᠷ᠎ᠡ ᠳᠤ ︽ᠬᠠᠪᠤᠷ ᠤᠨ ᠰᠠᠯᠬᠢ︾ ᠠᠵᠢᠯᠯᠠᠭᠠᠨ ᠵᠢᠴᠢ ᠠᠵᠢᠯᠲᠡᠨ ᠡᠯᠰᠡᠬᠦ

ᠠᠬᠤᠢ ᠲᠠᠯᠠᠪᠠᠢ ᠶᠢᠨ ᠬᠤᠷᠡᠯ ᠢ ᠵᠤᠬᠢᠶᠠᠨ ᠪᠠᠶᠢᠭᠤᠯᠤᠨ ᠦᠷᠨᠢᠭᠦᠯᠵᠦ᠂ 18 ᠠᠵᠦ ᠠᠬᠤᠶᠢᠯᠠᠯ ᠢ ᠤᠷᠢᠵᠦ᠂ 3000

ᠭᠠᠷᠤᠢ ᠤᠬᠠᠭᠤᠯᠭ᠎ᠠ ᠶᠢᠨ ᠮᠠᠲ᠋ᠧᠷᠢᠶᠠᠯ ᠲᠠᠷᠬᠠᠭᠠᠵᠦ᠂ 470 ᠭᠠᠷᠤᠢ ᠠᠵᠢᠯ ᠤᠨ ᠪᠠᠶᠢᠷᠢ ᠬᠠᠩᠭᠠᠵᠦ᠂ 500 ᠭᠠᠷᠤᠢ

ᠬᠦᠮᠦᠰ ᠠᠵᠢᠯ ᠤᠯᠭᠤᠬᠤ ᠪᠠᠷ ᠬᠦᠷᠦᠯᠴᠠᠨ ᠢᠷᠡᠵᠦ᠂ ᠠᠩᠬ᠎ᠠ ᠠᠯᠬᠤᠮ ᠤᠨ ᠠᠵᠢᠯ ᠣᠯᠭᠤᠬᠤ ᠰᠠᠨᠠᠮᠵᠢ ᠲᠠᠢ ᠨᠢ

130 ᠭᠠᠷᠤᠢ ᠬᠦᠮᠦᠨ ᠪᠠᠶᠢᠪᠡ᠃ 5 ᠰᠡᠷ᠎ᠡ ᠳᠤ ︽ᠮᠠᠯᠴᠢᠨ ᠲᠠᠷᠢᠶᠠᠴᠢᠨ ᠤ ᠰᠢᠯᠵᠢᠭᠦᠯᠦᠨ ᠠᠵᠢᠯ ᠤᠯᠭᠤᠬᠤ

ᠠᠬᠤᠢ ᠲᠠᠯᠠᠪᠡᠢ ᠶᠢᠨ ᠠᠵᠢᠯᠲᠡᠨ ᠡᠯᠰᠡᠬᠦ ᠬᠤᠷᠠᠯ︾ ᠡᠷᠬᠢᠯᠡᠵᠦ᠂ ᠪᠤᠤ ᠰᠢᠨ ᠺᠤᠮᠫᠠᠨᠢ᠂ ᠡᠩᠬᠡ ᠲᠠᠶᠢᠪᠤᠩ ᠤᠨ

ᠲᠠᠭᠠᠳᠬᠠᠯ ᠤᠨ ᠺᠤᠮᠫᠠᠨᠢ ᠵᠠᠷᠭᠡ 5 ᠠᠵᠢᠯᠲᠡᠨ ᠬᠡᠷᠡᠭᠰᠡᠬᠦ ᠪᠠᠶᠢᠭᠤᠯᠭ᠎ᠠ ᠨᠢᠭᠡᠴᠡ ᠠᠬᠤᠢ ᠲᠠᠯᠠᠪᠠᠢ ᠳᠤ 77 ᠨᠠᠷᠡᠰ

ᠠᠵᠢᠯᠲᠡᠨ ᠤᠯᠵᠦ ᠡᠯᠰᠡᠪᠡ᠃10 ᠰᠠᠷ᠎ᠡ ᠳᠤ ︽ᠠᠵᠢᠯ ᠤᠯᠭᠤᠬᠤ ᠪᠠᠷ ᠶᠠᠳᠠᠭᠤ ᠶᠢ ᠲᠡᠳᠬᠦᠬᠦ ᠠᠵᠢᠯᠯᠠᠭ᠎ᠠ︾

ᠦᠷᠨᠢᠭᠦᠯᠵᠦ᠂ ᠠᠬᠤᠢ ᠲᠠᠯᠠᠪᠠᠢ ᠳᠤ ᠠᠵᠢᠯ ᠤᠯᠭᠤᠬᠤ ᠦᠢᠯᠡᠰ ᠪᠦᠲᠦᠭᠡᠬᠦ ᠲᠤᠬᠠᠢ ᠡᠯ᠎ᠡ ᠲᠦᠷᠦᠯ ᠤᠨ

ᠤᠬᠠᠭᠤᠯᠭ᠎ᠠ ᠶᠢᠨ ᠭᠠᠷ ᠲᠡᠪᠳᠡᠷ 400 ᠭᠠᠷᠤᠢ ᠬᠤᠪᠢ ᠲᠠᠷᠬᠠᠭᠠᠵᠦ᠂ 35 ᠡᠷᠦᠭᠡ ᠶᠢ ᠰᠤᠷᠪᠤᠯᠵᠢᠯᠠᠵᠦ᠂ 28

ᠠᠵᠢᠯ ᠤᠨ ᠪᠠᠶᠢᠷᠢ ᠬᠠᠩᠭᠠᠵᠦ᠂ 138 ᠬᠦᠮᠦᠨ ᠳᠤ ᠲᠦᠷᠦ ᠶᠢᠨ ᠪᠤᠳᠤᠯᠭ᠎ᠠ ᠶᠢᠨ ᠲᠠᠶᠢᠯᠤᠮᠵᠢ ᠬᠢᠭᠰᠡᠨ ᠪᠠᠶᠢᠨ᠎ᠡ᠃

ᠠᠵᠢᠯ ᠤᠯᠭᠤᠬᠤ ᠳᠤ ᠵᠢᠩᠭᠢᠨᠢ ᠨᠠᠷ᠎ᠡ ᠪᠠᠷ ᠲᠠᠩᠰᠠᠯᠠᠬᠤ ᠠᠵᠢᠯ ᠢ ᠪᠦᠭᠦ ᠲᠡᠯ᠎ᠡ ᠪᠠᠷ ᠨᠠᠶᠢᠳᠠᠪᠤᠷᠢᠵᠢᠭᠤᠯᠵᠦ᠂

︽ᠲᠤᠭᠳᠠᠮᠠᠯ ᠠᠵᠢᠯ ᠤᠨ ᠪᠠᠶᠢᠷᠢ ᠦᠭᠡᠢ ᠭᠡᠷ ᠪᠦᠯᠢ︾ ᠶᠢᠨ ᠭᠡᠰᠢᠭᠦᠨ ᠢ ᠭᠤᠤᠯᠳᠠᠯᠭ᠎ᠠ ᠲᠠᠢ ᠲᠡᠮᠵᠢᠨ ᠲᠡᠳᠭᠦᠵᠦ᠂

ᠴᠠᠭ ᠲᠤᠬᠠᠢ ᠳᠤ ᠨᠢ ᠠᠵᠢᠯ ᠤᠨ ᠲᠠᠨᠢᠯᠴᠠᠭᠤᠯᠭ᠎ᠠ᠂ ᠪᠤᠯᠪᠠᠰᠤᠷᠠᠯ ᠵᠢᠯᠤᠭᠤᠳᠤᠯᠭ᠎ᠠ ᠵᠠᠷᠭᠡ ᠦᠢᠯᠡᠴᠢᠯᠡᠭᠡ ᠬᠠᠩᠭᠠᠵᠦ᠂

︽ᠲᠤᠭᠳᠠᠮᠠᠯ ᠠᠵᠢᠯ ᠤᠨ ᠪᠠᠶᠢᠷᠢ ᠦᠭᠡᠢ ᠭᠡᠷ ᠪᠦᠯᠢ︾ ᠶᠢᠨ ᠠᠵᠢᠯ ᠤᠯᠭᠤᠬᠤ ᠶᠢ ᠪᠠᠲᠤᠯᠠᠭᠰᠡᠨ ᠪᠠᠶᠢᠨ᠎ᠡ᠃ ᠪᠦᠬᠦ

ᠵᠢᠯ ᠳᠡᠭᠡᠨ 389 ᠶᠠᠳᠠᠭᠤ ᠬᠦᠴᠢᠷᠲᠠᠯᠲᠠᠢ ᠬᠦᠮᠦᠰ 163 ᠲᠦᠮᠡ ᠭᠠᠷᠤᠢ ᠲᠦᠭᠦᠷᠢᠭ ᠤᠨ ᠨᠡᠶᠢᠭᠡᠮ ᠤᠨ

ᠪᠠᠲᠤᠯᠠᠭ᠎ᠠ ᠶᠢᠨ ᠨᠦᠬᠦᠪᠦᠷᠢ ᠮᠦᠩᠬᠦ ᠭᠤᠶᠤᠴᠢᠯᠠᠵᠦ᠂ ᠨᠡᠶᠢᠭᠡᠮ ᠤᠨ ᠪᠠᠲᠤᠯᠭ᠎ᠠ ᠶᠢᠨ ᠨᠦᠪᠦᠪᠦᠷᠢ ᠪᠠᠷ ᠲᠠᠮᠵᠢᠨ

130 ᠨᠡᠷᠡᠰ ᠰᠢᠨ᠎ᠡ ᠪᠠᠷ ᠨᠡᠮᠡᠭᠲᠡᠭᠰᠡᠨ ᠠᠵᠢᠯ ᠤᠯᠬᠤ ᠳᠤ ᠬᠦᠴᠢᠷᠲᠠᠢ ᠬᠦᠮᠦᠰ ᠤᠨ ᠠᠵᠢᠯ ᠤᠯᠭᠤᠯᠲᠡ ᠶᠢ

ᠪᠡᠶᠡᠯᠡᠭᠦᠯᠪᠡ᠃ ᠦᠢᠯᠡᠰ ᠪᠦᠲᠦᠭᠡᠬᠦ ᠪᠠᠷ ᠠᠵᠢᠯ ᠤᠯᠭᠤᠬᠤ ᠶᠢ ᠠᠬᠢᠭᠤᠯᠬᠤ ᠠᠵᠢᠯ ᠢ ᠭᠦᠨᠵᠡᠭᠡᠶᠢᠷᠡᠭᠦᠯᠵᠦ᠂ ᠪᠤᠭᠤᠲᠦ

ᠬᠤᠲᠡ ᠶᠢᠨ ᠰᠢᠨ᠎ᠡ ᠨᠢᠭᠡᠨ ᠡᠭᠡᠯᠵᠢ ᠶᠢᠨ ᠦᠢᠯᠡᠰ ᠪᠦᠲᠦᠭᠡᠬᠦ ᠪᠠᠷ ᠠᠵᠢᠯ ᠤᠯᠭᠤᠬᠤ ᠶᠢ ᠠᠬᠢᠭᠤᠯᠬᠤ ᠲᠦᠷᠦ ᠶᠢᠨ

ᠪᠤᠳᠤᠯᠭ᠎ᠠ ᠶᠢ ᠪᠦᠭᠦ ᠲᠡᠯ᠎ᠡ ᠪᠠᠷ ᠨᠠᠶᠢᠳᠠᠪᠤᠷᠢᠵᠢᠭᠤᠯᠵᠦ᠂ 284 ᠨᠠᠷᠡᠰ ᠦᠢᠯᠡᠰ ᠪᠦᠲᠦᠭᠡᠭᠰᠡᠨ ᠬᠦᠮᠦᠰ ᠲᠤ

3150 ᠲᠦᠮᠡᠨ ᠲᠦᠭᠦᠷᠢᠭ ᠤᠨ ᠲᠠᠮ ᠬᠦᠦ ᠲᠠᠢ ᠵᠢᠭᠡᠯᠡᠯᠭᠡ ᠮᠦᠩᠬᠦ ᠲᠠᠷᠬᠠᠭᠠᠵᠦ᠂ 1328 ᠬᠦᠮᠦᠨ ᠢ

ᠳᠠᠶᠢᠴᠢᠯᠠᠨ ᠠᠵᠢᠯ ᠤᠯᠭᠤᠭᠰᠡᠨ ᠪᠠᠶᠢᠨ᠎ᠡ᠃

     ᠬᠦᠲᠦᠯᠦᠭᠴᠢ᠄ 2018 ᠤᠨ᠂ ᠮᠠᠨ ᠤ ᠬᠤᠰᠢᠭᠤᠨ ᠤ ᠠᠵᠢᠯ ᠤᠯᠭᠤᠯᠲᠡ ᠶᠢᠨ ᠶᠡᠷᠦᠩᠬᠡᠢ ᠬᠠᠷᠠᠯᠲᠡ ᠨᠢ

ᠶᠠᠭᠤ ᠪᠤᠢ︖

     ᠢᠤᠢ ᠸᠧᠨ ᠯᠢ᠄ 2018 ᠤᠨ᠂ ᠮᠠᠨ ᠤ ᠬᠤᠰᠢᠭᠤᠨ ᠤ ᠠᠵᠢᠯ ᠤᠯᠭᠤᠯᠲᠡ ᠶᠢᠨ ᠦᠢᠯᠡᠴᠢᠯᠡᠭᠡᠨ ᠤ

ᠰᠠᠯᠠᠭ᠎ᠠ ᠮᠦᠴᠢᠷ ᠨᠢ ︽ᠲᠤᠬᠠᠶᠢᠯᠠᠭᠰᠡᠨ ᠠᠵᠢᠯ ᠮᠡᠷᠭᠡᠵᠢᠯ ᠤᠨ ᠪᠤᠯᠪᠠᠰᠤᠷᠡᠯ ᠢ ᠶᠡᠭᠡ ᠬᠡᠪᠴᠢᠶ᠎ᠡ ᠪᠠᠷ ᠦᠷᠨᠢᠭᠦᠯᠬᠦ᠂

ᠠᠵᠢᠯ ᠤᠯᠭᠤᠯᠲᠡ ᠶᠢᠨ ᠪᠦᠲᠦᠴᠡ ᠶᠢᠨ ᠴᠢᠨᠠᠷᠲᠠᠢ ᠵᠦᠷᠢᠴᠡᠯ ᠢ ᠭᠤᠤᠯᠴᠢᠯᠠᠨ ᠰᠢᠢᠳᠪᠤᠷᠢᠯᠡᠬᠦ᠂ ᠦᠢᠯᠡᠰ ᠪᠦᠲᠦᠭᠡᠬᠦ

 ᠪᠠᠷ ᠠᠵᠢᠯ ᠤᠯᠭᠤᠬᠤ ᠶᠢ ᠳᠠᠶᠢᠴᠢᠯᠠᠬᠤ ᠶᠢ ᠵᠤᠷᠢᠭᠵᠢᠭᠤᠯᠬᠤ︾ ᠭᠤᠤᠯ ᠱᠣᠭᠤᠮ ᠢ ᠴᠢᠩᠭ᠎ᠠ ᠠᠳᠬᠤᠵᠦ᠂

ᠲᠠᠰᠤᠷᠠᠯᠲᠡ ᠦᠭᠡᠢ ᠲᠡᠰ ᠲᠡᠪᠰᠢᠭᠦᠯᠦᠨ᠂ ᠲᠡᠷᠢᠭᠦᠨ ᠵᠠᠷᠭᠡ ᠶᠢ ᠡᠭᠦᠳᠬᠦ ᠪᠠᠷ ᠬᠠᠷᠠᠯᠲᠡ ᠪᠠᠨ ᠪᠤᠯᠭᠠᠵᠦ᠂ ᠠᠵᠢᠯ

ᠣᠯᠭᠤᠯᠲᠠ ᠶᠢ ᠲᠡᠷᠢᠭᠦᠨ ᠳᠤ ᠲᠠᠯᠪᠢᠬᠤ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠵᠦ᠂ ᠠᠵᠢᠯ ᠣᠯᠭᠤᠯᠲᠠ ᠶᠢᠨ

ᠢᠳᠡᠪᠬᠢᠲᠡᠶ ᠲᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠵᠦ᠂ ᠦᠢᠯᠡᠰ ᠪᠦᠲᠦᠭᠡᠬᠦ ᠪᠠᠲᠤᠯᠭᠠᠲᠦ ᠵᠢᠭᠡᠯᠡᠯᠭᠡ ᠶᠢᠨ

ᠬᠦᠷᠢᠶ᠎ᠡ ᠬᠡᠪᠴᠢᠶ᠎ᠡ ᠶᠢ ᠨᠡᠮᠡᠭᠲᠡᠭᠦᠯᠵᠦ᠂ ᠨᠡᠩ ᠭᠦᠢᠴᠡᠳ᠂ ᠨᠡᠩ ᠴᠢᠨᠠᠷᠯᠢᠭ ᠪᠦᠭᠡᠳ ᠨᠡᠩ ᠭᠤᠤᠯᠴᠢ ᠪᠠᠷ ᠠᠵᠢᠯ

ᠤᠯᠭᠤᠬᠤ ᠢ ᠴᠢᠷᠮᠠᠶᠢᠨ ᠪᠡᠶᠡᠯᠡᠭᠦᠯᠦᠨ᠎ᠡ᠃ ᠪᠤᠲᠠᠲᠠᠢ ᠠᠵᠢᠯ ᠤᠨ ᠬᠠᠷᠠᠯᠲᠡ ᠪᠤᠯ᠄ 2018 ᠤᠨ ᠳᠤ ᠪᠦᠭᠦ

ᠬᠤᠰᠢᠭᠤᠨ ᠤ ᠬᠤᠲᠡ ᠪᠠᠯᠭᠠᠰᠤᠨ ᠤ ᠰᠢᠨ᠎ᠡ ᠪᠠᠷ ᠨᠡᠮᠡᠭᠲᠡᠭᠰᠡᠨ ᠠᠵᠢᠯ ᠤᠯᠭᠤᠭᠰᠡᠳ ᠤᠨ ᠲᠤᠭ᠎ᠠ ᠶᠢ 1500

ᠬᠦᠮᠦᠨ ᠳᠤ ᠬᠦᠷᠭᠡᠵᠦ᠂ ᠬᠤᠲᠡ ᠪᠠᠯᠭᠠᠰᠤᠨ ᠤ ᠠᠵᠢᠯ ᠠᠯᠲᠠᠭᠰᠠᠳ ᠤᠨ ᠨᠤᠷᠮ᠎ᠡ ᠶᠢ 3.9% ᠶᠢᠨ ᠲᠤᠳᠤᠷ᠎ᠡ

ᠪᠠᠶᠢᠯᠭᠠᠨ᠎ᠡ᠃ ᠮᠠᠯᠵᠢᠬᠤ ᠲᠠᠷᠢᠶᠠᠯᠠᠬᠤ ᠤᠷᠤᠨ ᠤ 2 ᠲᠦᠮᠡᠨ ᠭᠠᠷᠤᠢ ᠦᠯᠡᠭᠦᠦ ᠬᠦᠲᠡᠯᠮᠦᠷᠢ ᠬᠦᠴᠦᠨ ᠢ

ᠰᠢᠯᠵᠢᠭᠦᠯᠦᠨ ᠠᠵᠢᠯ ᠤᠯᠭᠤᠬᠤ ᠶᠢ ᠪᠠᠶᠡᠯᠡᠭᠦᠯᠵᠦ᠂ 3000 ᠲᠦᠮᠡᠨ ᠲᠦᠭᠦᠷᠢᠭ ᠦᠢᠯᠡᠰ ᠪᠦᠲᠦᠭᠡᠬᠦ ᠪᠠᠲᠤᠯᠭᠠᠲᠦ

ᠵᠢᠭᠡᠯᠡᠯᠭᠡ ᠶᠢᠨ ᠮᠦᠩᠬᠦ ᠶᠢ ᠲᠠᠷᠬᠠᠭᠠᠨ᠎ᠡ︔ 600 ᠬᠦᠮᠦᠨ ᠤ ᠦᠢᠯᠡᠰ ᠪᠦᠲᠦᠭᠡᠬᠦ ᠶᠢ ᠲᠠᠮᠵᠢᠵᠦ᠂1200 ᠬᠦᠮᠦᠨ

 ᠤ ᠠᠵᠢᠯ ᠤᠯᠭᠤᠬᠤ ᠶᠢ ᠪᠠᠶᠠᠯᠡᠬᠦᠯᠦᠨ᠎ᠡ︔ ᠬᠤᠲᠡ ᠬᠦᠲᠡᠭᠡ ᠶᠢᠨ  ᠡᠯ᠎ᠡ ᠠᠵᠢᠯ ᠲᠦᠷᠦᠯ ᠤᠨ 1500 ᠭᠠᠷᠤᠢ

ᠬᠦᠮᠦᠰ ︵ᠠᠳᠡᠯ ᠦᠢᠯᠡᠰ ᠪᠦᠲᠦᠭᠡᠭᠴᠢ᠂ ᠠᠵᠢᠯ ᠠᠯᠲᠠᠭᠰᠡᠳ᠂ ᠬᠦᠯᠦᠰᠦᠨ ᠠᠵᠢᠯᠲᠡᠳ︾ ᠲᠤ ᠲᠤᠬᠠᠶᠢᠯᠠᠭᠰᠡᠨ

ᠠᠵᠢᠯ ᠮᠡᠷᠬᠡᠵᠢᠯ ᠤᠨ ᠪᠤᠯᠪᠠᠰᠤᠷᠡᠯ ᠬᠦᠷᠲᠡᠭᠡᠨ᠎ᠡ᠃

 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号