| | | | | ᠰᠤᠷᠪᠤᠯᠵᠢᠯᠠᠭ᠎ᠠ ᠶᠢᠨ ᠭᠤᠤᠯ ᠰᠡᠳᠦᠪ᠄ ᠵᠤᠷᠢᠭ ᠢᠶᠠᠨ ᠬᠦᠪᠴᠢᠯᠡᠨ ᠰᠢᠪᠲᠤᠯᠤᠯᠲᠡ ᠬᠢᠵᠦ᠂ ᠰᠢᠨ᠎ᠡ ᠶᠢ | ᠡᠭᠦᠲᠦᠨ ᠦᠭᠡᠷᠡᠴᠢᠯᠡᠯᠲᠡ ᠬᠢᠵᠦ᠂ ᠬᠦᠭᠵᠢᠯᠲᠡ ᠶᠢᠨ ᠰᠢᠨ᠎ᠡ ᠳᠠᠪᠠᠭᠤᠯᠢᠭ ᠢ ᠪᠦᠲᠦᠭᠡᠨ᠎ᠡ | ᠰᠤᠷᠪᠤᠯᠵᠢᠯᠠᠭ᠎ᠠ ᠶᠢᠨ ᠬᠦᠨᠳᠦᠳᠦ ᠵᠤᠴᠢᠨ᠄ ᠬᠤᠰᠢᠭᠤ ᠨᠡᠮ ᠤᠨ ᠬᠤᠷᠢᠶᠡᠠ ᠤ ᠲᠡᠳ᠋ ᠱᠦᠵᠢ᠂ ᠬᠤᠰᠢᠭᠤᠨ | ᠳᠠᠷᠤᠭ᠎ᠠ ᠵᠠᠩ ᠶᠦᠩ ᠸᠧᠨ | ᠰᠤᠷᠪᠤᠯᠵᠢᠯᠠᠭ᠎ᠠ ᠶᠢᠨ ᠴᠠᠭ ᠬᠤᠭᠤᠴᠠᠭ᠎ᠠ᠄ 2017 ᠤᠨ ᠤ 3 ᠰᠠᠷ᠎ᠡ ᠶᠢᠨ 24 ᠤ ᠡᠳᠦᠷ | ᠬᠦᠲᠦᠯᠦᠭᠴᠢ᠄ ᠠᠵᠦ ᠠᠬᠤᠢ ᠪᠠᠭᠤᠷᠠᠬᠤ ᠲᠠᠷᠤᠯᠲᠡ ᠦᠷᠬᠦᠯᠵᠢᠯᠡᠨ ᠨᠡᠮᠡᠭᠲᠡᠵᠦ᠂ ᠬᠦᠨ ᠲᠠᠪᠬᠤᠷᠭ᠎ᠠ ᠶᠢᠨ | ᠵᠦᠷᠢᠴᠡᠯ ᠳᠤᠪᠤᠶᠢᠮ᠎ᠡ ᠪᠠᠶᠢᠳᠠᠯ ᠲᠤᠤᠷ᠎ᠡ᠂ 2016 ᠤᠨ ᠳᠤ ᠮᠡᠨ ᠤ ᠬᠤᠰᠢᠭᠤᠨ ᠤ ᠤᠷᠤᠨ ᠨᠤᠲᠤᠭ ᠤᠨ ᠠᠵᠦ | ᠠᠬᠤᠢ ᠶᠢᠨ ᠶᠡᠷᠦᠩᠬᠡᠢ ᠪᠠᠶᠢᠳᠡᠯ ᠶᠠᠮᠡᠷ ᠪᠤᠢ︖ | ᠵᠠᠩ ᠶᠦᠩ ᠸᠧᠨ᠄ ᠦᠩᠭᠡᠷᠡᠭᠰᠡᠨ ᠨᠢᠭᠡ ᠵᠢᠯ᠂ ᠬᠤᠰᠢᠭᠤ ᠨᠡᠮ ᠤᠨ ᠬᠤᠷᠢᠶᠠᠨ ᠤ ᠵᠦᠪ ᠤᠳᠤᠷᠢᠳᠤᠯᠭ᠎ᠠ | ᠳᠤᠤᠷ᠎ᠡ᠂ ᠬᠤᠰᠢᠭᠤ ᠵᠠᠰᠠᠭ ᠤᠨ ᠤᠳᠤᠨ ︽ᠠᠵᠤ ᠦᠢᠯᠡᠳᠪᠦᠷᠢ ᠪᠠᠷ ᠭᠤᠤᠯᠳᠡᠭᠤᠯᠵᠦ᠂ ᠲᠠᠷᠢᠶᠠᠯᠠᠩ ᠮᠠᠯ ᠠᠵᠤ ᠪᠠᠷ | ᠰᠠᠭᠤᠷᠢᠯᠠᠵᠦ᠂ ᠪᠤᠭᠤᠮᠲᠡ ᠪᠠᠷ ᠲᠤᠯᠭᠠᠭᠤᠷᠢᠯᠠᠵᠦ᠂ ᠰᠤᠶᠤᠯ ᠢᠶᠠᠷ ᠳᠠᠭᠠᠭᠤᠯᠵᠦ᠂ ᠵᠢᠭᠤᠯᠴᠢᠯᠡᠯ ᠢᠶᠠᠷ ᠳᠠᠶᠢᠴᠢᠯᠡᠵᠦ᠂ | ᠠᠮᠢ ᠠᠬᠤᠢ ᠪᠠᠷ ᠪᠠᠲᠤᠯᠠᠭ᠎ᠠ ᠪᠤᠯᠭᠠᠬᠤ︾ ᠰᠡᠳᠬᠢᠴᠡ ᠶᠢ ᠬᠢᠨᠠᠮᠠᠭᠠᠢ ᠨᠡᠶᠢᠳᠠᠪᠤᠷᠢᠵᠢᠭᠤᠯᠵᠦ᠂ ︽ᠪᠦᠬᠦ ᠲᠡᠯ᠎ᠡ ᠪᠠᠷ | ᠬᠡᠯᠪᠡᠷᠢ ᠪᠠᠨ ᠦᠭᠡᠷᠡᠴᠢᠯᠡᠨ᠂ ᠨᠠᠭᠡᠭᠡᠯᠲᠠ ᠬᠢᠵᠦ ᠬᠦᠭᠵᠢᠭᠦᠯᠬᠦ︾ ᠪᠠᠶᠢᠯᠳᠤᠬᠤ ᠪᠤᠳᠤᠯᠭ᠎ᠠ ᠶᠢ ᠬᠦᠨᠵᠡᠭᠡᠢ | ᠬᠡᠷᠡᠭᠵᠢᠭᠦᠯᠵᠦ᠂ ᠡᠷᠴᠢ ᠬᠦᠴᠦᠨ ᠢᠶᠠᠨ ᠲᠦᠪᠯᠡᠷᠡᠭᠦᠯᠦᠨ ᠰᠢᠮᠲᠡᠨ ᠠᠵᠢᠯᠯᠠᠵᠦ᠂ ᠡᠯ᠎ᠡ ᠠᠵᠢᠯ ᠲᠦᠷᠦᠯ ᠤᠨ ᠡᠭᠦᠷᠭᠡ | ᠬᠠᠷᠡᠯᠲᠡ ᠪᠠᠨ ᠲᠡᠭᠦᠰ ᠠᠮᠵᠢᠯᠲᠡ ᠲᠠᠢ ᠪᠠᠶᠡᠯᠡᠭᠦᠯᠵᠦ᠂ ︽ᠠᠷᠪᠡᠨ ᠭᠤᠷᠪᠠᠳᠤᠭᠠᠷ ᠲᠡᠪᠤᠨ︾ ᠵᠢᠯ ᠤᠨ ᠲᠦᠯᠦᠪᠯᠡᠭᠡ | ᠶᠢᠨ ᠠᠵᠢᠯ ᠢ ᠰᠠᠶᠢᠳᠤᠷ ᠡᠬᠢᠯᠡᠭᠦᠯᠪᠡ᠃ ᠪᠦᠬᠦ ᠬᠤᠰᠢᠭᠤᠨ ᠤ ᠤᠷᠤᠨ ᠨᠤᠲᠤᠭ ᠤᠨ ᠠᠵᠦ ᠦᠢᠯᠡᠳᠪᠦᠷᠢ ᠶᠢᠨ | ᠶᠡᠷᠦᠩᠬᠡᠢ ᠦᠷᠲᠡᠭ ᠨᠢ 212.83 ᠳ᠋ᠦᠩᠰᠢᠭᠤᠷ ᠲᠦᠭᠦᠷᠢᠭᠲ᠋ᠣ ᠬᠦᠷᠴᠦ᠂ 7.3% ᠪᠠᠷ ᠨᠡᠮᠡᠭᠳᠡᠪᠡ︔ ᠲᠤᠭᠲᠡᠮᠡᠯ | ᠬᠦᠷᠦᠩᠭᠬᠡ ᠶᠢᠨ ᠪᠡᠯᠡ ᠤᠷᠤᠭᠤᠯᠤᠯᠲᠡ ᠨᠢ 222.9 ᠳ᠋ᠦᠩᠰᠢᠭᠤᠷ ᠲᠦᠭᠦᠷᠢᠭ᠂ 14.6% ᠪᠠᠷ ᠨᠡᠮᠡᠭᠳᠡᠪᠡ︔ | ᠨᠡᠶᠢᠲᠡ ᠶᠢᠨ ᠡᠳ᠋ ᠤᠨ ᠵᠠᠰᠠᠭ ᠤᠨ ᠲᠦᠰᠦᠪ ᠤᠨ ᠤᠷᠤᠯᠭ᠎ᠠ ᠨᠢ 16.58 ᠳ᠋ᠦᠩᠰᠢᠭᠤᠷ ᠲᠦᠭᠦᠷᠢᠭ ᠪᠠᠶᠢᠵᠦ᠂ 7. | 5% ᠪᠠᠷ ᠨᠡᠮᠡᠭᠳᠡᠪᠡ︔ ᠨᠡᠶᠢᠭᠡᠮ ᠤᠨ ᠬᠡᠷᠡᠭᠯᠡᠭᠡᠨ ᠤ ᠰᠤᠯᠡ ᠪᠤᠷᠤᠯᠠᠭᠤᠯᠤᠯᠲᠡ ᠶᠢᠨ ᠶᠡᠷᠦᠩᠬᠡᠢ ᠦᠷᠲᠡᠭ ᠨᠢ 23. | 2 ᠳ᠋ᠦᠩᠰᠢᠭᠤᠷ ᠲᠦᠭᠦᠷᠢᠭ᠂ 9.6% ᠪᠠᠷ ᠨᠡᠮᠡᠭᠳᠡᠪᠡ︔ ᠬᠤᠲᠠ ᠪᠠᠯᠭᠠᠰᠤᠨ ᠤ ᠪᠠᠶᠢᠩᠭᠤ ᠰᠠᠭᠤᠭᠠᠯᠢ ᠠᠷᠠᠳ | ᠪᠤᠯᠤᠨ ᠮᠠᠯᠴᠢᠨ ᠲᠠᠷᠢᠶᠠᠴᠢᠨ ᠤ ᠲᠡᠭᠰᠢᠳᠭᠡᠭᠰᠡᠨ ᠤᠷᠤᠯᠭ᠎ᠠ ᠨᠢ ᠲᠤᠰ ᠪᠦᠷᠢ 34370 ᠲᠦᠭᠦᠷᠢᠭ᠂12691 | ᠲᠦᠭᠦᠷᠢᠭ ᠲᠤ ᠬᠦᠷᠴᠦ᠂ ᠴᠦᠮ 7.7% ᠪᠠᠷ ᠨᠡᠮᠡᠭᠳᠡᠪᠡ᠃ | ᠬᠦᠲᠦᠯᠦᠭᠴᠢ᠄ ᠦᠨᠦ ᠵᠢᠯ ᠪᠤᠯ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠨᠡᠮ ᠤᠨ ᠬᠤᠷᠢᠶᠠᠨ ᠤ | ᠠᠷᠪᠠᠨ ᠭᠤᠷᠪᠠᠳᠤᠭᠠᠷ ᠤᠳᠠᠭᠠᠨ ᠤ ᠲᠦᠯᠦᠭᠡᠯᠡᠭᠴᠢᠳ ᠤᠨ ᠶᠡᠭᠡ ᠬᠤᠷᠡᠯ ᠤᠨ ᠵᠤᠷᠢᠭ ᠰᠠᠨᠠᠭ᠎ᠠ ᠶᠢ ᠪᠦᠬᠦ ᠲᠠᠯ᠎ᠡ | ᠪᠠᠷ ᠲᠤᠭᠤᠰᠢᠯᠠᠭᠤᠯᠬᠤ ᠠᠩᠬᠠᠨ ᠤ ᠵᠢᠯ ᠪᠤᠯᠬᠤ ᠪᠦᠭᠡᠳ ︽ᠠᠷᠪᠡᠨ ᠭᠤᠷᠪᠠᠳᠤᠭᠠᠷ ᠲᠡᠪᠤᠨ︾ ᠵᠢᠯ ᠤᠨ ᠲᠦᠯᠦᠪᠯᠡᠭᠡ | ᠶᠢ ᠨᠡᠶᠢᠳᠠᠪᠤᠷᠢᠵᠢᠭᠤᠯᠬᠤ ᠴᠢᠬᠤᠯᠡ ᠨᠢᠭᠡ ᠵᠢᠯ ᠪᠤᠯᠤᠨ᠎ᠡ᠃ ᠡᠶᠢᠮᠦ ᠪᠠᠶᠢᠲᠡᠯ ᠳᠤᠤᠷ᠎ᠡ ᠬᠤᠰᠢᠭᠤ ᠵᠠᠰᠠᠭ ᠤᠨ | ᠤᠷᠳᠤᠨ ᠤ ᠶᠡᠷᠦᠩᠬᠡᠢ ᠠᠵᠢᠯ ᠤᠨ ᠰᠡᠳᠬᠢᠮᠵᠢ ᠨᠢ ᠶᠠᠭᠤ ᠪᠤᠢ︖ | ᠵᠠᠩ ᠶᠦᠩ ᠸᠧᠨ᠄ 2017 ᠤᠨ᠂ ᠬᠤᠰᠢᠭᠤ ᠵᠠᠰᠠᠭ ᠤᠨ ᠤᠷᠳᠤᠨ ᠨᠡᠮ ᠤᠨ ᠠᠷᠪᠡᠨ ᠨᠠᠶᠢᠮᠠᠳᠤᠭᠠᠷ ᠶᠡᠭᠡ | ᠬᠤᠷᠡᠯ ᠪᠤᠯᠤᠨ ᠠᠷᠪᠠᠨ ᠨᠠᠶᠢᠮᠠᠳᠤᠭᠠᠷ ᠶᠡᠭᠡ ᠬᠤᠷᠠᠯ ᠤᠨ ᠭᠤᠷᠪᠠᠳᠤᠭᠠᠷ᠂ ᠲᠦᠷᠪᠡᠳᠦᠭᠡᠷ᠂ ᠲᠠᠪᠤᠳᠤᠭᠠᠷ᠂ | ᠵᠢᠷᠭᠤᠳᠤᠭᠠᠷ ᠪᠦᠭᠦᠲᠡ ᠬᠤᠷᠠᠯᠳᠤᠭᠠᠨ ᠤ ᠵᠤᠷᠢᠭ ᠰᠠᠨᠠᠭ᠎ᠠ᠂ ᠰᠢ ᠶᠢᠨ ᠫᠢᠩ ᠶᠡᠷᠦᠩᠬᠡᠢ ᠱᠦᠵᠢ ᠶᠢᠨ ᠰᠢᠷᠢᠰ | ᠴᠢᠬᠤᠯᠡ ᠶᠠᠷᠢᠶᠠᠨ ᠤ ᠵᠤᠷᠢᠭ ᠰᠠᠨᠠᠭ᠎ᠠ ᠪᠡ ︽ᠲᠦᠷᠦ ᠶᠢ ᠵᠠᠰᠠᠬᠤ ᠲᠤᠬᠠᠢ︾ ᠰᠢᠨ᠎ᠡ ᠤᠨᠤᠯᠵᠢᠬᠤᠨ ᠰᠢᠨ᠎ᠡ ᠦᠵᠡᠯ | ᠰᠠᠨᠠᠭ᠎ᠠ ᠰᠢᠨ᠎ᠡ ᠪᠠᠶᠢᠯᠳᠤᠬᠤ ᠪᠤᠳᠤᠯᠭ᠎ᠠ ᠶᠢ ᠲᠤᠭᠤᠰᠢᠯᠠᠭᠤᠯᠵᠦ᠂ ᠲᠦᠪ ᠤᠨ ᠠᠵᠦ ᠠᠬᠤᠢ ᠶᠢᠨ ᠠᠵᠢᠯ ᠤᠨ ᠬᠤᠷᠠᠯ᠂ | ᠦᠪᠡᠷᠲᠡᠭᠡᠨ ᠵᠠᠰᠠᠬᠤ ᠤᠷᠤᠨ ᠤ ᠨᠡᠮ ᠤᠨ ᠬᠤᠷᠢᠶᠠᠨ ᠤ ᠠᠷᠪᠠᠳᠤᠭᠠᠷ ᠬᠤᠭᠤᠴᠠᠭᠠᠨ ᠤ ᠬᠤᠶᠠᠳᠤᠭᠠᠷ ᠪᠦᠬᠦᠳᠡ | ᠬᠤᠷᠠᠯᠳᠤᠭᠠᠨ᠂ ᠪᠤᠭᠤᠲᠦ ᠬᠤᠲᠡ ᠶᠢᠨ ᠨᠡᠮ ᠤᠨ ᠬᠤᠷᠢᠶᠠᠨ ᠤ ᠠᠷᠪᠡᠨ ᠬᠤᠶᠠᠳᠤᠭᠠᠷ ᠬᠤᠭᠤᠴᠠᠭᠠᠨ ᠤ | ᠬᠤᠶᠠᠳᠤᠭᠠᠷ ᠪᠦᠬᠦᠳᠡ ᠬᠤᠷᠠᠯᠳᠤᠭᠠᠨ ᠤ ᠵᠤᠷᠢᠭ ᠰᠠᠨᠠᠭ᠎ᠠ ᠶᠢ ᠭᠦᠨᠵᠡᠭᠡᠢ ᠨᠠᠶᠢᠳᠠᠪᠤᠷᠢᠵᠢᠭᠤᠯᠵᠦ᠂ ᠬᠤᠰᠢᠭᠤᠨ ᠤ | ᠨᠡᠮ ᠤᠨ ᠬᠤᠷᠢᠶᠠᠨ ᠤ ᠠᠷᠪᠠᠨ ᠭᠤᠷᠪᠠᠳᠤᠭᠠᠷ ᠬᠤᠭᠤᠴᠠᠭᠠᠨ ᠤ ᠲᠦᠷᠪᠡᠳᠦᠭᠡᠷ ᠪᠦᠬᠦᠳᠡ ᠬᠤᠷᠠᠯᠳᠤᠭᠠᠨ ᠤ | ᠰᠢᠢᠳᠪᠤᠷᠢ ᠪᠠᠶᠢᠷᠢᠯᠠᠭᠤᠯᠤᠯᠲᠡ ᠶᠤᠰᠤᠭᠠᠷ᠂ ᠲᠤᠭᠳᠠᠭᠤᠨ ᠢᠶᠠᠷ ᠬᠦᠭᠵᠢᠬᠦ ᠦᠨᠳᠦᠰᠦᠨ ᠰᠠᠨᠠᠭ᠎ᠠ ᠪᠠᠨ ᠪᠠᠷᠢᠮᠳᠠᠯᠠᠵᠦ᠂ | ᠬᠦᠭᠵᠢᠯᠲᠡ ᠶᠢᠨ ᠰᠢᠨ᠎ᠡ ᠤᠨᠤᠯᠵᠢᠬᠤᠨ ᠢ ᠲᠤᠭᠤᠰᠢᠯᠠᠭᠤᠯᠵᠦ᠂ ᠬᠦᠭᠵᠢᠯᠲᠡ ᠶᠢᠨ ᠴᠢᠨᠠᠷ ᠴᠢᠨᠰᠠᠭ᠎ᠠ ᠪᠡ ᠦᠷ᠎ᠡ | ᠠᠰᠢᠭ ᠢ ᠲᠡᠭᠡᠭᠰᠢᠯᠡᠭᠦᠯᠭᠦ ᠪᠠᠷ ᠭᠤᠤᠯᠳᠠᠭᠤᠯᠵᠦ᠂ ᠬᠠᠩᠭᠠᠯᠭ᠎ᠠ ᠶᠢᠨ ᠲᠠᠯ᠎ᠡ ᠶᠢᠨ ᠪᠦᠲᠦᠴᠡ ᠶᠢᠨ ᠴᠢᠨᠠᠷᠲᠠᠢ | ᠦᠭᠡᠷᠡᠴᠢᠯᠡᠯᠲᠡ ᠶᠢ ᠠᠬᠢᠭᠤᠯᠬᠤ ᠪᠠᠷ ᠭᠤᠤᠯᠯᠠᠬᠤ ᠱᠤᠭᠤᠮ ᠪᠤᠯᠭᠠᠵᠦ᠂ ᠬᠦᠭᠵᠢᠯᠲᠡ᠂ ᠠᠮᠢ ᠠᠬᠤᠢ᠂ ᠠᠷᠡᠳ ᠤᠨ | ᠠᠮᠢᠳᠤᠷᠠᠯ ᠤᠨ ᠬᠢᠵᠠᠭᠠᠷ ᠱᠤᠭᠤᠮ ᠶᠢ ᠡᠷᠡᠰ ᠰᠠᠬᠢᠵᠦ᠂ ︽ᠠᠵᠦ ᠦᠢᠯᠡᠰ ᠢᠶᠠᠷ ᠭᠤᠤᠯᠳᠠᠭᠤᠯᠵᠦ᠂ ᠲᠠᠷᠢᠶᠠᠯᠠᠩ ᠮᠠᠯ | ᠠᠵᠦ ᠠᠬᠤᠢ ᠪᠠᠷ ᠰᠠᠭᠤᠷᠢᠯᠠᠵᠦ᠂ ᠪᠤᠭᠤᠮᠲᠡ ᠪᠠᠷ ᠲᠤᠯᠭᠠᠭᠤᠷᠢᠯᠠᠵᠦ᠂ ᠰᠤᠶᠤᠯ ᠢᠶᠠᠷ ᠳᠠᠭᠠᠭᠤᠯᠵᠦ᠂ ᠵᠢᠭᠤᠯᠴᠢᠯᠡᠯ | ᠢᠶᠠᠷ ᠳᠠᠶᠢᠴᠢᠯᠡᠵᠦ᠂ ᠠᠮᠢ ᠠᠬᠤᠢ ᠪᠠᠷ ᠪᠠᠲᠤᠯᠠᠭ᠎ᠠ ᠪᠤᠯᠭᠠᠬᠤ︾ ᠰᠡᠳᠬᠢᠴᠡ ᠶᠢ ᠬᠢᠨᠠᠮᠠᠭᠠᠢ ᠨᠡᠶᠢᠳᠠᠪᠤᠷᠢᠵᠢᠭᠤᠯᠵᠦ᠂ | ︽ᠪᠦᠬᠦ ᠲᠡᠯ᠎ᠡ ᠪᠠᠷ ᠬᠡᠯᠪᠡᠷᠢ ᠪᠠᠨ ᠦᠭᠡᠷᠡᠴᠢᠯᠡᠨ᠂ ᠨᠡᠭᠡᠭᠡᠯᠲᠡ ᠬᠢᠵᠦ ᠬᠦᠭᠵᠢᠭᠦᠯᠬᠦ︾ ᠪᠠᠶᠢᠯᠳᠤᠬᠤ ᠪᠤᠳᠤᠯᠭ᠎ᠠ ᠶᠢ | ᠬᠦᠴᠦᠯᠡᠨ ᠬᠡᠷᠡᠭᠵᠢᠭᠦᠯᠵᠦ᠂ ᠴᠢᠨᠡᠭᠡᠯᠢᠭ ᠨᠡᠶᠢᠭᠡᠮ ᠢ ᠪᠦᠬᠦ ᠲᠠᠯ᠎ᠡ ᠪᠠᠷ ᠪᠠᠶᠢᠭᠤᠯᠤᠨ ᠪᠦᠲᠦᠭᠡᠬᠦ᠂ ᠦᠭᠡᠷᠡᠴᠢᠯᠡᠯᠲᠡ ᠶᠢ | ᠪᠦᠬᠦ ᠲᠠᠯ᠎ᠡ ᠪᠠᠷ ᠭᠦᠨᠵᠡᠭᠡᠶᠢᠷᠡᠭᠦᠯᠬᠦ᠂ ᠪᠦᠬᠦ ᠲᠡᠯ᠎ᠡ ᠪᠠᠷ ᠬᠤᠰᠢᠭᠤ ᠪᠠᠨ ᠬᠠᠦᠯᠢ ᠪᠠᠷ ᠵᠠᠰᠠᠬᠤ ᠶᠢ ᠠᠬᠢᠭᠤᠯᠵᠦ᠂ | ᠶᠡᠷᠦᠩᠬᠡᠶᠢᠯᠡᠭᠰᠡᠨ ᠦᠷᠢᠰᠦᠯᠳᠦᠬᠦ ᠬᠦᠴᠦᠨ ᠢ ᠨᠡᠮᠡᠭᠳᠡᠭᠦᠯᠬᠦ᠂ ᠠᠵᠦ ᠦᠢᠯᠡᠰ ᠤᠨ ᠲᠡᠰ ᠲᠡᠪᠰᠢᠭᠦᠯᠬᠦ ᠶᠢ ᠠᠬᠢᠭᠤᠯᠬᠤ᠂ | ᠬᠤᠲᠡ ᠬᠦᠲᠡᠭᠡ ᠶᠢᠨ ᠪᠦᠲᠦᠭᠡᠨ ᠪᠠᠶᠢᠭᠤᠯᠤᠯᠲᠡ ᠶᠢᠨ ᠲᠦᠪᠰᠢᠨ ᠢ ᠳᠡᠭᠡᠭᠰᠢᠯᠡᠭᠦᠯᠬᠦ᠂ ᠠᠷᠡᠳ ᠤᠨ ᠠᠮᠢᠳᠤᠷᠠᠯ ᠢ | ᠪᠠᠲᠤᠯᠠᠨ ᠰᠠᠶᠢᠵᠢᠷᠠᠭᠤᠯᠬᠤ ᠲᠡᠭᠡᠷ᠎ᠡ ᠰᠢᠨ᠎ᠡ ᠰᠢᠪᠲᠤᠯᠤᠯᠲᠡ ᠭᠠᠷᠭᠠᠬᠤ ᠪᠠᠷ ᠬᠦᠴᠦᠯᠡᠨ ᠴᠢᠷᠮᠠᠶᠢᠵᠦ᠂ ᠰᠢᠯᠢᠳᠡᠭ ᠬᠢᠷᠢ | ᠪᠦᠲᠦᠮᠵᠢ ᠪᠠᠷ ᠬᠤᠰᠢᠭᠤ ᠪᠠᠶᠢᠭᠤᠯᠤᠭᠳᠠᠭᠰᠡᠨ 65 ᠵᠢᠯ ᠤᠨ ᠤᠢ᠂ ᠦᠪᠡᠷᠲᠡᠭᠡᠨ ᠵᠠᠰᠠᠬᠤ ᠤᠷᠤᠨ | ᠪᠠᠶᠢᠭᠤᠯᠤᠭᠳᠠᠭᠰᠡᠨ 70 ᠵᠢᠯ ᠤᠨ ᠤᠢ ᠶᠢ ᠪᠡᠯᠭᠡᠯᠡᠵᠦ᠂ ᠨᠡᠮ ᠤᠨ ᠠᠷᠪᠠᠨ ᠠᠷᠪᠡ ᠶᠢᠰᠦᠳᠤᠭᠡᠷ ᠶᠡᠭᠡ ᠬᠤᠷᠡᠯ ᠤᠨ | ᠠᠮᠵᠢᠯᠲᠡ ᠲᠠᠢ ᠬᠤᠷᠠᠯᠳᠤᠬᠤ ᠶᠢ ᠪᠠᠶᠠᠷᠯᠡᠨ ᠤᠭᠳᠤᠨᠡ᠃ | ᠬᠦᠲᠦᠯᠦᠭᠴᠢ᠄ ᠦᠨᠦ ᠵᠢᠯ ᠤᠨ ᠠᠵᠦ ᠠᠬᠤᠢ ᠨᠡᠶᠢᠭᠡᠮ ᠤᠨ ᠬᠦᠭᠵᠢᠯᠲᠡ ᠶᠢᠨ ᠲᠦᠰᠦᠪ ᠬᠠᠷᠠᠯᠲᠡ ᠶᠢ | ᠬᠡᠷᠬᠢᠨ ᠲᠤᠬᠢᠷᠠᠭᠤᠯᠤᠭᠰᠡᠨ ᠪᠤᠢ︖ | ᠵᠠᠩ ᠶᠦᠩ ᠸᠧᠨ᠄ ᠰᠢᠨ᠎ᠡ ᠬᠡᠪ ᠪᠠᠶᠢᠲᠠᠯ ᠲᠤᠤᠷ᠎ᠡ ᠮᠠᠨ ᠤ ᠬᠤᠰᠢᠭᠤᠨ ᠤ ᠠᠵᠤ ᠠᠬᠤᠢ ᠶᠢᠨ ᠬᠦᠭᠵᠢᠯᠲᠡ | ᠶᠢᠨ ᠰᠢᠨ᠎ᠡ ᠤᠨᠴᠠᠯᠢᠭ᠂ ᠰᠢᠨ᠎ᠡ ᠱᠠᠭᠠᠷᠳᠠᠯᠭ᠎ᠠ᠂ ᠰᠢᠨ᠎ᠡ ᠲᠤᠬᠢᠶᠠᠯ ᠳᠤ ᠬᠠᠨᠳᠤᠭᠤᠯᠦᠨ᠂ ᠲᠤᠭᠳᠠᠭᠤᠨ ᠪᠠᠶᠢᠯᠭᠠᠬᠤ ᠶᠢ | ᠵᠠᠷᠭᠡ ᠪᠠᠷ ᠤᠷᠤᠭᠰᠢᠯᠠᠭᠤᠯᠬᠤ ᠶᠡᠷᠦᠩᠬᠡᠢ ᠬᠦᠭ ᠠᠶᠠᠰ ᠢ ᠲᠤᠰᠬᠠᠵᠦ᠂ ᠦᠨᠦ ᠵᠢᠯ ᠮᠡᠨ ᠤ ᠬᠤᠰᠢᠭᠤᠨ ᠤ ᠲᠦᠰᠦᠪ | ᠬᠠᠷᠠᠯᠲᠡ ᠪᠤᠯ᠄ ᠬᠤᠰᠢᠭᠤᠨ ᠤ ᠤᠷᠤᠨ ᠨᠤᠲᠤᠭ ᠤᠨ ᠠᠵᠦ ᠦᠢᠯᠡᠳᠪᠦᠷᠢ ᠶᠢᠨ ᠶᠡᠷᠦᠩᠬᠡᠢ ᠦᠷᠲᠡᠭ ᠢ 8% | ᠤᠷᠴᠢᠮ ᠨᠡᠮᠡᠭᠳᠡᠭᠦᠯᠵᠦ᠂ ᠲᠤᠭᠲᠠᠮᠠᠯ ᠬᠦᠷᠦᠩᠭᠡ ᠶᠢᠨ ᠪᠡᠯᠡ ᠤᠷᠤᠭᠤᠯᠤᠯᠲᠡ ᠶᠢ 15% ᠤᠷᠴᠢᠮ᠂ ᠨᠡᠶᠢᠲᠡ ᠶᠢᠨ | ᠡᠳ᠋ ᠤᠨ ᠵᠠᠰᠠᠭ ᠤᠨ ᠲᠦᠰᠦᠪ ᠤᠨ ᠤᠷᠤᠯᠭ᠎ᠠ ᠶᠢ 6% ᠪᠠᠷ ᠨᠡᠮᠡᠭᠳᠡᠭᠦᠯᠵᠦ᠂ ᠨᠡᠶᠢᠭᠡᠮ ᠤᠨ ᠬᠡᠷᠡᠭᠯᠡᠭᠡᠨ ᠤ ᠰᠤᠯᠡ | ᠪᠤᠷᠤᠯᠠᠭᠤᠯᠤᠯᠲᠡ ᠶᠢ 10% ᠤᠷᠴᠢᠮ ᠨᠡᠮᠡᠭᠳᠡᠭᠦᠯᠵᠦ᠂ ᠬᠤᠲᠠ ᠪᠠᠯᠭᠠᠰᠤᠨ ᠤ ᠪᠠᠶᠢᠩᠭᠤ ᠰᠠᠭᠤᠭᠠᠯᠢ ᠠᠷᠠᠳ ᠤᠨ | ᠲᠡᠭᠰᠢᠳᠭᠡᠭᠰᠡᠨ ᠤᠷᠤᠯᠭ᠎ᠠ ᠶᠢ 8% ᠤᠷᠴᠢᠮ᠂ ᠮᠠᠯᠴᠢᠨ ᠲᠠᠷᠢᠶᠠᠴᠢᠨ ᠤ ᠲᠡᠭᠰᠢᠳᠭᠡᠭᠰᠡᠨ ᠤᠷᠤᠯᠭ᠎ᠠ ᠶᠢ 8.5% | ᠤᠷᠴᠢᠮ ᠨᠡᠮᠡᠭᠳᠡᠭᠦᠯᠦᠨ᠎ᠡ᠃ | ᠬᠦᠲᠦᠯᠦᠭᠴᠢ᠄ ᠦᠨᠦ ᠵᠢᠯ᠂ ᠬᠤᠰᠢᠭᠤ ᠵᠠᠰᠠᠭ ᠤᠨ ᠤᠷᠳᠤᠨ ᠠᠵᠢᠯ ᠤᠨ ᠶᠡᠷᠦᠩᠬᠡᠢ ᠱᠠᠭᠠᠷᠳᠠᠯᠭ᠎ᠠ ᠪᠡ | ᠲᠦᠰᠦᠪ ᠤᠨ ᠬᠠᠷᠠᠯᠲᠡ ᠶᠢᠨ ᠲᠤᠭᠤᠷᠢᠨ ᠳᠤ᠂ ᠠᠯᠢ ᠲᠡᠯ᠎ᠡ ᠶᠢᠨ ᠠᠵᠢᠯ ᠤᠳ ᠢ ᠭᠤᠤᠯᠳᠠᠯᠭ᠎ᠠ ᠲᠠᠢ ᠪᠡᠶᠡᠯᠡᠭᠦᠯᠬᠦ | ᠪᠠᠷ ᠪᠠᠶᠢᠬᠤ ᠪᠤᠢ︖ | ᠵᠠᠩ ᠶᠦᠩ ᠸᠧᠨ᠄ ︵ᠨᠢᠭᠡ︶ ᠪᠤᠲᠠᠳᠤ ᠪᠡᠶ᠎ᠡ ᠶᠢᠨ ᠠᠵᠦ ᠠᠬᠤᠢ ᠶᠢ ᠮᠠᠨᠳᠤᠭᠤᠯᠤᠨ ᠬᠦᠭᠵᠢᠭᠦᠯᠵᠦ᠂ | ᠬᠦᠭᠵᠢᠯᠲᠡ ᠶᠢᠨ ᠰᠠᠭᠤᠷᠢ ᠶᠢ ᠪᠠᠬᠢᠵᠢᠭᠦᠯᠦᠨ᠎ᠡ᠃ | ᠨᠢᠭᠡ᠂ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠡ ᠪᠠᠷ ᠬᠦᠭᠵᠢᠯᠲᠡ ᠶᠢᠨ ᠰᠢᠨ᠎ᠡ ᠬᠦᠳᠡᠯᠭᠡᠭᠴᠢ | ᠪᠤᠯᠭᠠᠨ᠎ᠡ᠃ ᠲᠦᠷᠦᠯ ᠵᠦᠢᠯ ᠤᠨ ᠬᠤᠯᠪᠤᠭᠠᠯᠠᠨ ᠳᠠᠭᠠᠭᠠᠴᠢᠯᠠᠬᠤ ᠪᠡ ᠵᠤᠬᠢᠴᠠᠭᠤᠯᠦᠨ ᠲᠤᠬᠢᠷᠠᠭᠤᠯᠬᠤ ᠠᠷᠭ᠎ᠠ ᠶᠢ | ᠴᠢᠩᠭ᠎ᠠ ᠨᠠᠶᠢᠳᠠᠪᠤᠷᠢᠵᠢᠭᠤᠯᠵᠦ᠂ ᠴᠠᠭ ᠪᠤᠯᠤᠨ ᠬᠦᠴᠦ ᠪᠠᠨ ᠲᠦᠪᠯᠡᠷᠡᠭᠦᠯᠦᠨ ᠲᠦᠷᠦᠯ ᠵᠦᠢᠯ ᠤᠨ ᠪᠦᠲᠦᠭᠡᠨ | ᠪᠠᠶᠢᠭᠤᠯᠤᠯᠲᠡ ᠶᠢᠨ ᠬᠡᠷᠡᠭᠰᠡᠬᠦ ᠭᠠᠵᠠᠷ ᠤᠨ ᠬᠢᠨᠠᠨ ᠵᠦᠪᠰᠢᠶᠡᠷᠡᠯ᠂ ᠪᠡᠯᠡ ᠮᠦᠩᠬᠦ ᠶᠢᠨ ᠨᠠᠶᠢᠳᠠᠪᠤᠷᠢᠵᠢᠭᠤᠯᠤᠯᠲᠡ᠂ | ᠡᠯᠧᠮᠧᠨ᠋ᠲ ᠶᠢᠨ ᠪᠠᠲᠤᠯᠠᠭ᠎ᠠ ᠵᠠᠷᠭᠡ ᠠᠰᠠᠭᠤᠳᠠᠯ ᠢ ᠰᠢᠢᠳᠪᠦᠷᠢᠯᠡᠵᠦ᠂ 4 ᠰᠠᠷ᠎ᠡ ᠶᠢᠨ ᠰᠡᠭᠦᠯᠴᠢ ᠪᠤᠯᠲᠡᠯ᠎ᠡ | ᠦᠷᠬᠦᠯᠵᠢᠯᠡᠨ ᠪᠠᠶᠢᠭᠤᠯᠵᠦ ᠪᠠᠶᠢᠭ᠎ᠠ ᠲᠦᠷᠦᠯ ᠵᠦᠢᠯ ᠢ ᠪᠦᠭᠦᠲᠡ ᠶᠢ ᠰᠡᠷᠭᠦᠭᠡᠵᠦ᠂ 5 ᠰᠠᠷ᠎ᠡ ᠶᠢᠨ ᠰᠡᠭᠦᠯᠴᠢ ᠪᠠᠷ | ᠰᠢᠨ᠎ᠡ ᠪᠠᠷ ᠪᠠᠶᠢᠭᠤᠯᠬᠤ ᠲᠦᠷᠦᠯ ᠵᠦᠢᠯ ᠢ ᠪᠦᠭᠦᠨ ᠢ ᠡᠬᠢᠯᠡᠭᠦᠯᠵᠦ᠂ ᠦᠪᠡᠷᠲᠡᠭᠡᠨ ᠵᠠᠰᠠᠬᠤ ᠤᠷᠤᠨ | ᠪᠠᠶᠢᠭᠤᠯᠤᠭᠳᠠᠭᠰᠡᠨ 70 ᠵᠢᠯ ᠤᠨ ᠤᠢ ᠶᠢ ᠪᠡᠯᠭᠡᠯᠡᠬᠦ ᠳᠤ ᠵᠤᠷᠢᠭᠤᠯᠤᠭᠰᠡᠨ ᠲᠦᠷᠦᠯ ᠵᠦᠢᠯ ᠢ ᠲᠤᠭᠲᠠᠭᠰᠡᠨ | ᠬᠤᠭᠤᠴᠠᠭᠠᠨ ᠳᠤ ᠨᠢ ᠳᠠᠭᠤᠰᠬᠠᠨᠡ᠃ ᠭᠤᠤᠯᠳᠠᠯᠭᠠᠲᠦ ᠲᠦᠷᠦᠯ ᠵᠦᠢᠯ ᠤᠨ ᠰᠢᠯᠭᠠᠨ ᠬᠠᠮᠢᠶᠠᠷᠬᠤ ᠠᠷᠭ᠎ᠠ ᠶᠢ | ᠪᠦᠷᠢᠨᠰᠢᠭᠦᠯᠦᠨ ᠲᠡᠭᠦᠯᠳᠡᠷᠵᠢᠭᠦᠯᠵᠦ᠂ ᠲᠦᠷᠦᠯ ᠵᠦᠢᠯ ᠢ ᠠᠬᠢᠭᠤᠯᠬᠤ ᠪᠤᠯᠤᠨ ᠺᠠᠳ᠋ᠷ ᠤᠨ ᠵᠢᠩᠭᠢᠨᠢ ᠬᠢᠷᠢ ᠪᠦᠲᠤᠮᠵᠢ | ᠶᠢ ᠬᠤᠯᠪᠤᠭᠳᠠᠭᠤᠯᠦᠨ ᠰᠢᠯᠭᠠᠬᠤ ᠲᠤᠭᠳᠠᠴᠡ ᠢ ᠪᠦᠷᠢᠯᠳᠦᠭᠦᠯᠦᠨ᠎ᠡ᠃ | ᠬᠤᠶᠠᠷ᠂ ᠰᠢᠨ᠎ᠡ ᠶᠢ ᠡᠭᠦᠳᠬᠦ ᠪᠠᠷ ᠬᠦᠭᠵᠢᠯᠲᠡ ᠶᠢᠨ ᠰᠢᠨ᠎ᠡ ᠤᠷᠴᠢᠨ ᠢ ᠦᠷᠭᠡᠳᠭᠡᠨ᠎ᠡ᠃ ᠰᠢᠨ᠎ᠡ ᠠᠵᠦ | ᠠᠬᠤᠢ᠂ ᠰᠢᠨ᠎ᠡ ᠠᠵᠦ ᠦᠢᠯᠡᠰ ᠢ ᠬᠦᠴᠦᠯᠡᠨ ᠪᠤᠶᠢᠵᠢᠭᠤᠯᠵᠦ᠂ ᠴᠢᠨᠠᠷᠯᠢᠭ ᠺᠠᠯᠢ ᠶᠢᠨ ᠬᠠᠪᠲᠠᠭᠠᠢ ᠴᠢᠯᠠᠭᠤᠯᠢᠭ᠂ | ᠹᠯᠤᠷᠲᠦ ᠴᠠᠬᠢᠭᠤᠷ ᠤᠨ ᠰᠢᠨ᠎ᠡ ᠮᠠᠲ᠋ᠧᠷᠢᠶᠠᠯ᠂ ᠨᠢᠶᠤᠪᠢ ᠰᠡᠺᠠᠳᠢ ᠵᠠᠷᠭᠡ ᠡᠬᠢ ᠪᠠᠶᠠᠯᠢᠭ ᠢ ᠶᠡᠷᠦᠩᠬᠡᠶᠢᠯᠡᠨ ᠠᠰᠢᠭᠯᠠᠬᠤ | ᠲᠦᠷᠦᠯ ᠵᠦᠢᠯ ᠢ ᠲᠦᠯᠬᠢᠨ ᠠᠬᠢᠭᠤᠯᠤᠨ᠎ᠡ︔ ᠬᠤᠪᠤᠷ ᠰᠢᠷᠤᠢ ᠶᠢᠨ ᠰᠢᠨ᠎ᠡ ᠮᠠᠲ᠋ᠧᠷᠢᠶᠠᠯ ᠪᠤᠯᠤᠨ ᠴᠢᠳᠠᠮᠵᠢᠲᠦ | ᠮᠡᠲ᠋ᠧᠷᠢᠶᠠᠯ ᠤᠨ ᠦᠢᠯᠡᠳᠭᠦᠨ ᠢ ᠢᠳᠡᠪᠬᠢᠯᠡᠨ ᠨᠡᠭᠡᠭᠡᠵᠦ᠂ ᠬᠦᠭᠡᠮᠡᠯ ᠪᠠᠯ ᠴᠢᠯᠠᠭᠤ᠂ ᠰᠦᠭᠡᠷᠬᠦ ᠪᠠᠯ ᠴᠠᠬᠢᠯᠠᠭᠤᠷ ᠤᠨ | ᠮᠠᠲ᠋ᠧᠷᠢᠶᠠᠯ᠂ ᠹᠤᠰᠹᠤᠷᠲᠦ ᠴᠠᠬᠢᠭᠤᠷ ᠦᠢᠯᠡᠳᠬᠦ ᠵᠠᠷᠭᠡ ᠲᠦᠷᠦᠯ ᠵᠦᠢᠯ ᠢ ᠬᠡᠷᠡᠭᠵᠢᠭᠦᠯᠦᠨ᠎ᠡ᠃ ᠹᠤᠰᠹᠤᠷ ᠤᠨ | ᠠᠭᠤᠷᠬᠠᠢ ᠶᠢᠨ ᠡᠬᠢ ᠪᠠᠶᠠᠯᠢᠭ ᠢ ᠨᠡᠭᠡᠭᠡᠨ ᠠᠰᠢᠭᠯᠠᠵᠦ᠂ ᠹᠤᠰᠹᠤᠷ ᠤᠨ ᠨᠠᠷᠢᠯᠢᠭ ᠨᠤᠨᠳᠠᠭ᠂ ᠹᠤᠰᠹᠤᠷ ᠪᠤᠷᠳᠤᠭᠤᠷ | ᠦᠢᠯᠡᠳᠪᠦᠷᠢᠯᠡᠬᠦ ᠲᠦᠷᠦᠯ ᠵᠦᠢᠯ ᠢ ᠬᠡᠷᠡᠭᠵᠢᠭᠦᠯᠦᠨ᠎ᠡ︔ ᠴᠡᠪᠡᠷ ᠡᠨᠧᠷᠬᠢ ᠶᠢᠨ ᠡᠬᠢ ᠪᠠᠶᠠᠯᠢᠭ ᠤᠨ ᠲᠤᠨᠤᠭᠯᠡᠯ | ᠦᠢᠯᠡᠳᠪᠦᠷᠢᠯᠡᠬᠦ᠂ ᠰᠤᠳᠣᠯᠵᠦ ᠨᠡᠪᠴᠢᠭᠡᠬᠦ᠂ ᠭᠡᠷᠡᠯ ᠤᠨ ᠢᠯᠴᠢ ᠶᠢᠨ ᠡᠨᠧᠷᠬᠢ ᠬᠠᠳᠠᠭᠠᠯᠠᠬᠤ ᠵᠠᠷᠭᠡ ᠲᠦᠷᠦᠯ ᠵᠦᠢᠯ ᠢ | ᠠᠬᠢᠭᠤᠯᠵᠦ᠂ ᠴᠡᠪᠡᠷ ᠡᠨᠧᠷᠬᠢ ᠶᠢᠨ ᠡᠬᠢ ᠪᠠᠶᠠᠯᠢᠭ ᠤᠨ ᠲᠤᠬᠠᠢ ᠶᠢᠨ ᠭᠠᠵᠠᠷ ᠲᠤ ᠨᠢ ᠠᠰᠢᠭᠯᠠᠬᠤ ᠰᠢᠨ᠎ᠡ ᠵᠠᠮ ᠢ | ᠢᠳᠡᠪᠬᠢᠯᠡᠨ ᠡᠭᠦᠳᠦᠨ᠎ᠡ︔ ᠮᠤᠩᠭᠤᠯ ᠬᠢᠲᠡᠳ ᠡᠮ ᠡᠮᠨᠡᠯᠭᠡ ᠶᠢᠨ ᠦᠢᠯᠡᠰ ᠤᠨ ᠬᠦᠭᠵᠢᠯᠲᠡ ᠢ ᠶᠡᠭᠡ ᠬᠦᠴᠦ ᠪᠠᠷ | ᠳᠡᠮᠵᠢᠵᠦ᠂ ᠤᠨᠴᠠᠯᠢᠭᠲᠦ ᠮᠤᠩᠭᠤᠯ ᠬᠢᠲᠡᠳ ᠡᠮ ᠤᠨ ᠮᠠᠲ᠋ᠧᠷᠢᠶᠠᠯ᠂ ᠡᠮ ᠤᠨ ᠨᠠᠶᠢᠷᠠᠯᠭ᠎ᠠ ᠶᠢ ᠰᠤᠳᠤᠯᠵᠦ᠂ ᠬᠢᠰᠢ ᠶᠢᠨ | ᠦᠨᠳᠦᠰᠦ᠂ ᠮᠠᠷᠬᠢᠰᠦ ᠶᠢᠨ ᠦᠷ᠎ᠡ ᠵᠠᠷᠭᠡ ᠬᠢᠳᠡᠳ ᠡᠪᠡᠰᠤᠨ ᠡᠮ ᠤᠨ ᠪᠦᠲᠦᠭᠳᠡᠭᠦᠨ ᠢ ᠦᠢᠯᠡᠳᠪᠦᠷᠢᠯᠡᠵᠦ᠂ ᠬᠢᠳᠠᠳ | ᠡᠮ ᠦᠢᠯᠡᠳᠪᠦᠷᠢᠯᠠᠵᠦ ᠪᠤᠯᠪᠠᠰᠤᠷᠠᠭᠤᠯᠬᠤ ᠰᠠᠭᠤᠷᠢᠨ ᠭᠠᠵᠠᠷ ᠢ ᠪᠠᠶᠢᠭᠤᠯᠤᠨ᠎ᠡ᠃ | ᠭᠤᠷᠪᠡ᠂ ᠲᠤᠭᠤᠷᠢᠭ ᠤᠨ ᠪᠦᠲᠦᠭᠡᠨ ᠪᠠᠶᠢᠭᠤᠯᠤᠯᠲᠡ ᠪᠠᠷ ᠬᠦᠭᠵᠢᠯᠲᠡ ᠶᠢᠨ ᠰᠢᠨ᠎ᠡ ᠲᠠᠪᠴᠠᠩ ᠢ | ᠦᠢᠯᠡᠳᠦᠯᠭᠡᠵᠢᠭᠦᠯᠦᠨ᠎ᠡ᠃ ᠪᠠᠷᠠᠭᠤᠨ ᠠᠵᠦ ᠦᠢᠯᠡᠳᠪᠦᠷᠢ ᠶᠢᠨ ᠲᠤᠭᠤᠷᠢᠭ ᠤᠨ ᠬᠦᠭᠵᠢᠯᠲᠡ ᠶᠢᠨ ᠨᠡᠮᠡᠭᠲᠡᠯ ᠢ | ᠠᠬᠢᠭᠤᠯᠵᠦ᠂ ᠪᠤᠬᠢᠷ ᠤᠰᠤ ᠶᠢ ᠰᠢᠢᠳᠪᠦᠷᠢᠯᠡᠬᠦ᠂ ᠲᠦᠪᠯᠡᠷᠡᠭᠦᠯᠦᠨᠢᠯᠴᠢ ᠬᠠᠩᠭᠠᠬᠤ ᠵᠡᠷᠭᠡ ᠲᠦᠷᠦᠯ ᠵᠦᠢᠯ ᠢ | ᠬᠡᠷᠡᠭᠵᠢᠭᠦᠯᠵᠦ᠂ ᠪᠤᠭᠤᠲᠦ ᠶᠢᠨ ᠪᠤᠯᠤᠳ ᠲᠡᠮᠦᠷ ᠤᠨ ᠪᠦᠯᠦᠭᠯᠡᠯ ᠤᠨ 600 ᠲᠦᠮᠡᠨ ᠳᠤᠨ ᠰᠤᠷᠢᠨᠵᠢᠨ ᠲᠡᠮᠦᠷ ᠤᠨ | ᠠᠭᠤᠷᠬᠠᠢ ᠨᠡᠭᠡᠭᠡᠬᠦ ᠲᠦᠷᠦᠯ ᠵᠦᠢᠯ ᠤᠨ ᠪᠤᠲᠠᠲᠠᠶᠢᠵᠢᠬᠤ ᠶᠢ ᠲᠦᠷᠭᠡᠳᠭᠡᠵᠦ᠂ ᠨᠠᠷᠢᠯᠢᠭ ᠲᠡᠮᠦᠷ ᠤᠨ ᠨᠤᠨᠳᠠᠭ ᠤᠨ | ᠦᠢᠯᠡᠳᠪᠦᠷᠢᠯᠡᠬᠦ ᠬᠡᠪᠴᠢᠶ᠎ᠡ ᠢ ᠦᠷᠭᠡᠳᠭᠡᠵᠦ᠂ ᠮᠡᠨ ᠤ ᠬᠤᠰᠢᠭᠤ ᠪᠠᠨ ᠪᠤᠭᠤᠲᠦ ᠶᠢᠨ ᠪᠤᠯᠤᠳ ᠲᠡᠮᠦᠷ ᠤᠨ ᠬᠠᠮᠤᠭ | ᠤᠨ ᠶᠡᠭᠡ ᠲᠦᠬᠦᠭᠡᠢ ᠮᠠᠲ᠋ᠧᠷᠢᠶᠠᠯ ᠬᠠᠩᠭᠠᠨᠬᠤ ᠰᠠᠭᠤᠷᠢᠨ ᠭᠠᠵᠠᠷ ᠪᠤᠯᠤᠨ ᠦᠪᠡᠷᠲᠡᠭᠡᠨ ᠵᠠᠰᠠᠬᠤ ᠤᠷᠤᠨ ᠤ | ᠴᠢᠬᠤᠯᠡ ᠪᠤᠯᠤᠳ ᠲᠡᠮᠦᠷ ᠤᠨ ᠲᠦᠬᠦᠭᠡᠢ ᠮᠠᠲ᠋ᠧᠷᠢᠶᠠᠯ ᠦᠢᠯᠡᠳᠪᠦᠷᠢᠯᠡᠬᠦ ᠰᠠᠭᠤᠷᠢᠨ ᠭᠠᠵᠠᠷ ᠪᠤᠯᠭᠠᠨ᠎ᠡ᠃ ᠰᠢᠨ᠎ᠡ | ᠬᠡᠯᠪᠡᠷᠢ ᠶᠢᠨ ᠠᠵᠦ ᠦᠢᠯᠡᠳᠪᠦᠷᠢ ᠶᠢᠨ ᠲᠤᠭᠤᠷᠢᠭ ᠤᠨ ᠪᠦᠲᠦᠭᠡᠨ ᠪᠠᠶᠢᠭᠤᠯᠤᠯᠲᠡ ᠢ ᠡᠬᠢᠯᠡᠭᠦᠯᠵᠦ᠂ ᠵᠠᠰ ᠮᠠᠩᠭᠠᠨ | ᠬᠠᠶᠢᠯᠤᠭᠤᠯᠬᠤ᠂ ᠬᠤᠪᠤᠷ ᠰᠢᠷᠤᠢ ᠮᠠᠭᠨᠢ ᠶᠢᠨ ᠬᠠᠶᠢᠯᠤᠰᠢ᠂ ᠬᠤᠪᠤᠷ ᠰᠢᠷᠤᠢ ᠵᠠᠰ ᠤᠨ ᠬᠠᠶᠢᠯᠤᠰᠢ ᠵᠠᠷᠭᠡ ᠲᠦᠷᠦᠯ | ᠵᠦᠢᠯ ᠢ ᠰᠡᠳᠤᠨ ᠤᠷᠤᠭᠤᠯᠵᠦ᠂ ᠬᠤᠲᠡ ᠶᠢᠨ ᠲᠡᠰ ᠤᠨ ᠪᠤᠬᠢᠷᠳᠤᠯ ᠦᠭᠡᠢ ᠦᠨᠲᠦᠷ ᠲᠠᠭᠠᠭᠠᠴᠢᠲᠦ ᠲᠤᠭᠤᠷᠢᠭ ᠢ | ᠴᠤᠭᠴᠠᠯᠠᠨ᠎ᠡ᠃ ᠪᠠᠲᠤᠬᠠᠭᠠᠯᠠᠭᠠ ᠶᠢᠨ ᠰᠢᠨ᠎ᠡ ᠶᠢ ᠡᠭᠦᠳᠦᠨ ᠦᠢᠯᠡᠰ ᠪᠦᠲᠦᠭᠡᠬᠦ ᠵᠠᠭᠦᠨ ᠲᠤᠭᠤᠷᠢᠭ ᠤᠨ ᠰᠠᠭᠤᠷᠢ | ᠲᠦᠭᠦᠭᠡᠷᠦᠮᠵᠢ ᠶᠢᠨ ᠪᠦᠲᠦᠭᠡᠨ ᠪᠠᠶᠢᠭᠤᠯᠤᠯᠲᠡ ᠶᠢ ᠲᠦᠷᠭᠡᠳᠭᠡᠵᠦ᠂ ᠪᠠᠷᠠᠭᠤᠨ ᠲᠤᠭᠤᠷᠢᠭ ᠤᠨ ᠲᠦᠯᠦᠪᠵᠢᠭᠦᠯᠭᠡ | ᠶᠢ ᠪᠢᠴᠢᠵᠦ ᠲᠠᠭᠤᠰᠬᠠᠨ᠂ ᠤᠷᠢᠲᠠᠯ ᠠᠵᠢᠯ ᠢ ᠡᠬᠢᠯᠡᠭᠦᠯᠵᠦ᠂ ᠬᠤᠳᠠᠯᠳᠤᠭᠠᠴᠢᠨ ᠤᠷᠢᠵᠦ ᠤᠶᠤᠳᠠᠳ ᠤᠨ ᠦᠢᠯᠡᠰ | ᠪᠦᠲᠦᠭᠡᠬᠦ᠂ ᠭᠦᠩᠬᠡᠨ ᠠᠵᠦ ᠦᠢᠯᠡᠰ ᠪᠤᠯᠤᠨ ᠬᠦᠳᠡᠯᠮᠦᠷᠢ ᠬᠦᠴᠦ ᠨᠢᠬᠳᠠᠷᠠᠭᠰᠡᠨ ᠠᠵᠦ ᠠᠬᠤᠶᠢᠯᠡᠯ ᠢ ᠲᠠᠳᠠᠵᠦ | ᠤᠷᠤᠭᠤᠯᠤᠨ᠎ᠡ᠃ ᠬᠤᠩᠭᠤᠷᠲᠡᠯᠡ ᠤᠳᠤ ᠦᠶ᠎ᠡ ᠶᠢᠨ ᠲᠠᠷᠢᠶᠠᠯᠠᠩ ᠮᠠᠯ ᠠᠵᠦ ᠠᠬᠤᠢ ᠶᠢᠨ ᠠᠵᠦ ᠠᠬᠤᠶᠢᠴᠢᠯᠠᠭᠰᠡᠨ | ᠲᠤᠭᠤᠷᠢᠭ ᠶᠢ ᠪᠠᠶᠢᠭᠤᠯᠵᠦ᠂ ᠦᠢᠯᠡᠳᠪᠦᠷᠢᠯᠡᠬᠦ ᠪᠤᠯᠪᠠᠰᠤᠷᠠᠭᠤᠯᠬᠤ ᠪᠤᠷᠤᠯᠠᠭᠤᠯᠬᠤ ᠶᠢ ᠬᠠᠮᠤᠷᠠᠭᠰᠡᠨ ᠠᠵᠦ | ᠠᠬᠤᠶᠢᠯᠡᠯ ᠢ ᠲᠡᠳᠠᠨ ᠤᠷᠤᠭᠤᠯᠤᠨ᠎ᠡ᠃ ᠬᠢᠯᠢ ᠠᠯᠤᠰᠯᠠᠭᠰᠡᠨ ᠠᠵᠦ ᠠᠬᠤᠢ ᠶᠢᠨ ᠬᠠᠮᠲᠤᠷᠠᠯᠴᠡᠯ ᠤᠨ ᠲᠦᠷᠦᠯ | ᠵᠦᠢᠯ ᠢ ᠪᠠᠲᠦ ᠠᠬᠢᠭᠤᠯᠵᠦ᠂ ᠭᠠᠳᠠᠭᠠᠲᠦ ᠠᠴᠠ ᠤᠷᠤᠭᠤᠯᠵᠦ ᠭᠠᠷᠭᠠᠬᠤ ᠪᠤᠯᠪᠠᠰᠤᠷᠠᠭᠤᠯᠤᠯᠲᠡ ᠶᠢᠨ ᠠᠵᠦ | ᠦᠢᠯᠡᠳᠪᠦᠷᠢ ᠶᠢ ᠢᠳᠡᠪᠬᠢᠯᠡᠨ ᠬᠦᠭᠵᠢᠭᠦᠯᠦᠨ᠎ᠡ᠃ | ︵ᠬᠤᠶᠠᠷ︶ ᠬᠡᠯᠪᠡᠷᠢ ᠪᠠᠨ ᠦᠭᠡᠷᠡᠴᠢᠯᠡᠵᠦ ᠲᠡᠰ ᠲᠡᠪᠰᠢᠭᠦᠯᠬᠦ ᠶᠢ ᠬᠦᠴᠦᠯᠡᠨ ᠪᠡᠶᠡᠯᠡᠭᠦᠯᠵᠦ᠂ | ᠤᠳᠤᠬᠢᠴᠢᠯᠠᠭᠰᠡᠨ ᠠᠵᠦ ᠦᠢᠯᠡᠳᠪᠦᠷᠢᠯᠡᠯ ᠤᠨ ᠰᠢᠰᠲ᠋ᠧᠮ ᠢ ᠲᠡᠭᠦᠯᠳᠡᠷᠵᠢᠭᠦᠯᠦᠨ᠎ᠡ᠃ | ᠨᠢᠭᠡ᠂ ᠰᠢᠨ᠎ᠡ ᠬᠡᠯᠪᠡᠷᠢ ᠶᠢᠨ ᠠᠵᠦ ᠦᠢᠯᠡᠳᠪᠦᠷᠢ ᠶᠢ ᠲᠦᠷᠭᠡᠨ ᠭᠦᠭᠵᠢᠭᠦᠯᠦᠨ᠎ᠡ᠃ ᠲᠠᠷᠬᠠᠨ ᠮᠤᠤᠮᠢᠩᠭᠠᠨ | ᠰᠢᠨ᠎ᠡ ᠬᠤᠪᠤᠷ ᠰᠢᠷᠤᠢ᠂ ᠵᠢᠦᠢ ᠹᠧᠩ ᠬᠤᠪᠤᠷ ᠰᠢᠷᠤᠢ ᠶᠢᠨ ᠬᠦᠪᠦᠷᠡᠯ ᠠᠵᠦ ᠦᠢᠯᠡᠳᠪᠦᠷᠢ ᠶᠢᠨ ᠬᠡᠯᠬᠢᠶᠡᠰᠦ ᠶᠢ | ᠲᠡᠮᠵᠢᠵᠦ᠂ ᠬᠤᠪᠤᠷ ᠰᠢᠷᠤᠢ ᠶᠢᠨ ᠨᠢᠲᠷᠤᠵᠢᠬᠤ ᠲᠦᠷᠭᠡᠳᠭᠡᠭᠦᠷ᠂ PVC ︵ᠪᠦᠭᠡᠭᠡᠨᠡᠷᠡᠯ ᠾᠯᠤᠷᠲᠦ ᠡᠲ᠋ᠧᠨ︶ ᠬᠤᠪᠤᠷ | ᠰᠢᠷᠤᠢ ᠶᠢᠨ ᠢᠯᠴᠢ ᠲᠤᠭᠳᠠᠭᠠᠭᠴᠢ᠂ ᠬᠤᠪᠤᠷ ᠰᠢᠷᠤᠢ ᠶᠢᠨ ᠡᠰᠡ ᠢᠰᠦᠯᠳᠦᠭᠦᠯᠦᠭᠴᠢ᠂ ᠪᠤᠬᠢᠷᠳᠤᠯ ᠦᠭᠡᠢ | ᠪᠤᠯᠪᠠᠰᠤᠷᠠᠭᠤᠯᠤᠯᠲᠡ ᠢ ᠲᠤᠰᠠᠯᠠᠬᠤ ᠡᠳ᠋ ᠵᠠᠷᠭᠡ ᠪᠦᠲᠦᠭᠳᠡᠭᠦᠨ ᠢ ᠨᠡᠭᠡᠭᠡᠨ ᠠᠰᠢᠭᠯᠠᠨᠡ᠃ ᠪᠤᠯᠤᠳ ᠲᠡᠮᠦᠷ᠂ ᠲᠡᠮᠦᠷ | ᠬᠠᠶᠢᠯᠤᠭᠤᠯᠬᠤ ᠵᠠᠷᠭᠡ ᠠᠵᠦ ᠠᠬᠤᠶᠢᠯᠡᠯ ᠤᠨ ᠬᠠᠮᠲᠦᠷᠡᠨ ᠨᠢᠭᠡᠳᠭᠡᠬᠦ ᠶᠢ ᠵᠤᠷᠢᠭᠵᠢᠭᠤᠯᠵᠦ᠂ ᠰᠢᠪᠠᠬᠦ᠋ᠷᠢᠶᠡ ᠲᠡᠮᠦᠷ | ᠤᠨ ᠠᠭᠤᠷᠬᠠᠢ ᠪᠤᠯᠤᠨ ᠪᠤᠭᠤᠲᠦ ᠶᠢᠨ ᠪᠤᠯᠤᠳ ᠲᠡᠮᠦᠷ ᠤᠨ ᠪᠦᠯᠦᠭᠯᠡᠯ ᠤᠨ ᠨᠢᠬᠲᠡ ᠬᠠᠮᠲᠤᠷᠠᠯᠴᠡᠯ ᠢ | ᠠᠬᠢᠭᠤᠯᠤᠨ᠎ᠡ᠃ ︽ᠨᠢᠭᠡ ᠠᠵᠦ ᠠᠬᠤᠶᠢᠯᠡᠯ ᠳᠤ ᠨᠢᠭᠡ ᠲᠦᠷᠦ ᠶᠢᠨ ᠪᠤᠳᠤᠯᠭ᠎ᠠ ᠲᠠᠢ ᠪᠠᠶᠢᠬᠤ︾ ᠲᠤᠰᠠᠯᠠᠬᠤ ᠲᠦᠷᠦ | ᠶᠢᠨ ᠪᠤᠲᠤᠯᠭ᠎ᠠ ᠶᠢ ᠬᠡᠷᠡᠭᠵᠢᠭᠦᠯᠵᠦ᠂ ᠠᠵᠦ ᠠᠬᠤᠶᠢᠯᠡᠯ ᠳᠤ ᠨᠠᠷᠢᠯᠢᠭ ᠲᠡᠮᠦᠷ ᠤᠨ ᠨᠤᠨᠳᠠᠭ ᠤᠨ ᠨᠦᠭᠦᠪᠦᠷᠢ᠂ | ᠴᠠᠬᠢᠯᠭᠠᠨ ᠦᠨ᠎ᠡ ᠶᠢᠨ ᠨᠦᠬᠦᠪᠦᠷᠢ ᠪᠤᠯᠤᠨ ᠬᠡᠯᠪᠡᠷᠢ ᠪᠠᠨ ᠦᠭᠡᠷᠡᠴᠢᠯᠡᠵᠦ ᠲᠡᠭᠡᠭᠰᠢᠯᠡᠭᠦᠯᠦᠭᠰᠡᠨ ᠱᠠᠩᠨᠠᠯ ᠨᠦᠬᠦᠪᠦᠷᠢ | ᠶᠢᠨ ᠮᠦᠩᠬᠦ ᠵᠠᠷᠭᠡ ᠢ ᠲᠠᠮᠠᠴᠡᠨ ᠤᠯᠭᠤᠵᠦ᠂ ᠨᠦᠬᠦᠴᠡᠯ ᠪᠤᠯᠤᠯᠴᠠᠭ᠎ᠠ ᠲᠠᠢ ᠠᠵᠦ ᠠᠬᠤᠶᠢᠯᠠᠯ ᠢ ᠦᠪᠡᠷᠲᠡᠭᠡᠨ | ᠵᠠᠰᠠᠬᠤ ᠤᠷᠤᠨ ᠤ ᠴᠠᠬᠢᠯᠭᠠᠨ ᠬᠦᠴᠦᠨ ᠤ ᠤᠯᠠᠨ ᠲᠠᠯᠠᠲᠦ ᠠᠷᠠᠯᠵᠢᠶᠠᠨ ᠤ ᠵᠠᠬ᠎ᠠ ᠲᠡᠯᠭᠡᠭᠦᠷ ᠲᠤ ᠤᠷᠤᠭᠤᠯᠵᠦ | ᠡᠯ᠎ᠡ ᠡᠳᠡᠭᠡᠳ ᠲᠠᠢ ᠰᠤᠯᠢᠯᠴᠠᠭ᠎ᠠ ᠮᠠᠶᠢᠮᠠᠢ ᠬᠢᠯᠭᠡᠨ᠎ᠡ᠃ ᠲᠤᠰ ᠭᠠᠵᠠᠷ ᠤᠷᠤᠨ ᠤ ᠪᠠᠨ ᠠᠵᠦ ᠠᠬᠤᠶᠢᠯᠠᠯ ᠤᠨ | ᠦᠢᠯᠡᠳᠪᠦᠷᠢᠯᠡᠯ ᠪᠤᠷᠤᠯᠠᠭᠤᠯᠤᠯᠲᠡ ᠶᠢ ᠵᠠᠯᠭᠠᠯᠳᠤᠭᠤᠯᠬᠤ᠂ ᠪᠠᠷᠠᠭᠠᠨ ᠤ ᠵᠠᠬᠢᠶᠠᠯᠠᠬᠤ ᠪᠡ ᠢᠵᠢᠯᠳᠤᠬᠤ ᠶᠢ | ᠵᠤᠬᠢᠴᠠᠯᠳᠣᠭᠤᠯᠬᠤ ᠬᠦᠳᠡᠯᠭᠡᠭᠡᠨ ᠦᠷᠨᠢᠭᠦᠯᠵᠦ᠂ ᠬᠤᠰᠢᠭᠤᠨ ᠤ ᠬᠠᠷᠢᠶᠠᠨ ᠳᠠᠬᠢ ᠲᠦᠷᠦᠯ ᠵᠦᠢᠯ ᠤᠨ ᠲᠤᠰ ᠭᠠᠵᠠᠷ | ᠤᠷᠤᠨ ᠤ ᠪᠠᠨ ᠪᠦᠲᠦᠭᠲᠡᠭᠦᠨ ᠢ ᠬᠤᠳᠠᠯᠳᠤᠨ ᠠᠪᠬᠤ ᠶᠢ ᠵᠤᠷᠢᠭᠵᠢᠭᠤᠯᠤᠨ᠎ᠡ᠃ | ᠬᠤᠶᠠᠷ᠂ ᠤᠳᠤᠬᠢᠴᠢᠯᠠᠭᠰᠡᠨ ᠲᠠᠷᠢᠶᠠᠯᠠᠩ ᠮᠠᠯ ᠠᠵᠦ ᠠᠬᠤᠢ ᠶᠢ ᠲᠦᠷᠭᠡᠨ ᠬᠦᠭᠵᠢᠭᠦᠯᠦᠨ᠎ᠡ᠃ ᠲᠠᠷᠢᠶᠠᠯᠠᠩ ᠮᠠᠯ | ᠠᠵᠦ ᠠᠬᠤᠢ ᠶᠢᠨ ᠬᠠᠩᠭᠠᠯᠭ᠎ᠠ ᠶᠢᠨ ᠲᠡᠯ᠎ᠡ ᠶᠢᠨ ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠪᠠᠷ ᠭᠤᠤᠯᠯᠠᠬᠤ | ᠴᠢᠭᠯᠡᠯ ᠪᠤᠯᠭᠠᠵᠦ᠂ ᠲᠠᠷᠢᠬᠤ ᠦᠢᠯᠡᠰ ᠤᠨ ᠪᠦᠲᠦᠴᠡ ᠶᠢ ᠲᠤᠬᠢᠷᠠᠭᠤᠯᠦᠨ ᠰᠢᠯᠢᠳᠡᠭᠵᠢᠭᠦᠯᠵᠦ᠂ ᠵᠢᠦ ᠬᠤᠸᠠ᠂ ᠵᠧᠩ | ᠹᠧᠩ ᠵᠠᠷᠭᠡ ᠠᠵᠦ ᠠᠬᠤᠶᠢᠯᠠᠯ ᠢ ᠲᠠᠮᠵᠢᠨ ᠲᠠᠷᠢᠬᠤ ᠦᠢᠯᠡᠰ ᠤᠨ ᠲᠠᠯᠠᠪᠠᠢ ᠶᠢ ᠲᠤᠭᠳᠠᠭᠤᠨ ᠢᠶᠠᠷ ᠦᠷᠭᠡᠳᠭᠡᠨ᠎ᠡ᠃ | ᠪᠠᠢ ᠵᠢᠢ ᠠᠮᠦ ᠲᠤᠰᠤ᠂ ᠮᠧᠩ ᠱᠧᠩ ᠳ᠋ᠠ ᠵᠠᠷᠭᠡ ᠤᠷᠭᠠᠨᠢᠭ ᠲᠠᠷᠢᠶᠠᠯᠠᠩ ᠤᠨ ᠪᠦᠲᠦᠭᠳᠡᠭᠦᠨ ᠢ ᠦᠢᠯᠡᠳᠪᠦᠷᠢᠯᠡᠨ | ᠪᠤᠷᠤᠯᠠᠭᠤᠯᠬᠤ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠤᠯᠲᠡ ᠶᠢ ᠠᠬᠢᠭᠤᠯᠵᠦ᠂ ᠲᠤᠰᠤᠯᠢᠭ ᠤᠷᠭᠤᠮᠡᠯ᠂ ᠰᠠᠭᠠᠭ | ᠵᠠᠷᠭᠡ ᠡᠯᠳᠡᠪ ᠠᠮᠦ ᠶᠢᠨ ᠬᠡᠮᠵᠢᠶᠡᠯᠡᠨ ᠲᠠᠷᠢᠬᠤ ᠲᠠᠯᠠᠪᠠᠢ ᠶᠢ 20 ᠲᠦᠮᠡᠨ ᠮᠦ ᠳᠤ ᠬᠦᠷᠭᠡᠨ᠎ᠡ᠃ ᠮᠠᠯ ᠠᠵᠦ ᠠᠬᠤᠢ | ᠶᠢ ᠴᠢᠷᠮᠠᠶᠢᠨ ᠬᠦᠭᠵᠢᠭᠦᠯᠵᠦ᠂ ᠮᠢᠬᠠᠨ ᠬᠤᠨᠢ ᠦᠷᠡᠵᠢᠭᠦᠯᠬᠦ ᠲᠡᠯᠠᠪᠦᠷ 3 ᠢ ᠪᠠᠶᠢᠭᠤᠯᠤᠨ᠎ᠡ︔ ᠰᠢᠯᠢᠳᠡᠭ ᠮᠢᠬᠠᠨ | ᠬᠤᠨᠢᠨ ᠤ ᠦᠷᠡᠵᠢᠯ ᠤᠨ ᠰᠠᠭᠤᠷᠢᠨ ᠭᠠᠵᠠᠷ ᠤᠨ ᠲᠤᠭᠳᠠᠭᠤᠨ ᠡᠵᠡᠩᠨᠡᠯᠲᠡ ᠶᠢ ᠪᠠᠲᠤᠯᠠᠵᠦ᠂ ᠪᠦᠬᠦ ᠬᠤᠰᠢᠭᠤᠨ ᠤ | ᠮᠢᠬᠠᠨ ᠬᠤᠨᠢᠨ ᠤ ᠡᠭᠦᠯᠲᠡᠷᠵᠢᠭᠰᠡᠨ ᠨᠤᠷᠮ᠎ᠡ ᠶᠢ 85% ᠳᠡᠭᠡᠭᠰᠢ ᠪᠤᠯᠭᠠᠵᠦ᠂ ᠦᠬᠡᠷ ᠬᠤᠨᠢ ᠬᠡᠮᠵᠢᠶᠠᠯᠡᠨ | ᠠᠷᠠᠴᠢᠯᠠᠬᠤ ᠲᠤᠭ᠎ᠠ ᠬᠡᠮᠵᠢᠶ᠎ᠡ ᠶᠢ 15 ᠲᠦᠮᠡᠨ ᠠᠴᠠ ᠲᠡᠭᠡᠭᠰᠢ ᠪᠤᠯᠭᠠᠨ᠎ᠡ᠃ | ᠭᠤᠷᠪᠡ᠂ ᠠᠷᠠᠯᠵᠢᠶ᠎ᠡ ᠬᠤᠳᠠᠯᠳᠤᠭᠠᠨ ᠤ ᠭᠦᠢᠯᠭᠡᠭᠡᠨ ᠤ ᠦᠢᠯᠡᠰ ᠢ ᠬᠦᠭᠵᠢᠭᠦᠯᠦᠨ᠎ᠡ᠃ ᠦᠢᠯᠡᠳᠪᠦᠷᠢ | ᠬᠤᠳᠠᠯᠳᠤᠭᠠᠨ ᠤ ᠶᠡᠷᠦᠩᠬᠡᠢ ᠴᠤᠭᠴᠡ ᠶᠢᠨ ᠪᠠᠶᠢᠭᠤᠯᠤᠯᠲᠡ ᠶᠢ ᠲᠦᠷᠭᠡᠳᠭᠡᠵᠦ᠂ ᠬᠠᠰᠠᠷ ᠪᠠᠭᠤᠲᠡᠯ᠂ ᠪᠤᠭᠤᠮᠲᠡ ᠶᠢᠨ | ᠬᠤᠳᠠᠯᠳᠤᠭᠠᠨ ᠤ ᠵᠤᠴᠢᠳ ᠤᠨ ᠪᠠᠭᠤᠳᠠᠯ ᠢ ᠠᠰᠢᠭᠯᠠᠯᠲᠡ ᠳᠤ ᠤᠷᠤᠭᠤᠯᠵᠦ᠂ ᠮᠠᠨᠳᠤᠯ ᠮᠠᠰᠢᠨ ᠲᠡᠷᠭᠡᠨ ᠤ | ᠦᠢᠯᠡᠴᠢᠯᠡᠭᠡᠨ ᠤ ᠲᠦᠪ᠂ ᠠᠷᠠᠯᠵᠢᠶ᠎ᠡ ᠬᠤᠳᠠᠯᠳᠤᠭᠠᠨ ᠤ ᠲᠦᠪ ᠤᠨ ᠬᠤᠶᠠᠳᠠᠴᠢ ᠬᠤᠭᠤᠴᠠᠭᠠᠨ ᠤ ᠢᠨᠵᠧᠨᠧᠷᠢᠩ ᠢ | ᠪᠠᠶᠢᠭᠤᠯᠤᠨ᠎ᠡ᠃ ᠠᠷᠠᠯᠵᠢᠶ᠎ᠡ ᠬᠤᠳᠠᠯᠳᠤᠭᠠᠨ ᠤᠨ ᠭᠦᠢᠯᠭᠡᠭᠡᠨ ᠤ ᠱᠤᠭᠤᠮ ᠤᠨ ᠲᠡᠭᠡᠷ᠎ᠡ ᠲᠤᠤᠷᠡᠬᠢ ᠠᠭᠤᠰᠤᠯᠴᠡᠯ ᠢ | ᠠᠬᠢᠭᠤᠯᠵᠦ᠂ ᠮᠠᠨᠳᠤᠯ ᠤᠨ ᠲᠠᠷᠢᠶᠠᠯᠠᠩ ᠮᠠᠯ ᠠᠵᠦ ᠠᠬᠤᠢ ᠶᠢᠨ ᠪᠦᠲᠦᠭᠳᠡᠭᠦᠨ ᠤ ᠭᠦᠢᠯᠭᠡᠭᠡᠨ ᠪᠡ ᠬᠦᠮᠦᠷᠭᠡᠯᠡᠬᠦ | ᠲᠤᠭᠤᠷᠢᠭ ᠢ ᠪᠠᠶᠢᠭᠤᠯᠵᠦ᠂ ᠤᠮᠠᠷᠠᠲᠦ ᠬᠢᠯᠢ ᠶᠢᠨ ᠵᠠᠬ᠎ᠠ ᠲᠡᠯᠭᠡᠭᠦᠷ ᠵᠠᠷᠭᠡ ᠬᠦᠢᠯᠭᠡᠭᠡᠨ ᠤ ᠲᠠᠪᠴᠠᠩ ᠢ ᠵᠠᠰᠠᠨ | ᠰᠠᠶᠢᠵᠢᠷᠠᠭᠤᠯᠤᠨ᠎ᠡ︔ ᠱᠢ ᠬᠤᠸᠡ ᠲᠡᠯ᠎ᠡ ᠨᠤᠲᠤᠭ᠂ ᠳ᠋ᠧ ᠴᠧᠩ ᠲᠦᠳᠡ ᠰᠦᠯᠵᠢᠶᠠᠨ ᠬᠤᠳᠠᠯᠳᠤᠭ᠎ᠠ ᠵᠠᠷᠭᠡ ᠤᠷᠤᠨ | ᠨᠤᠲᠤᠭ ᠤᠨ ᠰᠦᠯᠵᠢᠶᠠᠨ ᠬᠤᠳᠠᠯᠳᠤᠭᠠᠨ ᠤ ᠲᠠᠪᠴᠡᠩ ᠢ ᠶᠡᠬᠡᠪᠡᠷ ᠬᠢᠵᠦ᠂ 4 ᠰᠢᠭᠤᠳ ᠪᠣᠷᠣᠯᠠᠭᠤᠯᠬᠤ ᠳᠡᠯᠭᠡᠭᠦᠷ᠂ | 3 ᠪᠡᠶᠡᠴᠢᠯᠡᠨ ᠣᠶᠢᠯᠭᠠᠬᠤ ᠳᠡᠯᠭᠡᠭᠦᠷ ᠢ ᠰᠢᠨ᠎ᠡ ᠪᠠᠷ ᠪᠠᠶᠢᠭᠤᠯᠵᠦ᠂ ᠰᠦᠯᠵᠢᠶᠠᠨ ᠪᠤᠷᠤᠯᠠᠭᠤᠯᠤᠯᠲᠡ ᠶᠢᠨ ᠦᠷᠲᠡᠭ ᠢ | ᠲᠠᠷᠢᠶᠠᠯᠠᠩ ᠮᠠᠯ ᠠᠵᠦ ᠠᠬᠤᠢ ᠶᠢᠨ ᠪᠦᠲᠦᠭᠳᠡᠭᠦᠨ ᠤ ᠶᠡᠷᠦᠩᠬᠡᠢ ᠪᠤᠷᠤᠯᠠᠭᠤᠯᠤᠯᠲᠡ ᠶᠢᠨ ᠦᠷᠲᠡᠭ ᠤᠨ10% | ᠠᠴᠠ ᠲᠡᠭᠡᠭᠰᠢ ᠪᠤᠯᠭᠠᠵᠦ᠂ ᠤᠯᠤᠰ ᠤᠨ ᠲᠡᠰ ᠤᠨ ᠡᠯᠧᠺᠲᠷᠣᠨ ᠬᠤᠳᠠᠯᠳᠤᠭᠠᠨ ᠤ ᠲᠤᠰᠬᠤᠨ ᠳᠤ ᠬᠦᠷᠬᠦ ᠵᠢᠱᠢᠶ᠎ᠡ | ᠦᠵᠡᠭᠦᠯᠬᠦ ᠬᠤᠰᠢᠭᠤ ᠶᠢ ᠪᠦᠲᠦᠭᠡᠨ ᠪᠠᠶᠢᠭᠤᠯᠤᠨ᠎ᠡ᠃ ᠪᠠᠲᠤᠬᠠᠭᠠᠯᠭ᠎ᠠ ᠨᠠᠭᠠᠳᠤᠮ ᠰᠤᠶᠤᠯ ᠤᠨ ᠠᠵᠦ ᠦᠢᠯᠡᠰ ᠤᠨ | ᠲᠤᠭᠤᠷᠢᠭ ᠢ ᠵᠠᠰᠠᠨ ᠰᠠᠶᠢᠵᠢᠷᠠᠭᠤᠯᠵᠦ᠂ ᠤᠯᠠᠨᠰᠦ᠋ᠮ᠎ᠡ ᠬᠠᠭᠤᠴᠢᠨ ᠬᠤᠲᠡ ᠶᠢᠨ ᠵᠠᠩ ᠦᠢᠯᠡ ᠶᠢᠨ ᠬᠦᠷᠢᠶᠠᠯᠡᠩ ᠤᠨ | ᠪᠦᠲᠦᠭᠡᠨ ᠪᠠᠶᠢᠭᠤᠯᠤᠯᠲᠡ ᠶᠢ ᠠᠬᠢᠭᠤᠯᠵᠦ᠂ ᠰᠤᠯᠡ ᠰᠡᠯᠡᠭᠦᠦ᠂ ᠵᠤᠭ᠎ᠠ ᠴᠡᠩᠭᠡᠯ᠂ ᠠᠶᠠᠯᠠᠯ ᠵᠢᠭᠤᠯᠴᠢᠯᠠᠯ ᠤᠨ ᠦᠢᠯᠡᠰ | ᠢ ᠬᠦᠭᠵᠢᠭᠦᠯᠦᠨ᠎ᠡ᠃ ᠬᠠᠩᠭᠠᠨ ᠪᠤᠷᠤᠯᠠᠭᠤᠯᠬᠤ ᠦᠢᠯᠡᠴᠢᠯᠡᠭᠡᠨ ᠤ ᠰᠢᠰᠲ᠋ᠧᠮ ᠢ ᠲᠡᠭᠦᠯᠲᠡᠷᠵᠢᠭᠦᠯᠵᠦ᠂ ᠪᠦᠬᠦ ᠤᠯᠤᠰ | ᠤᠨ ᠵᠠᠭᠤᠨ ᠬᠦᠴᠦᠷᠭᠡᠭ ᠰᠢᠶᠠᠨ ᠤ ᠲᠡᠰ ᠤᠨ ᠲᠡᠷᠢᠭᠦᠨ ᠤ ᠬᠠᠩᠭᠠᠨ ᠪᠤᠷᠤᠯᠠᠭᠤᠯᠬᠤ ᠬᠤᠷᠰᠢᠶ᠎ᠡ ᠢ ᠪᠠᠶᠢᠭᠤᠯᠤᠨ᠎ᠡ᠃ | ᠲᠦᠷᠪᠡ᠂ ᠰᠤᠶᠤᠯ ᠵᠤᠭᠠᠴᠠᠯ ᠤᠨ ᠦᠢᠯᠡᠰ ᠢ ᠲᠦᠷᠭᠡᠨ ᠬᠦᠭᠵᠢᠭᠦᠯᠦᠨ᠎ᠡ᠃ ᠳᠤᠮᠳᠠᠳᠤ ᠤᠯᠤᠰ ᠤᠨ | ᠲᠠᠪᠤᠳᠤᠭᠠᠷ ᠤᠳᠠᠭᠠᠨ ᠤ ᠨᠡᠭᠦᠳᠡᠯ ᠰᠤᠶᠤᠯ ᠤᠨ ᠨᠠᠶᠢᠷ ᠢ ᠰᠠᠶᠢᠳᠦᠷ ᠡᠷᠬᠢᠯᠡᠵᠦ᠂ ᠲᠦᠷᠪᠡᠨ ᠤᠯᠤᠰ ᠤᠨ ᠵᠠᠩ | ᠦᠢᠯᠡ ᠶᠢᠨ ᠵᠠᠭᠡᠯᠢ᠂ ᠠᠮᠢ ᠠᠬᠤᠢ ᠶᠢᠨ ᠬᠦᠷᠢᠶᠠᠯᠡᠩ ᠤᠨ ᠪᠠᠶᠢᠭᠤᠯᠤᠯᠲᠡ ᠶᠢ ᠲᠦᠷᠭᠡᠳᠭᠡᠵᠦ᠂ ᠵᠢᠯ ᠤᠨ ᠳᠤᠲᠤᠷ᠎ᠡ | ᠠᠰᠢᠭᠯᠠᠯᠲᠡ ᠳᠤ ᠤᠷᠤᠭᠤᠯᠤᠨ᠎ᠡ︔ ᠳᠤᠮᠳᠠᠳᠤ ᠮᠤᠩᠭᠤᠯ ᠤᠷᠤᠰ ᠭᠤᠷᠪᠠᠨ ᠤᠯᠤᠰ ᠤᠨ ᠮᠠᠰᠢᠨ ᠲᠡᠷᠭᠡᠨ ᠤ ᠠᠯᠤᠰ | ᠤᠷᠤᠯᠳᠤᠭᠠᠨ᠂ ᠲᠡᠰᠭᠡᠯ ᠤᠷᠤᠯᠳᠤᠭᠠᠨ᠂ ᠴᠤᠭᠯᠡᠯ ᠤᠷᠤᠯᠳᠤᠭᠠᠨ ᠢ ᠶᠠᠪᠤᠭᠳᠠᠭᠤᠯᠵᠦ᠂ ᠤᠷᠤᠨ ᠤ ᠲᠡᠰ ᠤᠨ ᠪᠡᠶ᠎ᠡ | ᠲᠠᠮᠢᠷ ᠤᠨ ᠦᠢᠯᠡᠰ ᠤᠨ ᠰᠠᠭᠤᠷᠢᠨ ᠭᠠᠵᠠᠷ ᠪᠤᠯᠬᠤ ᠪᠠᠷ ᠭᠤᠶᠤᠴᠢᠯᠠᠪᠡ︔ ᠠᠷᠠᠰᠦᠨ ᠤᠷᠠᠯᠠᠯ᠂ ᠴᠠᠭᠠᠰᠦᠨ | ᠬᠠᠶᠢᠴᠢᠯᠠᠮᠠᠯ ᠵᠠᠷᠭᠡ ᠰᠤᠶᠤᠯ ᠤᠨ ᠪᠦᠲᠦᠭᠡᠯᠴᠢ ᠦᠢᠯᠡᠰ ᠢ ᠵᠤᠷᠢᠭᠵᠢᠭᠤᠯᠦᠨ ᠬᠦᠭᠵᠢᠭᠦᠯᠦᠨ᠎ᠡ᠃ ᠬᠠᠰᠠᠷ ᠲᠤᠮᠦ | ᠦᠵᠡᠮᠵᠢ ᠶᠢᠨ ᠤᠷᠤᠨ ᠢ ᠴᠤᠭᠴᠠᠯᠠᠬᠤ ᠢᠨᠵᠧᠨᠡᠷᠢᠩ ᠢ ᠬᠡᠷᠡᠭᠵᠢᠭᠦᠯᠵᠦ᠂ ᠦᠢᠷ᠎ᠡ ᠬᠠᠪᠢ ᠶᠢᠨ ᠦᠵᠡᠮᠵᠢ ᠶᠢᠨ | ᠭᠠᠵᠠᠷ ᠤᠷᠤᠨ ᠤ ᠡᠬᠢ ᠪᠠᠶᠠᠯᠢᠭ ᠢ ᠨᠢᠭᠡᠳᠭᠡᠵᠦ᠂ ᠲᠤᠭᠤᠷᠢᠨ ᠦᠵᠡᠬᠦ᠂ ᠪᠠᠶᠠᠴᠢᠯᠡᠨ ᠤᠶᠢᠯᠠᠭᠠᠬᠤ᠂ ᠬᠦᠮᠦᠵᠢᠯ | ᠬᠦᠷᠲᠡᠬᠦ ᠵᠠᠷᠭᠡ ᠶᠢ ᠨᠢᠭᠡᠴᠢᠯᠡᠭᠰᠡᠨ ᠰᠤᠶᠤᠯ ᠵᠢᠭᠤᠯᠴᠢᠯᠠᠯ ᠤᠨ ᠦᠵᠡᠮᠵᠢ ᠶᠢᠨ ᠭᠠᠵᠠᠷ ᠪᠤᠯᠭᠠᠨ ᠪᠠᠶᠢᠭᠤᠯᠤᠨ᠎ᠡ᠃ | ︽ᠭᠤᠪᠢ ᠶᠢᠨ ᠡᠮᠦᠨᠡᠲᠦ ᠶᠢᠨ ᠲᠤᠮᠤᠭ︾ ᠬᠡᠭᠦ ᠲᠤᠮᠦ ᠬᠡᠯᠪᠡᠷᠢ ᠶᠢᠨ ᠪᠤᠲᠠᠲᠤ ᠦᠵᠡᠮᠵᠢᠲᠦ ᠲᠤᠭᠯᠠᠯᠲᠡ ᠵᠦᠴᠦᠭᠡ | ᠶᠢᠨ ᠠᠩᠬᠠᠨ ᠤ ᠲᠤᠭᠯᠠᠯᠲᠡ ᠶᠢ 7 ᠰᠠᠷ᠎ᠡ ᠳᠤ ᠪᠠᠶᠠᠯᠡᠭᠦᠯᠦᠨ᠎ᠡ᠃ ᠲᠡᠮᠦᠷ ᠵᠠᠮ ᠤᠨ ᠵᠢᠭᠤᠯᠴᠢᠯᠡᠯ ᠤ ᠲᠤᠰᠬᠠᠢ | ᠲᠡᠷᠭᠡ ᠶᠢ ᠠᠰᠢᠭᠯᠠᠯᠲᠡ ᠳᠤ ᠤᠷᠣᠭᠤᠯᠵᠦ᠂ ᠬᠢᠯᠢ ᠠᠯᠤᠰᠯᠠᠬᠰᠡᠨ ᠵᠢᠭᠤᠯᠴᠢᠯᠡᠯ ᠤᠨ ᠵᠠᠮ ᠱᠣᠭᠤᠮ ᠢ | ᠨᠡᠪᠲᠡᠷᠡᠭᠦᠯᠦᠨ᠎ᠡ᠃ ᠡᠪᠦᠯ ᠤᠨ ᠤᠯᠠᠷᠢᠯ ᠤᠨ ᠵᠢᠭᠤᠯᠴᠢᠯᠡᠯ ᠤᠨ ᠲᠦᠷᠦᠯ ᠵᠦᠢᠯ ᠢ ᠪᠠᠶᠠᠯᠢᠭᠵᠢᠭᠤᠯᠵᠦ᠂ ᠬᠥᠳᠡᠭᠡ | ᠲᠣᠰᠬᠤᠨ ᠤ ᠵᠢᠭᠤᠯᠴᠢᠯᠡᠯ᠂ ᠡᠷᠡᠭᠦᠯ ᠮᠡᠨᠳᠦ ᠰᠤᠪᠢᠯᠠᠯᠲᠠ ᠵᠠᠷᠭᠡ ᠰᠢᠨ᠎ᠡ ᠵᠢᠭᠤᠯᠴᠢᠯᠡᠯ ᠤᠨ ᠦᠢᠯᠡᠰ ᠢ | ᠬᠦᠭᠵᠢᠭᠦᠯᠵᠦ᠂ 30 ᠤᠨᠴᠠᠯᠢᠭᠲᠦ ᠦᠵᠡᠮᠵᠢ ᠶᠢᠨ ᠲᠠᠭᠤᠷᠢᠶᠠᠯ ᠲᠤᠰᠬᠤᠨ᠂ 300 ᠲᠠᠷᠢᠶᠠᠴᠢᠨ ᠮᠠᠯᠴᠢᠨ ᠠᠶᠢᠯ | ᠤᠨ ᠵᠢᠭᠤᠯᠴᠢᠯᠡᠯ ᠤ ᠭᠠᠵᠠᠷ ᠢ ᠪᠠᠶᠢᠭᠤᠯᠤᠨ᠎ᠡ᠃ ︽ᠰᠦᠯᠵᠢᠶ᠎ᠡ+ ᠵᠢᠭᠤᠯᠴᠢᠯᠡᠯ︾ ᠤᠨ ᠪᠠᠶᠢᠯᠳᠤᠬᠤ ᠪᠤᠳᠤᠯᠭ᠎ᠠ ᠶᠢ | ᠬᠡᠷᠡᠭᠵᠢᠭᠦᠯᠵᠦ᠂ ᠵᠢᠭᠤᠯᠴᠢᠯᠡᠯ ᠤ ᠶᠡᠭᠡ ᠳ᠋ᠡᠶᠢᠲ᠋ᠡ ᠶᠢᠨ ᠲᠦᠪ ᠢ ᠪᠤᠳᠠᠳᠠᠶᠢᠵᠢᠭᠤᠯᠤᠨᠡ᠃ ᠪᠤᠲᠠᠲᠦ ᠪᠡᠶ᠎ᠡ ᠶᠢᠨ | ᠵᠢᠭᠤᠯᠴᠢᠯᠡᠯ ᠤᠨ ᠬᠦᠭᠵᠢᠯᠲᠡ ᠶᠢᠨ ᠵᠦᠪᠯᠡᠯ ᠢ ᠵᠤᠬᠢᠶᠠᠨ ᠪᠠᠶᠢᠭᠤᠯᠵᠦ᠂ ᠪᠦᠬᠦᠶᠢᠯᠡ ᠤᠷᠤᠨ ᠪᠦᠰᠡ᠂ ᠪᠦᠭᠦᠶᠢᠯᠡ | ᠴᠠᠭ ᠮᠦᠴᠡ᠂ ᠪᠦᠭᠦᠶᠢᠯᠡ ᠠᠷᠡᠳ ᠤᠨ ᠵᠢᠭᠤᠯᠴᠢᠯᠡᠯ ᠤᠨ ᠲᠦᠯᠦᠪᠵᠢᠭᠦᠯᠭᠡ ᠶᠢ ᠲᠡᠭᠦᠯᠲᠡᠷᠵᠢᠭᠦᠯᠵᠦ᠂ ᠵᠢᠭᠤᠯᠴᠢᠯᠡᠯ | ᠤᠨ ᠵᠤᠷᠯᠦᠩ ᠵᠠᠷᠭᠡ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠤᠯᠲᠡ ᠶᠢ ᠴᠢᠩᠭᠠᠳᠬᠠᠵᠦ᠂ ᠪᠦᠬᠦᠶᠢᠯᠡ | ᠤᠷᠤᠨ ᠪᠦᠰᠡ ᠶᠢᠨ ᠵᠢᠭᠤᠯᠴᠢᠯᠡᠯ ᠤᠨ ᠵᠢᠱᠢᠶᠠᠴᠢ ᠤᠷᠤᠨ ᠤ ᠪᠦᠲᠦᠭᠡᠨ ᠪᠠᠶᠢᠭᠤᠯᠤᠯᠲᠡ ᠶᠢᠨ ᠬᠢᠨᠠᠨ ᠵᠦᠪᠰᠢᠶᠡᠷᠡᠯ | ᠢ ᠠᠮᠵᠢᠯᠲᠡ ᠲᠠᠢ ᠪᠠᠶᠠᠯᠡᠭᠦᠯᠦᠨ᠎ᠡ᠃ | ᠲᠡᠪᠦ᠂ ᠮᠦᠩᠭᠦᠨ ᠬᠦᠢᠯᠭᠡᠭᠡᠨ ᠤ ᠦᠢᠯᠡᠴᠢᠯᠡᠭᠡᠨ ᠤ ᠦᠢᠯᠡᠰ ᠢ ᠲᠦᠷᠭᠡᠨ ᠬᠦᠭᠵᠢᠭᠦᠯᠦᠨ᠎ᠡ᠃ ᠢᠲᠡᠭᠡᠮᠵᠢ ᠶᠢᠨ | ᠬᠤᠷᠰᠢᠶᠠᠨ ᠤ ᠪᠠᠶᠢᠭᠤᠯᠤᠮᠵᠢ ᠰᠤᠯᠢᠭᠳᠠᠬᠤ ᠶᠢ ᠠᠬᠢᠭᠤᠯᠵᠦ᠂ ᠪᠦᠲᠦᠭᠡᠨ ᠪᠠᠶᠢᠭᠤᠯᠤᠯᠲᠡ ᠶᠢᠨ ᠪᠠᠩᠬᠢ᠂ ᠪᠤᠤ ᠱᠠᠩ | ᠪᠠᠩᠬᠢ ᠶᠢᠨ ᠮᠠᠨ ᠤ ᠬᠤᠰᠢᠭᠤᠨ ᠳᠤ ᠬᠤᠪᠢᠶᠠᠷᠢ ᠪᠠᠩᠬᠢ ᠪᠠᠶᠢᠭᠤᠯᠬᠤ ᠶᠢ ᠤᠷᠢᠵᠦ᠂ ︽ᠲᠠᠮᠵᠢᠯᠭᠡ ᠪᠠᠲᠤᠯᠠᠭ᠎ᠠ ᠶᠢᠨ | ᠵᠢᠭᠡᠯᠡᠯᠭᠡ︾ ᠶᠢ ᠢᠳᠡᠪᠬᠢᠯᠡᠨ ᠬᠦᠭᠵᠢᠭᠦᠯᠵᠦ᠂ ᠮᠦᠢᠩᠭᠦᠨ ᠬᠦᠢᠯᠭᠡᠭᠡᠨ ᠤ ᠪᠠᠶᠢᠭᠤᠯᠤᠮᠵᠢ ᠶᠢᠨ ᠢᠲᠡᠭᠡᠮᠵᠢᠲᠦ | ᠵᠢᠭᠡᠯᠡᠯᠭᠡ ᠲᠠᠯᠪᠢᠬᠤ ᠪᠤᠯᠤᠨ ᠪᠤᠲᠠᠲᠦ ᠬᠦᠴᠦᠨ ᠪᠦᠬᠦᠢ ᠠᠵᠦ ᠠᠬᠤᠢ ᠶᠢᠨ ᠬᠦᠭᠵᠢᠯᠲᠡ ᠶᠢ ᠵᠤᠬᠢᠴᠠᠭᠤᠯᠤᠨᠡ᠃ | PPP ᠲᠦᠷᠦᠯ ᠵᠦᠢᠯ ᠤᠨ ᠲᠦᠯᠦᠪᠯᠡᠭᠡ ᠲᠠᠨᠢᠯᠴᠠᠭᠤᠯᠭ᠎ᠠ ᠶᠢ ᠴᠢᠩᠭᠠᠳᠬᠠᠵᠦ᠂ ᠬᠤᠰᠢᠭᠤᠨ ᠤ ᠨᠡᠩ ᠤᠯᠡᠨ | ᠲᠦᠷᠦᠯ ᠵᠦᠢᠯ ᠤᠷᠤᠨ ᠪᠡ ᠬᠤᠲᠡ ᠶᠢᠨ ᠲᠦᠷᠦᠯ ᠵᠦᠢᠯ ᠤᠨ ᠬᠦᠮᠦᠷᠭᠡᠯᠡᠯ ᠳᠤ ᠲᠡᠮᠡᠴᠡᠨ ᠤᠷᠤᠨ᠎ᠡ︔ ᠬᠠᠰᠠᠷ | ᠪᠡᠶ᠎ᠡ ᠲᠠᠮᠢᠷ ᠤᠨ ᠴᠡᠴᠡᠷᠯᠢᠭ᠂ ᠬᠤᠲᠡ ᠶᠢᠨ ᠴᠡᠴᠡᠷᠯᠢᠭᠲᠦ ᠨᠤᠭᠤᠭᠠᠷᠠᠭᠤᠯᠤᠯᠲᠡ ᠵᠠᠷᠭᠡ 8 ᠵᠤᠷᠪᠤᠰ PPP | ᠲᠦᠷᠦᠯ ᠵᠦᠢᠯ ᠢ ᠪᠤᠲᠠᠲᠠᠶᠢᠵᠢᠭᠤᠯᠤᠨᠡ᠃ ᠵᠢᠯ ᠤᠨ ᠲᠤᠳᠤᠷ᠎ᠡ 10 ᠳ᠋ᠦᠩᠰᠢᠭᠤᠷ ᠠᠴᠠ ᠲᠡᠭᠡᠭᠰᠢ ᠲᠤᠰᠬᠠᠢ ᠪᠡᠯᠡ | ᠮᠦᠩᠬᠦ ᠶᠢ ᠲᠡᠮᠡᠴᠡᠨ ᠤᠯᠤᠨ᠎ᠡ᠃ | ︵ᠭᠤᠷᠪᠡ︶ ᠰᠢᠨ᠎ᠡ ᠬᠡᠯᠪᠡᠷᠢ ᠶᠢᠨ ᠬᠤᠲᠡ ᠪᠠᠯᠭᠠᠰᠤᠵᠢᠯᠲᠡ ᠶᠢ ᠬᠦᠴᠦᠯᠡᠨ ᠠᠬᠢᠭᠤᠯᠵᠦ᠂ ᠬᠤᠲᠡ ᠬᠦᠳᠡᠭᠡ | ᠶᠢᠨ ᠵᠤᠬᠢᠴᠠᠩᠭᠤᠢ ᠬᠦᠭᠵᠢᠯᠲᠡ ᠶᠢᠨ ᠬᠢᠷᠢ ᠲᠦᠪᠰᠢᠨ ᠢ ᠲᠡᠭᠡᠭᠰᠢᠯᠡᠭᠦᠯᠦᠨ᠎ᠡ | ᠨᠢᠭᠡ᠂ ᠪᠠᠲᠤᠬᠠᠭᠠᠯᠭ᠎ᠠ ᠪᠠᠯᠭᠠᠰᠤᠨ ᠬᠤᠲᠡ ᠶᠢᠨ ᠬᠡᠪᠴᠢᠶ᠎ᠡ ᠶᠢ ᠦᠷᠭᠡᠳᠭᠡᠵᠦ᠂ ᠶᠠᠰᠦ ᠴᠢᠨᠠᠷ ᠢ ᠨᠢ | ᠲᠡᠭᠡᠭᠰᠢᠯᠡᠭᠦᠯᠦᠨ᠎ᠡ᠃ ᠪᠠᠷᠠᠭᠤᠨ ᠠᠮᠨ᠂ ᠵᠠᠭᠦᠨ ᠠᠮᠠ ᠶᠢᠨ ᠦᠵᠡᠮᠵᠢ ᠵᠢᠴᠢ ᠨᠤᠭᠤᠭᠠᠨ ᠭᠤᠳᠤᠮ ᠤᠨ ᠦᠷᠭᠡᠳᠭᠡᠯ᠂ | ᠶᠢᠨ ᠰᠠᠨ ᠵᠢᠶᠤᠤ ᠠᠭᠤᠯᠠᠨ ᠴᠡᠴᠡᠷᠯᠢᠭ᠂ ᠬᠠᠰᠡᠷ ᠴᠡᠴᠡᠷᠯᠢᠭ ᠵᠠᠷᠭᠡ ᠦᠷᠬᠦᠯᠵᠢᠯᠡᠨ ᠪᠠᠶᠢᠭᠤᠯᠬᠤ ᠢᠨᠵᠧᠨᠧᠷᠢᠩ ᠢ | ᠪᠠᠶᠠᠯᠡᠭᠦᠯᠵᠦ᠂ ᠠᠶᠢᠪᠠᠭ᠎ᠠ ᠭᠤᠣᠯ᠂ ᠵᠠᠲᠠᠭᠠᠢ ᠭᠤᠣᠯ ᠤᠨ ᠤᠰᠤᠨ ᠵᠠᠮ ᠤᠨ ᠦᠵᠡᠮᠵᠢ ᠵᠢᠴᠢ ᠬᠤᠲᠡ ᠪᠠᠯᠭᠠᠰᠤᠨ ᠤᠨ | ᠤᠶᠢᠷ᠎ᠡ ᠬᠠᠪᠢ ᠶᠢᠨ ᠠᠭᠤᠯᠡᠨ ᠪᠠᠶ᠎ᠡ ᠶᠢᠨ ᠨᠤᠭᠤᠭᠠᠷᠠᠭᠤᠯᠤᠯᠲᠡ ᠶᠢᠨ ᠢᠨᠵᠧᠨᠧᠷᠢᠩ ᠢ ᠭᠡᠷᠡᠭᠵᠢᠭᠦᠯᠵᠦ᠂ | ᠨᠤᠭᠤᠭᠠᠷᠠᠭᠤᠯᠤᠯᠲᠡ ᠶᠢᠨ ᠲᠠᠯᠠᠪᠡᠢ ᠶᠢ 10 ᠲᠦᠮᠡᠨ ᠲᠡᠭᠰᠢ ᠲᠦᠷᠪᠡᠯᠵᠢᠨ ᠮᠧᠲᠷ ᠠᠴᠠ ᠲᠡᠭᠡᠭᠰᠢ ᠰᠢᠨ᠎ᠡ ᠪᠠᠷ | ᠨᠡᠮᠡᠭᠲᠡᠭᠦᠯᠵᠦ᠂ ᠤᠷᠤᠨ ᠤ ᠲᠡᠰ ᠤᠨ ᠴᠡᠴᠡᠷᠯᠢᠭᠲᠦ ᠬᠤᠰᠢᠭᠤ ᠰᠢᠶᠠᠨ ᠢ ᠪᠠᠶᠢᠭᠤᠯᠤᠨ᠎ᠡ᠃ ᠰᠢᠨ᠎ᠡ ᠬᠤᠲᠡ ᠶᠢᠨ | ᠲᠤᠭᠤᠷᠢᠭ ᠤᠨ ᠭᠡᠷ ᠪᠠᠷᠢᠯᠭ᠎ᠠ ᠶᠢᠨ ᠵᠠᠰᠠᠨ ᠰᠢᠨᠡᠳᠭᠡᠬᠦ ᠪᠡ ᠵᠠᠮ ᠱᠣᠭᠤᠮ ᠤᠨ ᠪᠦᠲᠦᠭᠡᠨ ᠪᠠᠶᠢᠭᠤᠯᠤᠯᠲᠡ ᠶᠢᠨ | ᠢᠨᠵᠧᠨᠧᠷᠢᠩ ᠢ ᠭᠡᠷᠡᠭᠵᠢᠭᠦᠯᠵᠦ᠂ ᠳᠥᠭᠦᠮ ᠪᠦᠳᠦᠴᠡᠳᠦ ᠤᠷᠤᠨ ᠰᠠᠭᠤᠴᠠ ᠶᠢ ᠦᠭᠡᠷᠡᠴᠢᠯᠡᠨ ᠰᠢᠨᠡᠳᠭᠡᠬᠦ ᠠᠵᠢᠯ ᠢ | ᠪᠦᠭᠦ ᠲᠡᠯ᠎ᠡ ᠪᠠᠷ ᠪᠡᠶᠡᠯᠡᠭᠦᠯᠵᠦ᠂ ᠰᠠᠭᠤᠭᠠᠯᠢ ᠠᠷᠡᠳ ᠤᠨ ᠠᠰᠠᠷ ᠲᠤ ᠰᠠᠭᠤᠬᠤ ᠨᠤᠷᠮ᠎ᠡ ᠶᠢ 95% ᠳᠤ ᠬᠦᠷᠭᠡᠨ᠎ᠡ᠃ | ᠭᠤᠷᠪᠠᠨ ᠬᠦᠷᠲᠦᠲᠦ ᠲᠡᠷᠭᠡᠨ ᠤ ᠬᠠᠦᠯᠢ ᠪᠤᠰᠦ ᠶᠢᠨ ᠡᠵᠡᠩᠨᠡᠯᠲᠡ ᠪᠡ ᠡᠯ᠎ᠡ ᠲᠦᠷᠦᠯ ᠤᠨ ᠲᠡᠷᠭᠡ ᠤᠨᠤᠭᠠᠨ ᠤ | ᠲᠦᠷᠢᠮ ᠠᠴᠠ ᠲᠡᠷᠰᠡᠯᠡᠨ ᠲᠤᠷ᠎ᠡ ᠪᠠᠷ ᠵᠤᠭᠰᠤᠭᠠᠬᠤ ᠶᠢ ᠴᠢᠩᠭ᠎ᠠ ᠬᠠᠮᠢᠶᠠᠷᠴᠦ᠂ ᠰᠠᠭᠤᠭᠠᠯᠢ ᠠᠷᠡᠳ ᠤᠨ ᠲᠤᠭᠤᠷᠢᠭ | ᠲᠤ ᠲᠤᠷ᠎ᠡ ᠪᠠᠷ ᠪᠠᠷᠢᠯᠭ᠎ᠠ ᠪᠠᠷᠢᠬᠤ᠂ ᠲᠡᠯᠭᠡᠭᠦᠷ ᠨᠡᠭᠡᠭᠡᠬᠦ᠂ ᠶᠠᠭᠤᠮ᠎ᠡ ᠬᠤᠮᠡ ᠪᠠᠨ ᠲᠤᠷ᠎ᠡ ᠪᠠᠷ ᠤᠪᠤᠭᠠᠯᠠᠵᠦ ᠲᠠᠯᠪᠢᠬᠤ᠂ | ᠲᠤᠷ᠎ᠡ ᠪᠠᠷ ᠵᠢᠷᠤᠵᠦ ᠡᠷᠢᠶᠠᠴᠢᠬᠦ ᠵᠠᠷᠭᠡ ᠠᠰᠠᠭᠤᠳᠡᠯ ᠢ ᠬᠠᠦᠯᠢ ᠶᠤᠰᠤᠭᠠᠷ ᠰᠢᠢᠳᠪᠦᠷᠢᠯᠵᠦ᠂ ᠡᠷᠡᠭᠦᠯ ᠬᠠᠮᠠᠭᠠᠯᠡᠯ | ᠤᠨ ᠬᠤᠲᠡ᠂ ᠪᠤᠯᠪᠠᠰᠤᠨ ᠬᠤᠲᠡ ᠶᠢᠨ ᠦᠷ᠎ᠡ ᠪᠦᠲᠦᠮᠵᠢ ᠪᠠᠨ ᠪᠠᠲᠤᠳᠬᠠᠨᠡ᠃ ᠪᠠᠲᠤᠬᠠᠭᠠᠯᠬᠠ ᠪᠠᠯᠭᠠᠰᠤ ᠪᠠᠨ | ︽ᠨᠤᠮᠢᠨ ᠤᠰᠤ ᠨᠤᠭᠤᠭᠠᠨ ᠲᠠᠯ᠎ᠡ ᠲᠠᠢ᠂ ᠦᠪᠡᠷᠮᠢᠴᠢᠡ ᠤᠨᠴᠠᠯᠢᠭ ᠲᠠᠢ᠂ ᠪᠠᠭ᠋ᠠᠷᠤᠮᠡ ᠰᠠᠶᠢᠬᠠᠨ︾ ᠤᠮᠠᠷᠠᠲᠦ ᠬᠢᠯᠢ | ᠶᠢᠨ ᠰᠤᠶᠤᠯ ᠵᠤᠭᠠᠴᠡᠯ ᠤᠨ ᠨᠠᠷᠡᠲᠦ ᠪᠠᠯᠭᠠᠰᠤ ᠪᠤᠯᠭᠠᠨ ᠪᠦᠲᠦᠭᠡᠨ ᠪᠠᠶᠢᠭᠤᠯᠤᠨ᠎ᠡ᠃ | ᠬᠤᠶᠠᠷ᠂ ᠲᠦᠷᠢᠮᠲᠤ ᠪᠠᠯᠭᠠᠰᠤᠨ ᠤ ᠵᠥᠷᠢᠶᠡᠲᠦ ᠬᠥᠭᠵᠢᠯᠲᠠ ᠶᠢ ᠠᠬᠢᠭᠤᠯᠤᠨ᠎ᠡ᠃ ᠮᠠᠨᠳᠤᠯ ᠪᠠᠯᠭᠠᠰᠤ ᠪᠤᠯᠤᠨ | ᠪᠤᠭᠤᠮᠲᠡ ᠶᠢᠨ ᠬᠠᠮᠵᠢᠯᠴᠠᠨ ᠬᠦᠭᠵᠢᠬᠦ ᠶᠢ ᠲᠦᠷᠭᠡᠳᠭᠡᠵᠦ᠂ ᠪᠠᠶᠢᠭᠤᠯᠤᠯᠲᠡ ᠬᠦᠭᠵᠢᠯᠲᠡ ᠶᠢᠨ ᠲᠦᠯᠦᠪᠯᠡᠭᠡ ᠶᠢ | ᠪᠡᠶᠡᠯᠡᠭᠦᠯᠵᠦ᠂ ᠭᠡᠷ ᠪᠠᠶᠢᠰᠢᠩ ᠲᠠᠳᠠᠪᠤᠷᠢᠯᠠᠬᠤ᠂ ᠵᠠᠮ ᠱᠤᠭᠤᠮ ᠪᠤᠯᠤᠨ ᠬᠤᠭᠤᠯᠠᠢ ᠶᠢᠨ ᠲᠤᠤᠷ ᠤᠨ ᠪᠠᠶᠢᠭᠤᠯᠤᠯᠲᠡ | ᠵᠡᠷᠭᠡ ᠲᠦᠷᠦᠯ ᠵᠦᠢᠯ ᠢ ᠬᠡᠷᠡᠭᠵᠢᠭᠦᠯᠵᠦ᠂ ᠵᠠᠩ ᠦᠢᠯᠡ ᠰᠤᠶᠤᠯ ᠤᠨ ᠲᠠᠯᠠᠪᠠᠢ᠂ ᠵᠠᠩ ᠦᠢᠯᠡ ᠶᠢᠨ ᠦᠵᠡᠰᠭᠦᠯᠡᠩ | ᠤᠨ ᠤᠷᠳᠤᠨ᠂ ᠵᠤᠭᠠᠴᠠᠭᠰᠡᠳ ᠲᠤ ᠦᠢᠯᠡᠴᠢᠯᠠᠬᠦ ᠲᠦᠪ ᠵᠡᠷᠭᠡ ᠶᠢ ᠰᠢᠨ᠎ᠡ ᠪᠠᠷ ᠪᠠᠶᠢᠭᠤᠯᠵᠦ᠂ ᠪᠤᠭᠤᠮᠲᠡ ᠶᠢᠨ | ᠤᠨᠴᠠᠯᠢᠭᠲᠦ ᠪᠠᠯᠭᠠᠰᠤ ᠶᠢ ᠪᠦᠲᠦᠭᠡᠨ ᠪᠠᠶᠢᠭᠤᠯᠤᠨ᠎ᠡ᠃ ᠰᠢᠷᠠᠮᠦ᠋ᠷᠡᠨ ᠪᠠᠯᠭᠠᠰᠤ ᠪᠤᠯᠤᠨ ᠵᠢᠭᠤᠯᠴᠢᠯᠠᠯ ᠤᠨ ᠤᠷᠤᠨ ᠤ | ᠬᠠᠮᠵᠢᠯᠴᠠᠨ ᠬᠦᠭᠵᠢᠬᠦ ᠶᠢ ᠲᠦᠷᠭᠡᠳᠭᠡᠵᠦ᠂ ᠨᠣᠭᠤᠭᠠᠷᠠᠭᠤᠯᠤᠯᠲᠠ ᠭᠤᠶᠤᠵᠢᠭᠤᠯᠤᠯᠳᠠ ᠶᠢᠨ ᠢᠨᠵᠧᠨᠧᠷᠢᠩ ᠢ | ᠭᠡᠷᠡᠭᠵᠢᠭᠦᠯᠵᠦ᠂ ᠪᠠᠯᠭᠠᠰᠤᠨ ᠤ ᠨᠤᠷᠠᠬᠤ ᠠᠶᠤᠯᠲᠠᠢ ᠭᠡᠷ ᠪᠠᠶᠢᠰᠢᠩ ᠢ ᠵᠠᠰᠠᠨ ᠰᠢᠨᠡᠳᠭᠡᠬᠦ ᠶᠢ ᠪᠠᠶᠠᠯᠡᠭᠦᠯᠵᠦ᠂ | ᠵᠢᠭᠤᠯᠴᠢᠯᠠᠯ ᠤᠨ ᠤᠨᠴᠠᠯᠢᠭᠲᠦ ᠪᠠᠯᠭᠠᠰᠤ ᠶᠢ ᠪᠦᠲᠦᠭᠡᠨ ᠪᠠᠶᠢᠭᠤᠯᠤᠨ᠎ᠡ᠃ ᠮᠢᠩᠭᠠᠨ ᠪᠠᠯᠭᠠᠰᠤᠨ ᠤ ᠬᠡᠯᠪᠡᠷᠢ | ᠦᠭᠡᠷᠡᠴᠢᠯᠠᠨᠲ᠋ᠡᠰ ᠲᠡᠪᠰᠢᠭᠦᠯᠦᠨ ᠬᠦᠭᠵᠢᠬᠦ ᠶᠢ ᠲᠦᠷᠭᠡᠳᠭᠡᠵᠦ᠂ ᠢᠲᠡᠭᠡᠨ ᠤᠮᠳᠠᠭᠠᠨ ᠬᠤᠨᠤᠵᠦ ᠰᠠᠭᠤᠬᠤ | ᠨᠦᠭᠦᠴᠡᠯ ᠢ ᠲᠡᠭᠦᠯᠲᠡᠷᠵᠢᠭᠦᠯᠵᠦ᠂ ᠦᠢᠯᠡᠴᠢᠯᠡᠭᠡᠨ ᠤ ᠦᠢᠯᠡᠰ ᠢ ᠶᠡᠭᠡᠪᠡᠷ ᠬᠦᠭᠵᠢᠭᠦᠯᠵᠦ᠂ ᠵᠠᠩ ᠦᠢᠯᠡ ᠶᠢᠨ | ᠤᠨᠴᠠᠯᠢᠭᠲᠦ ᠪᠠᠯᠭᠠᠰᠤ ᠶᠢ ᠪᠦᠲᠦᠭᠡᠨ ᠪᠠᠶᠢᠭᠤᠯᠤᠨ᠎ᠡ᠃ ︽ᠨᠢᠭᠡ ᠪᠠᠯᠭᠠᠰᠤ ᠨᠢᠭᠡ ᠤᠨᠴᠠᠯᠢᠭ᠂ ᠨᠢᠭᠡ ᠪᠠᠯᠭᠠᠰᠤ ᠨᠢᠭᠡ | ᠵᠠᠩ ᠦᠢᠯᠡ︾ ᠶᠢᠨ ᠰᠡᠳᠬᠢᠭᠦᠢ ᠪᠠᠷ ᠦᠬᠡᠷᠬᠤᠳᠳᠤᠭ ᠪᠠᠯᠭᠠᠰᠤ᠂ ᠰᠢᠪᠡᠷᠬᠦ᠋ᠷᠢᠶ᠎ᠡ ᠪᠠᠯᠭᠠᠰᠤ ᠵᠢᠴᠢ ᠪᠤᠰᠤᠳ | ᠪᠠᠶᠢᠭᠤᠯᠤᠮᠵᠢ ᠪᠠᠯᠭᠠᠰᠤᠨ ᠤ ᠪᠦᠲᠦᠭᠡᠨ ᠪᠠᠶᠢᠭᠤᠯᠤᠯᠲᠡ ᠶᠢ ᠲᠦᠷᠭᠡᠳᠭᠡᠵᠦ᠂ ᠤᠷᠤᠰᠢᠨ ᠰᠠᠭᠤᠵᠦ ᠠᠵᠢᠯᠯᠠᠵᠦ | ᠠᠮᠢᠳᠤᠷᠠᠬᠤ ᠳᠤ ᠲᠤᠬᠢᠲᠠᠢ ᠲᠦᠪᠰᠢᠨ ᠢ ᠲᠡᠭᠡᠭᠰᠢᠯᠡᠭᠦᠯᠦᠨ᠎ᠡ᠃ | ᠭᠤᠷᠪᠡ᠂ ᠦᠵᠡᠰᠭᠦᠯᠡᠩᠲᠦ ᠰᠠᠶᠢᠬᠠᠨ ᠬᠦᠲᠡᠭᠡ ᠲᠤᠰᠬᠤᠨ ᠢ ᠲᠡᠭᠦᠯᠲᠡᠷᠵᠢᠭᠦᠯᠦᠨ ᠬᠦᠭᠵᠢᠭᠦᠯᠬᠦ ᠶᠢ | ᠠᠬᠢᠭᠤᠯᠤᠨ᠎ᠡ᠃ ᠮᠠᠯᠵᠢᠬᠤ ᠲᠠᠷᠢᠶᠠᠯᠠᠬᠤ ᠤᠷᠤᠨ ᠤ ᠨᠢᠭᠡ ᠬᠤᠶᠠᠷ ᠭᠤᠷᠪᠠᠳᠤᠭᠠᠷ ᠦᠢᠯᠡᠰ ᠤᠨ ᠠᠭᠤᠰᠤᠯᠴᠠᠨ | ᠬᠦᠭᠵᠢᠬᠦ ᠶᠢ ᠠᠬᠢᠭᠤᠯᠵᠦ᠂ ᠤᠰᠦ᠂ ᠴᠠᠬᠢᠯᠭᠠᠨ᠂ ᠵᠠᠮ ᠵᠠᠷᠭᠡ ᠰᠠᠭᠤᠷᠢ ᠲᠦᠭᠦᠭᠡᠷᠦᠮᠵᠢ ᠶᠢᠨ ᠲᠠᠭᠦᠯᠲᠡᠷᠵᠢᠭᠦᠯᠬᠦ ᠶᠢ | ᠲᠦᠷᠭᠡᠳᠭᠡᠨ᠂ 6 ᠰᠠᠷ᠎ᠡ ᠶᠢᠨ ᠰᠡᠭᠦᠯᠴᠢ ᠪᠠᠷ ᠰᠢᠨ᠎ᠡ ᠲᠤᠰᠬᠤᠨ ᠪᠦᠭᠦᠨ ᠢ ᠨᠠᠭᠦᠨ ᠤᠷᠤᠵᠦ ᠰᠠᠭᠤᠷᠢᠰᠢᠬᠤ | ᠨᠦᠭᠦᠴᠡᠯ ᠳᠤ ᠨᠡᠶᠢᠴᠡᠭᠦᠯᠬᠦ ᠭᠡᠷᠡᠭᠲᠠᠢ᠃ ᠮᠠᠯᠵᠢᠬᠤ ᠲᠠᠷᠢᠶᠠᠯᠠᠬᠤ ᠤᠷᠤᠨ ᠤ ᠪᠦᠲᠦᠭᠡᠨ ᠪᠠᠶᠢᠭᠤᠯᠤᠯᠲᠡ ᠶᠢᠨ | ᠬᠠᠮᠢᠶᠠᠷᠤᠯᠲᠡ ᠶᠢᠨ ᠰᠠᠨᠠᠯ ᠢ ᠨᠡᠶᠢᠲᠡᠯᠡᠵᠦ᠂ ᠰᠤᠯᠠ ᠲᠠᠯᠪᠢᠭᠰᠠᠨ ᠰᠢᠷᠣᠶ ᠶᠢᠨ ᠪᠠᠶᠢᠰᠢᠩ ᠢ ᠨᠤᠷᠠᠭᠠᠵᠦ᠂ ᠤᠷᠴᠢᠨ | ᠲᠤᠭᠤᠷᠢᠨ ᠢ ᠵᠠᠰᠠᠨ ᠴᠡᠭᠴᠡᠯᠡᠵᠦ᠂ ᠪᠠᠶᠢᠩᠭᠤᠵᠢᠭᠰᠡᠨ ᠬᠠᠮᠢᠶᠠᠷᠤᠯᠲᠡ ᠶᠢᠨ ᠲᠤᠭᠲᠠᠴᠡ ᠶᠢ ᠪᠠᠶᠢᠭᠤᠯᠤᠨ᠎ᠡ᠃ ᠰᠢᠨ᠎ᠡ | ᠲᠤᠰᠬᠤᠨ ᠤ ᠠᠵᠦ ᠦᠢᠯᠡᠰ ᠤᠨ ᠢᠵᠢ ᠪᠦᠷᠢᠲᠦᠭᠦᠯᠬᠦ ᠶᠢ ᠲᠦᠷᠭᠡᠳᠭᠡᠵᠦ᠂ ᠵᠢᠭᠤᠯᠴᠢᠯᠠᠯ ᠤᠨ᠂ ᠪᠠᠶᠠᠴᠢᠯᠡᠨ | ᠤᠶᠢᠯᠠᠭᠠᠬᠤ᠂ ᠪᠦᠲᠦᠭᠡᠯᠴᠢ ᠲᠠᠷᠢᠶᠠᠯᠠᠩ ᠮᠠᠯ ᠠᠵᠦ ᠠᠬᠤᠢ ᠶᠢ ᠬᠦᠴᠦᠯᠡᠨ ᠬᠦᠭᠵᠢᠭᠦᠯᠵᠦ᠂ ᠲᠠᠷᠢᠶᠠᠯᠠᠩ ᠮᠠᠯ ᠠᠵᠦ | ᠠᠬᠤᠢ ᠪᠤᠯᠤᠨ ᠤᠨᠤᠪᠴᠢᠲᠠᠢ ᠪᠠᠷ ᠶᠠᠳᠠᠭᠤ ᠠᠴᠠ ᠠᠩᠭᠢᠵᠢᠷᠠᠭᠤᠯᠬᠤ᠂ ᠠᠮᠢ ᠠᠬᠤᠢ ᠤᠷᠴᠢᠨ ᠨᠦᠬᠦᠴᠡᠯ ᠤᠨ | ᠬᠠᠮᠠᠭᠠᠯᠠᠯᠲᠡ᠂ ᠬᠦᠲᠡᠭᠡ ᠲᠤᠰᠬᠤᠨ ᠤ ᠵᠢᠭᠤᠯᠴᠢᠯᠠᠯ᠂ ᠡᠷᠡᠭᠦᠯ ᠮᠡᠨᠳᠦ ᠰᠤᠪᠢᠯᠠᠯᠲᠠ ᠵᠡᠷᠭᠡ ᠶᠢᠨ ᠭᠦᠨᠵᠡᠭᠡᠢ | ᠠᠭᠤᠰᠤᠯᠴᠠᠯ ᠢ ᠲᠦᠯᠬᠢᠨ ᠠᠬᠢᠭᠤᠯᠵᠦ᠂ ᠤᠶᠢᠯᠡᠳᠪᠤᠷᠢᠯᠡᠯ ᠤᠨ ᠲᠤᠰᠬᠤᠨ ᠤ ᠠᠭᠤᠰᠤᠯᠴᠠᠯ ᠤᠨ ᠳᠠᠭᠤᠷᠢᠶᠠᠯ | ᠦᠵᠡᠭᠦᠯᠬᠦ ᠨᠡᠶᠢᠯᠡᠯ ᠭᠠᠴᠠᠭ᠎ᠠ 100 ᠶᠢ ᠰᠢᠨ᠎ᠠ ᠪᠠᠷ ᠪᠠᠶᠢᠭᠤᠯᠵᠤ᠂ ᠬᠠᠰᠢᠶ᠎ᠠ ᠬᠦᠷᠢᠶᠠᠨ ᠤ ᠠᠵᠤ ᠠᠬᠤᠶ ᠶᠢᠨ | ᠵᠢᠱᠢᠶ᠎ᠡ ᠦᠵᠡᠭᠦᠯᠬᠦ ᠡᠷᠦᠬᠡ 100 ᠶᠢ ᠪᠤᠶᠢᠵᠢᠭᠤᠯᠤᠨ᠎ᠠ᠃ | ᠲᠦᠷᠪᠡ᠂ ᠰᠠᠭᠤᠷᠢ ᠲᠥᠬᠦᠭᠡᠷᠦᠮᠵᠢ ᠶᠢᠨ ᠬᠠᠷᠢᠯᠴᠠᠨ ᠨᠡᠪᠲᠡᠷᠠᠯᠴᠵᠦ ᠬᠠᠷᠢᠯᠴᠠᠨ ᠬᠤᠯᠪᠤᠭᠠᠯᠠᠬᠤ ᠶᠢ | ᠠᠬᠢᠭᠤᠯᠤᠨ᠎ᠡ᠃ ᠪᠤᠭᠤᠲᠤ ᠠᠴᠠ ᠮᠠᠨᠲᠤᠯ ᠬᠦᠷᠬᠦ ᠲᠡᠮᠦᠷ ᠵᠠᠮ ᠤᠨ ᠭᠤᠷᠪᠠᠳᠡᠬᠢ ᠬᠤᠭᠤᠴᠠᠭ᠎ᠠ᠂ ᠲᠠᠮᠦᠷ ᠵᠠᠮ ᠤᠨ | ᠲᠤᠰᠬᠠᠢ ᠵᠠᠮ ᠤᠨ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠡ ᠶᠢ ᠭᠤᠤᠯᠳᠠᠯᠭ᠎ᠠ ᠲᠠᠢ ᠪᠠᠶᠢᠭᠤᠯᠵᠦ᠂ ᠬᠢᠯᠢ | ᠠᠯᠤᠰᠯᠠᠭᠰᠡᠨ ᠲᠤᠰᠬᠠᠢ ᠲᠠᠮᠦᠷ ᠵᠠᠮ ᠤᠨ ᠤᠷᠢᠳᠤᠴᠢ ᠠᠵᠢᠯ ᠢ ᠰᠠᠶᠢᠳᠤᠷ ᠬᠢᠨ᠎ᠡ᠃ ᠪᠠᠲᠤᠬᠠᠭᠠᠯᠭ᠎ᠠ ᠠᠴᠠ | ᠪᠠᠶ᠋ᠬᠠᠤᠪᠤᠭ᠎ᠠ ᠬᠦᠷᠬᠦ ᠦᠨᠳᠤᠷ ᠬᠤᠷᠳᠤᠴᠠᠲᠦ ᠵᠠᠰᠠᠮᠠᠯ ᠵᠠᠮ ᠢ ᠪᠠᠶᠢᠭᠤᠯᠵᠦ᠂ ᠰᠢᠷᠠᠮᠥ᠋ᠷᠡᠨ ᠠᠴᠠ ᠪᠠᠲᠤᠬᠠᠭᠠᠯᠭ᠎ᠠ | ᠬᠦᠷᠬᠦ ᠨᠢᠭᠡᠲᠦᠭᠡᠷ ᠲᠡᠰ ᠤᠨ ᠵᠠᠰᠠᠮᠠᠯ ᠵᠠᠮ ᠤᠨ ᠪᠦᠬᠦ ᠱᠤᠭᠤᠮ ᠢᠶᠠᠷ ᠲᠡᠷᠭᠡ ᠨᠠᠪᠲᠡᠷᠡᠬᠦ ᠶᠢ ᠪᠠᠲᠤᠯᠠᠵᠦ᠂ | ᠪᠠᠶ᠋ᠬᠠᠤᠪᠤᠭ᠎ᠠ ᠠᠴᠠ ᠮᠠᠨᠲᠤᠯ ᠪᠤᠭᠤᠮᠲᠠ ᠬᠦᠷᠬᠦ ᠨᠢᠭᠡᠲᠦᠭᠡᠷ ᠲᠠᠰ ᠤᠨ ᠵᠠᠰᠠᠮᠠᠯ ᠵᠠᠮ᠂ ᠤᠯᠠᠭᠠᠨ ᠤᠪᠤᠭ᠎ᠠ ᠠᠴᠠ | ᠦᠵᠦᠭᠦᠷ ᠬᠦᠷᠬᠦ ᠵᠠᠰᠠᠮᠠᠯ ᠵᠠᠮ ᠢ ᠵᠢᠯ ᠤᠨ ᠲᠤᠳᠤᠷ᠎ᠡ ᠵᠠᠮ ᠤᠨ ᠰᠠᠭᠤᠷᠢ᠂ ᠬᠦᠬᠦᠷᠭᠡᠨ ᠭᠤᠯᠳᠤᠩ ᠵᠠᠷᠭᠡ ᠶᠢᠨ | ᠪᠠᠶᠢᠭᠤᠯᠤᠯᠲᠡ ᠶᠢ ᠲᠠᠭᠤᠰᠬᠠᠵᠦ᠂ ᠪᠠᠶ᠋ᠬᠠᠤᠪᠤᠭ᠎ᠠ ᠠᠴᠠ ᠮᠢᠩᠭᠠᠨ ᠬᠦᠷᠬᠦ ᠵᠠᠰᠠᠮᠠᠯ ᠵᠠᠮ ᠤᠨ ᠨᠢᠭᠡᠲᠦᠭᠡᠷ | ᠬᠤᠭᠤᠴᠠᠭᠠᠨ ᠤ ᠪᠠᠶᠢᠭᠤᠯᠤᠯᠲᠡ ᠶᠢ ᠲᠠᠭᠤᠰᠬᠠᠵᠦ᠂ ᠭᠤᠷᠪᠠᠨ ᠵᠤᠷᠪᠤᠰ ᠵᠢᠭᠤᠯᠴᠢᠯᠠᠯ ᠤᠨ ᠵᠠᠮ ᠤᠨ ᠪᠠᠶᠢᠭᠤᠯᠵᠦ | ᠲᠡᠷᠭᠡ ᠨᠠᠪᠲᠡᠷᠡᠬᠦ ᠶᠢ ᠪᠠᠶᠠᠯᠡᠭᠦᠯᠦᠨ᠎ᠡ᠃ ᠮᠠᠨᠳᠤᠯ ᠠᠴᠠ ᠲᠠᠪᠤᠨ ᠲᠤᠯᠤᠭᠠᠢ ᠬᠦᠷᠬᠦ ᠬᠠᠶᠢᠷ ᠵᠠᠮ ᠤᠨ ᠲᠦᠷᠦᠯ ᠢ | ᠭᠡᠷᠡᠭᠵᠢᠭᠦᠯᠵᠦ᠂ ᠮᠠᠨᠳᠤᠯ ᠠᠴᠠ ᠰᠠᠶᠢᠱᠠᠩᠲᠠ ᠬᠦᠷᠬᠦ ᠬᠢᠯᠢ ᠠᠯᠤᠰᠯᠠᠭᠰᠡᠨ ᠵᠠᠰᠠᠮᠠᠯ ᠵᠠᠮ ᠤᠨ ᠪᠠᠶᠢᠭᠤᠯᠤᠯᠲᠡ ᠶᠢ | ᠲᠦᠯᠬᠢᠨ ᠠᠬᠢᠭᠤᠯᠤᠨ᠎ᠡ᠃ ᠲᠠᠷᠬᠠᠨ ᠮᠤᠤᠮᠢᠩᠭᠠᠨ ᠤ ᠨᠡᠶᠢᠲᠡᠮ ᠭᠡᠷᠡᠭᠯᠡᠭᠡᠨ ᠤ ᠨᠢᠰᠭᠡᠯ ᠤᠨ ᠪᠠᠭᠤᠳᠡᠯ ᠢ ᠭᠤᠤᠯᠳᠠᠯᠭ᠎ᠠ | ᠲᠠᠢ ᠪᠠᠶᠢᠭᠤᠯᠵᠦ᠂ 7 ᠰᠠᠷ᠎ᠡ ᠳᠤ ᠠᠩᠬᠠᠨ ᠤ ᠨᠢᠰᠭᠡᠯᠲᠡ ᠶᠢ ᠪᠠᠶᠠᠯᠡᠭᠦᠯᠵᠦ᠂ ᠤᠬᠤᠷ ᠵᠠᠮ ᠤᠨ ᠲᠡᠭᠡᠭᠡᠪᠦᠷᠢ᠂ | ᠵᠢᠭᠤᠯᠴᠢᠯᠠᠯ ᠠᠶᠠᠯᠠᠯ᠂ ᠲᠤᠤᠷ᠎ᠡ ᠨᠢᠰᠦᠯᠭᠡ ᠶᠢᠨ ᠪᠤᠯᠪᠠᠰᠤᠷᠠᠯ ᠵᠠᠷᠭᠡ ᠠᠵᠢᠯ ᠢ ᠬᠦᠭᠵᠢᠭᠦᠯᠵᠦ᠂ ᠠᠭᠠᠷ ᠤᠨ ᠠᠶᠠᠯᠠᠯ | ᠤᠨ ᠦᠢᠯᠡᠴᠢᠯᠡᠭᠡᠨ ᠤ ᠵᠠᠬ᠎ᠠ ᠲᠡᠯᠭᠡᠭᠦᠷ ᠢ ᠦᠷᠭᠡᠳᠭᠡᠨ᠎ᠡ᠃ ᠮᠠᠨᠳᠤᠯ ᠪᠠᠯᠭᠠᠰᠤ᠂ ᠰᠢᠷᠠᠮᠦ᠋ᠷᠡᠨ ᠪᠠᠯᠭᠠᠰᠤᠨ ᠤ | ᠵᠤᠭᠰᠤᠯᠲᠡ ᠴᠡᠭ ᠤᠨ ᠪᠠᠶᠢᠭᠤᠯᠤᠯᠲᠡ ᠶᠢ ᠡᠬᠢᠯᠡᠭᠦᠯᠵᠦ᠂ ᠠᠭᠠᠷ ᠤᠨ ᠠᠶᠠᠯᠠᠯ ᠤᠨ ᠲᠤᠤᠷ ᠰᠦᠯᠵᠢᠶᠠᠨ ᠤ | ᠰᠢᠰᠲ᠋ᠧᠮ ᠢ ᠪᠦᠷᠢᠯᠳᠤᠭᠦᠯᠦᠨ᠎ᠡ᠃ ᠲᠠᠷᠢᠶᠠᠯᠠᠩ ᠮᠠᠯ ᠠᠵᠦ ᠠᠬᠤᠢ ᠶᠢᠨ ᠦᠨᠳᠤᠷ ᠪᠦᠲᠦᠮᠵᠢᠲᠦ ᠤᠰᠤ ᠠᠷᠪᠢᠯᠠᠬᠤ | ᠤᠰᠤᠯᠠᠯᠭ᠎ᠠ ᠶᠢᠨ ᠢᠨᠵᠧᠨᠧᠷᠢᠩ ᠢ ᠬᠡᠷᠡᠭᠵᠢᠭᠦᠯᠵᠦ᠂ ᠲᠠᠪᠤᠨ ᠭᠤᠤᠯ ᠰᠠᠶᠢᠷ ᠤᠨ ᠤᠰᠤᠨ ᠴᠦᠬᠦᠷᠦᠮ ᠢ | ᠪᠠᠶᠢᠭᠤᠯᠤᠨ᠎ᠡ᠃ ᠪᠠᠳᠤᠬᠠᠭᠠᠯᠭ᠎ᠠ ᠪᠠᠯᠭᠠᠰᠤᠨ ᠤ ᠤᠰᠤ ᠬᠠᠩᠭᠠᠬᠤ ᠬᠤᠭᠤᠯᠠᠢ ᠶᠢᠨ ᠲᠤᠤᠷ ᠤᠨ ᠠᠶᠦᠯᠭᠦᠢ | ᠰᠠᠶᠢᠵᠢᠷᠠᠭᠤᠯᠤᠯᠲᠡ᠂ ᠮᠠᠨᠳᠤᠯ ᠪᠠᠯᠭᠠᠰᠤᠨ ᠤ ᠤᠰᠤ ᠬᠠᠩᠭᠠᠬᠤ ᠪᠡ ︽ᠮᠠᠯᠵᠢᠬᠤ ᠤᠷᠤᠨ ᠤ ᠤᠰᠤᠨ ᠵᠤᠭᠤᠷᠢ︾ ᠶᠢᠨ | ᠢᠨᠵᠧᠨᠧᠷᠢᠩ ᠢ ᠪᠠᠶᠠᠯᠡᠭᠦᠯᠵᠦ᠂ ᠮᠠᠯᠵᠢᠬᠤ ᠲᠠᠷᠢᠶᠠᠯᠠᠬᠤ ᠤᠷᠤᠨ ᠤ ᠠᠶᠦᠯᠭᠦᠢ ᠠᠮᠠᠨ ᠤ ᠤᠰᠤ ᠶᠢ ᠪᠠᠬᠢᠵᠢᠭᠦᠯᠦᠨ | ᠲᠡᠭᠡᠭᠰᠢᠯᠡᠬᠦᠯᠬᠦ ᠢᠨᠵᠧᠨᠧᠷᠢᠩ ᠢ ᠬᠡᠷᠡᠭᠵᠢᠭᠦᠯᠦᠨ᠎ᠡ᠃ ︽ᠤᠰᠤ ᠲᠠᠳᠠᠵᠦ ᠲᠠᠷᠬᠠᠨ ᠳᠤ ᠤᠷᠤᠭᠤᠯᠬᠤ︾ ᠢᠨᠵᠧᠨᠧᠷᠢᠩ | ᠤᠨ ᠭᠠᠵᠠᠷ ᠲᠠᠳᠠᠪᠤᠷᠢᠯᠠᠨ ᠨᠤᠷᠠᠭᠠᠨ ᠨᠡᠭᠦᠯᠭᠡᠬᠦ ᠪᠡ ᠲᠦᠷᠦᠯ ᠲᠤᠭᠳᠠᠭᠠᠨ ᠬᠡᠷᠡᠭᠵᠢᠭᠦᠯᠬᠦ ᠠᠵᠢᠯ ᠢ ᠰᠠᠶᠢᠳᠤᠷ ᠬᠢᠨ᠎ᠡ᠃ | ᠰᠢᠨ᠎ᠡ ᠬᠤᠲᠡ ᠲᠤᠭᠤᠷᠢᠭ ᠤᠨ ᠬᠦᠨᠲᠡᠯᠡᠨ ᠭᠤᠯᠲᠦ ᠰᠤᠨᠳᠠᠯᠠᠭᠰᠡᠨ ᠬᠤᠲᠡ ᠶᠢᠨ ᠵᠠᠰᠠᠭ ᠤᠨ ᠵᠠᠮ ᠱᠣᠭᠤᠮ ᠪᠡ | ᠢᠵᠢ ᠪᠦᠷᠢᠳᠤᠭᠦᠯᠬᠦ ᠬᠤᠭᠤᠯᠠᠢ ᠶᠢᠨ ᠲᠤᠤᠷ ᠢ ᠭᠤᠤᠯᠳᠠᠯᠭ᠎ᠠ ᠲᠠᠢ ᠪᠠᠶᠠᠯᠡᠬᠦᠯᠵᠦ᠂ ᠬᠠᠭᠤᠴᠢᠨ ᠬᠤᠲᠡ ᠲᠤᠭᠤᠷᠢᠭ | ᠤᠨ ᠮᠤᠬᠤᠷ ᠵᠠᠮ ᠢ ᠨᠡᠪᠲᠡᠷᠠᠭᠦᠯᠵᠦ᠂ ᠵᠠᠭᠦᠨ ᠬᠦᠬᠦᠷᠭᠡ ᠶᠢᠨ ᠠᠷᠦ ᠵᠠᠮ ᠪᠡ ᠪᠠᠯᠭᠠᠰᠤᠨ ᠤ ᠪᠠᠷᠠᠭᠤᠨ ᠠᠮᠠᠨ ᠵᠠᠮ ᠢ | ᠠᠰᠬᠠᠨ ᠢᠶᠠᠷ ᠦᠷᠭᠡᠳᠭᠡᠵᠦ᠂ ᠬᠤᠩᠭᠤᠷᠳᠠᠯᠡ ᠶᠡᠭᠡ ᠬᠦᠬᠦᠷᠭᠡ ᠶᠢ ᠦᠷᠭᠡᠳᠭᠡᠨ ᠪᠠᠶᠢᠭᠤᠯᠤᠨ᠎ᠡ᠃ ᠬᠠᠭᠤᠴᠢᠨ | ᠬᠤᠲᠡ ᠲᠤᠭᠤᠷᠢᠭ ᠤᠨ ᠭᠠᠵᠠᠷ ᠲᠤᠤᠷᠠᠬᠢ ᠬᠤᠭᠤᠯᠠᠢ ᠶᠢᠨ ᠲᠤᠤᠷ ᠤᠨ ᠶᠠᠷᠦᠩᠬᠡᠢ ᠵᠠᠰᠠᠨ ᠰᠠᠶᠢᠵᠢᠷᠠᠭᠤᠯᠤᠯᠲᠡ ᠶᠢ | ᠬᠡᠷᠡᠭᠵᠢᠭᠦᠯᠦᠨ᠎ᠡ᠃ ᠮᠢᠩᠭᠠᠨ ᠺᠢᠯᠤᠸᠣᠯᠲ ᠤᠨ ᠲᠡᠰ ᠤᠨ ᠰᠠᠯᠬᠢᠨ ᠬᠦᠴᠦᠨ ᠤ ᠴᠠᠬᠢᠯᠭᠠᠨ ᠭᠠᠷᠭᠠᠬᠤ ᠰᠠᠭᠤᠷᠢᠨ | ᠭᠠᠵᠠᠷ ᠤᠨ ᠪᠠᠶᠢᠭᠤᠯᠤᠯᠲᠡ ᠶᠢ ᠲᠦᠷᠭᠡᠳᠭᠡᠵᠦ᠂ ᠪᠤᠭᠤᠲᠦ ᠠᠴᠠ ᠤᠮᠠᠷᠠᠰᠢ ᠬᠤᠸᠠ ᠵᠦᠩ ᠴᠠᠬᠢᠯᠭᠠᠨ ᠬᠦᠴᠦᠨ ᠤ | ᠭᠠᠳᠠᠭᠰᠢ ᠲᠠᠮᠵᠢᠭᠤᠯᠬᠤ ᠵᠠᠮ ᠱᠤᠭᠤᠮ ᠤᠨ ᠪᠠᠶᠢᠭᠤᠯᠤᠯᠲᠡ ᠶᠢᠨ ᠲᠦᠪ ᠤᠨ ᠪᠡ ᠤᠷᠤᠨ ᠤ ᠵᠦᠪᠰᠢᠶᠠᠷᠡᠯ ᠢ | ᠤᠯᠬᠤ ᠶᠢ ᠠᠬᠢᠭᠤᠯᠤᠨ᠎ᠡ᠃ ᠰᠢᠨ᠎ᠡ ᠨᠢᠭᠡᠨ ᠡᠭᠡᠯᠵᠢ ᠶᠢᠨ ᠲᠠᠷᠢᠶᠠᠯᠠᠬᠤ ᠮᠠᠯᠵᠢᠬᠤ ᠣᠷᠣᠨ ᠤ ᠴᠠᠬᠢᠯᠭᠠᠨ ᠲᠣᠣᠷ ᠤᠨ | ᠥᠭᠡᠷᠡᠴᠢᠯᠡᠨ ᠲᠡᠰ ᠳᠡᠪᠰᠢᠭᠦᠯᠬᠦ ᠢᠨᠵᠧᠨᠧᠷᠢᠩ ᠢ ᠬᠡᠷᠡᠭᠵᠢᠭᠦᠯᠵᠦ᠂ ᠭᠤᠣᠯ ᠤᠨ ᠵᠡᠭᠦᠨᠳᠡᠬᠢ110 ᠺᠢᠯᠤᠸᠣᠯᠲ | ᠴᠠᠬᠢᠯᠭᠠᠨ ᠬᠦᠴᠦᠳᠡᠯ ᠥᠭᠡᠷᠡᠴᠢᠯᠡᠬᠦ ᠦᠷᠲᠡᠭᠡ ᠪᠠᠶᠢᠭᠤᠯᠵᠤ᠂ ᠰᠢᠨ᠎ᠡ ᠬᠤᠲᠡ ᠶᠢᠨ ᠴᠠᠬᠢᠯᠭᠠᠨ ᠨᠡᠪᠲᠡᠷᠡᠬᠦ ᠶᠢ | ᠪᠡᠶᠡᠯᠡᠭᠦᠯᠦᠨ᠎ᠡ᠃ ᠤᠶᠤᠡᠲᠤ ᠬᠤᠲᠡ ᠶᠢᠨ ᠪᠦᠲᠦᠭᠡᠨ ᠪᠠᠶᠢᠭᠤᠯᠤᠯᠲᠡ ᠶᠢ ᠲᠦᠷᠭᠡᠳᠭᠡᠵᠦ᠂ ᠰᠢᠰᠲ᠋ᠧᠮ | ᠲᠡᠭᠦᠯᠲᠡᠷᠵᠢᠭᠰᠡᠨ᠂ ᠦᠨᠳᠦᠷ ᠪᠦᠲᠦᠮᠵᠢᠲᠠᠢ ᠲᠦᠭᠦᠮ ᠲᠦᠲᠡ᠂ ᠪᠦᠬᠦ ᠠᠷᠡᠳ ᠬᠠᠮᠲᠦ ᠪᠠᠷ ᠡᠳ᠋ᠯᠡᠬᠦ ︽ᠤᠶᠤᠨᠲᠦ | ᠲᠠᠷᠬᠠᠨ ᠮᠤᠤᠮᠢᠩᠭᠠᠨ︾ ᠢ ᠴᠤᠭᠴᠠᠯᠠᠨ ᠪᠠᠶᠢᠭᠤᠯᠵᠦ᠂ ᠵᠠᠰᠠᠮᠠᠯ ᠵᠠᠮ ᠱᠣᠭᠤᠮ ᠲᠠᠭᠠᠦ᠂ ᠵᠢᠭᠤᠯᠴᠢᠯᠠᠯ ᠤᠨ ᠤᠷᠤᠨ᠂ | ᠮᠠᠯᠵᠢᠬᠤ ᠲᠠᠷᠢᠶᠠᠯᠠᠬᠤ ᠤᠷᠤᠨ ᠤ 4G ᠰᠦᠯᠵᠢᠶᠠᠨ ᠤ ᠪᠦᠷᠬᠦᠭᠦᠯᠲᠡ ᠶᠢᠨ ᠬᠡᠪᠴᠢᠶ᠎ᠡ ᠶᠢ ᠦᠷᠭᠡᠳᠭᠡᠨ᠂ ᠬᠡᠷᠡᠯᠯᠢᠭ | ᠰᠢᠷᠭᠡᠭ ᠤᠨ ᠮᠡᠲᠡᠭᠡ ᠬᠤᠯᠪᠤᠭᠠᠨ ᠤ ᠲᠤᠤᠷ ᠰᠦᠯᠵᠢᠶ᠎ᠡ ᠪᠤᠯᠤᠨ ᠷᠠᠳᠢᠤ᠋ ᠰᠦᠯᠵᠢᠶᠠᠨ ᠤ ᠪᠠᠶᠢᠭᠤᠯᠤᠯᠲᠡ ᠶᠢ | ᠴᠢᠩᠭᠠᠳᠬᠠᠵᠦ᠂ ᠪᠠᠳᠤᠬᠠᠭᠠᠯᠭ᠎ᠠ ᠪᠠᠯᠭᠠᠰᠤ ᠪᠤᠯᠤᠨ ᠭᠤᠤᠯ ᠪᠤᠯᠬᠤ ᠵᠢᠭᠤᠯᠴᠢᠯᠠᠯ ᠤᠨ ᠤᠷᠤᠨ ᠤ wi—Fi ᠶᠢᠨ | ᠪᠦᠷᠭᠦᠭᠦᠯᠲᠡ ᠶᠢ ᠪᠠᠶᠠᠯᠡᠭᠦᠯᠵᠦ᠂ 80% ᠶᠢᠨ ᠵᠠᠰᠠᠭ ᠵᠠᠬᠢᠷᠭᠠᠨ ᠤ ᠲᠤᠰᠬᠤᠨ ᠤ ᠭᠡᠷᠡᠯᠯᠢᠭ ᠰᠢᠷᠭᠡᠭ ᠤᠨ ᠮᠡᠲᠡᠭᠡᠨ | ᠬᠤᠯᠪᠤᠭᠠᠨ ᠤ ᠰᠦᠯᠵᠢᠶ᠎ᠡ ᠲᠠᠢ ᠪᠤᠯᠬᠤ ᠶᠢ ᠪᠠᠶᠠᠯᠡᠭᠦᠯᠦᠨ᠎ᠡ᠃ | ︵ᠲᠦᠷᠪᠡ︶ ᠪᠤᠬᠢᠷᠳᠤᠯ ᠦᠭᠡᠢ ᠬᠦᠭᠵᠢᠯᠲᠡ ᠶᠢ ᠬᠦᠴᠦᠯᠡᠨ ᠠᠬᠢᠭᠤᠯᠵᠦ᠂ ᠠᠮᠢ ᠠᠬᠤᠢ ᠶᠢᠨ ᠤᠷᠴᠢᠨ | ᠨᠦᠬᠦᠴᠡᠯ ᠢ ᠬᠠᠮᠠᠭᠠᠯᠠᠨ ᠰᠠᠶᠢᠵᠢᠷᠠᠭᠤᠯᠤᠨ᠎ᠡ | ᠨᠢᠭᠡ᠂ ︽ᠬᠦᠭᠡ ᠡᠪᠡᠰᠦ︾ ᠢᠨᠵᠧᠨᠧᠷᠢᠩ ᠢ ᠬᠡᠷᠡᠭᠵᠢᠭᠦᠯᠦᠨ᠎ᠡ᠃ ᠨᠤᠳᠤᠭ ᠪᠠᠯᠴᠢᠭᠡᠷ ᠤᠨ ᠠᠮᠢ ᠠᠬᠤᠢ ᠶᠢᠨ | ᠬᠠᠮᠠᠭᠠᠯᠠᠯᠲᠡ ᠶᠢᠨ ᠨᠦᠬᠦᠪᠦᠷᠢ ᠱᠠᠩᠨᠠᠯ ᠤᠨ ᠲᠦᠷᠦ ᠶᠢᠨ ᠪᠤᠳᠤᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠦ᠂ ᠪᠦᠬᠦ | ᠲᠠᠯ᠎ᠡ ᠪᠠᠷ ᠮᠠᠯᠵᠢᠬᠤ ᠶᠢ ᠴᠠᠭᠠᠵᠠᠯᠠᠬᠤ ᠶᠢ ᠡᠷᠡᠰ ᠭᠤᠶᠢᠪᠢᠰᠢ ᠦᠭᠡᠢ ᠪᠠᠷᠢᠮᠳᠠᠯᠠᠵᠦ᠂ ᠬᠠᠮᠢᠶᠠᠷᠤᠨ ᠬᠠᠮᠠᠭᠠᠯᠠᠬᠤ ᠪᠠᠨ | ᠴᠢᠩᠭᠠᠳᠬᠠᠵᠦ᠂ ᠤᠯᠤᠰ ᠤᠨ ᠪᠠᠷᠠᠭᠤᠨ ᠤᠷᠤᠨ ᠤ ᠨᠤᠳᠤᠭ ᠪᠠᠯᠴᠢᠭᠡᠷ ᠤᠨ ᠠᠮᠢ ᠠᠬᠤᠢ ᠶᠢᠨ ᠬᠠᠮᠠᠭᠠᠯᠠᠯᠲᠡ ᠶᠢᠨ | ᠪᠦᠲᠦᠭᠡᠨ ᠪᠠᠶᠢᠭᠤᠯᠤᠯᠲᠡ ᠶᠢᠨ ᠵᠢᠱᠢᠶ᠎ᠡ ᠦᠵᠡᠭᠦᠯᠬᠦ ᠬᠤᠰᠢᠭᠤ ᠶᠢ ᠪᠠᠶᠢᠭᠤᠯᠤᠨ᠎ᠡ᠃ ᠪᠠᠶᠢᠭᠠᠯᠯᠢᠭ ᠨᠤᠳᠤᠭ ᠪᠡᠯᠴᠢᠭᠡᠷ | ᠤᠨ ᠰᠠᠶᠢᠵᠢᠷᠠᠭᠤᠯᠤᠯᠲᠡ ᠪᠤᠯᠤᠨ ᠵᠤᠬᠢᠶᠠᠮᠠᠯ ᠪᠡᠯᠴᠢᠭᠡᠷ ᠡᠪᠡᠰᠦ ᠶᠢ ᠤᠷᠭᠤᠭᠤᠯᠬᠤ᠂ ᠡᠪᠡᠰᠦ ᠪᠠᠯᠴᠢᠭᠡᠷ ᠤᠨ | ᠲᠤᠷᠰᠢᠯᠲᠡ ᠶᠢᠨ ᠭᠠᠵᠠᠷ ᠵᠠᠷᠭᠡ ᠲᠦᠷᠦᠯ ᠵᠦᠢᠯ ᠢ ᠬᠡᠷᠡᠭᠵᠢᠭᠦᠯᠵᠦ᠂ ᠰᠢᠷᠠᠮᠦ᠋ᠷᠡᠨ᠂ ᠮᠢᠩᠭᠠᠨ᠂ ᠮᠠᠨᠳᠣᠯ ᠪᠠᠯᠭᠠᠰᠣᠨ ᠤ | ᠲᠦᠮᠡᠨ ᠮᠦ ᠵᠤᠬᠢᠶᠠᠮᠠᠯ ᠪᠡᠯᠴᠢᠭᠡᠷ ᠢ ᠪᠠᠶᠢᠭᠤᠯᠵᠦ᠂ ᠡᠪᠡᠰᠦᠨ ᠦᠢᠯᠡᠳᠭᠦᠨ ᠤ ᠰᠤᠳᠤᠯᠭᠠᠨ ᠤ ᠲᠦᠪ ᠪᠤᠯᠤᠨ | ᠲᠤᠷᠰᠢᠯᠲᠡ ᠶᠢᠨ ᠰᠠᠭᠤᠷᠢᠨ ᠭᠠᠵᠠᠷ ᠢ ᠰᠢᠨ᠎ᠡ ᠪᠠᠷ ᠪᠠᠶᠢᠭᠤᠯᠤᠨ᠎ᠡ᠃ ᠲᠡᠯ᠎ᠡ ᠨᠤᠳᠤᠭ ᠤᠨ ᠬᠦᠷᠢᠶᠠᠯᠠᠨ | ᠪᠤᠶᠢᠵᠢᠭᠤᠯᠬᠤ ᠢᠨᠵᠧᠨᠧᠷᠢᠩ ᠢ ᠬᠡᠷᠡᠭᠵᠢᠭᠦᠯᠵᠦ᠂ ᠲᠠᠴᠢᠷᠲᠡᠨ ᠮᠠᠭᠤᠳᠠᠭᠰᠡᠨ ᠨᠤᠳᠤᠭ ᠪᠠᠯᠴᠢᠭᠡᠷ ᠤᠨ ᠵᠠᠰᠠᠨ | ᠰᠠᠶᠢᠵᠢᠷᠠᠭᠤᠯᠤᠯᠲᠡ ᠶᠢ ᠲᠦᠯᠬᠢᠨ ᠠᠬᠢᠭᠤᠯᠵᠦ᠂ ᠲᠠᠯ᠎ᠡ ᠨᠤᠳᠤᠭ ᠤᠨ ᠬᠤᠯᠤᠭᠠᠨ᠎ᠡ᠂ ᠬᠤᠤᠷᠲᠦ ᠬᠤᠷᠤᠬᠠᠢ ᠶᠢᠨ | ᠭᠠᠮᠰᠢᠭ ᠢ ᠰᠡᠷᠭᠡᠶᠢᠯᠡᠨ ᠵᠠᠰᠠᠨ᠎ᠡ᠃ ︽ᠨᠤᠳᠤᠭ ᠪᠠᠯᠴᠢᠭᠡᠷ ᠤᠨ ᠠᠮᠢ ᠠᠬᠤᠢ ᠶᠢᠨ ᠳ᠋ᠡᠶᠢᠲ᠋ᠡ ᠶᠢᠨ ᠬᠦᠮᠦᠷᠭᠡ︾ ᠶᠢᠨ | ᠪᠠᠶᠢᠭᠤᠯᠤᠯᠲᠡ ᠶᠢ ᠲᠦᠷᠭᠡᠳᠭᠡᠵᠦ᠂ ᠨᠤᠳᠤᠭ ᠪᠠᠯᠴᠢᠭᠡᠷ ᠤᠨ ᠠᠮᠢ ᠠᠬᠤᠢ ᠶᠢᠨ ᠬᠢᠨᠠᠨ ᠬᠡᠮᠵᠢᠵᠦ ᠬᠢᠨᠠᠨ ᠬᠠᠮᠢᠶᠠᠷᠬᠤ | ᠰᠢᠰᠲ᠋ᠧᠮ ᠢ ᠪᠦᠷᠢᠨᠰᠢᠭᠦᠯᠦᠨ ᠲᠡᠭᠦᠯᠲᠡᠷᠵᠢᠭᠦᠯᠦᠨ᠎ᠡ᠃ | ᠬᠤᠶᠠᠷ᠂ ︽ᠨᠤᠮᠢᠨ ᠲᠡᠯ᠎ᠡ︾ ᠢᠨᠵᠧᠨᠧᠷᠢᠩ ᠢ ᠬᠡᠷᠡᠭᠵᠢᠭᠦᠯᠦᠨ᠎ᠡ᠃ ᠪᠡᠭᠡᠵᠢᠩ ᠲᠢᠶᠠᠨᠵᠢᠨ ᠤᠷᠤᠨ ᠤ ᠡᠯᠡᠰᠦ | ᠰᠠᠯᠬᠢᠨ ᠤ ᠡᠬᠢ ᠶᠢ ᠵᠠᠰᠠᠬᠤ᠂ ᠲᠠᠷᠢᠶᠠᠯᠠᠬᠤ ᠶᠢ ᠵᠤᠭᠰᠤᠭᠠᠵᠦ ᠤᠢ ᠮᠤᠲᠦ ᠡᠪᠡᠰᠦ ᠪᠡᠯᠴᠢᠬᠡᠷ ᠢ ᠰᠡᠷᠭᠦᠭᠡᠬᠦ | ᠢᠨᠵᠧᠨᠧᠷᠢᠩ ᠢ 8.3 ᠲᠦᠮᠡᠨ ᠮᠦ ᠬᠡᠷᠡᠭᠵᠢᠭᠦᠯᠵᠦ᠂ ᠤᠢ ᠮᠤᠲᠦ ᠶᠢᠨ ᠵᠠᠰᠠᠯᠲᠡ ᠶᠢᠨ ᠲᠠᠯᠠᠪᠡᠢ ᠶᠢ 8.5 ᠲᠦᠮᠠᠨ | ᠮᠦ ᠰᠢᠨ᠎ᠡ ᠪᠠᠷ ᠨᠡᠮᠡᠭᠲᠡᠭᠦᠯᠦᠨ᠎ᠡ᠃ ᠭᠤᠤᠯᠳᠠᠯᠭᠠᠲᠦ ᠤᠷᠤᠨ ᠪᠦᠰᠡ ᠶᠢᠨ ᠨᠤᠭᠤᠭᠠᠷᠠᠭᠤᠯᠤᠯᠲᠡ ᠶᠢ ᠪᠠᠬᠢᠵᠢᠭᠦᠯᠤᠨ | ᠦᠷᠭᠡᠳᠭᠡᠵᠦ᠂ ᠬᠤᠲᠡ ᠪᠠᠯᠭᠠᠰᠤ᠂ ᠭᠠᠴᠠᠭ᠎ᠠ ᠲᠤᠰᠬᠤᠨ ᠪᠡ ᠵᠠᠰᠠᠮᠠᠯ ᠵᠠᠮ᠂ ᠦᠢᠯᠡᠳᠪᠦᠷᠢ ᠠᠭᠤᠷᠬᠠᠢ᠂ ᠬᠦᠷᠢᠶᠠᠯᠠᠩ | ᠲᠤᠭᠤᠷᠢᠭ ᠤᠨ ᠨᠢᠭᠡ ᠴᠤᠭᠴᠠᠵᠢᠭᠰᠡᠨ ᠨᠤᠭᠤᠭᠠᠷᠠᠭᠤᠯᠤᠯᠲᠡ ᠶᠢᠨ ᠠᠵᠢᠯᠯᠠᠭ᠎ᠠ ᠶᠢ ᠦᠷᠨᠢᠭᠦᠯᠵᠦ᠂ ᠭᠠᠵᠠᠷ ᠰᠢᠷᠦᠢ | ᠶᠢᠨ ᠨᠤᠭᠤᠭᠠᠷᠠᠭᠤᠯᠤᠯᠲᠡ ᠶᠢᠨ ᠲᠠᠯᠠᠪᠠᠢ ᠶᠢ 3000 ᠮᠦ ᠠᠴᠠ ᠲᠡᠭᠡᠭᠰᠢ ᠰᠢᠨ᠎ᠡ ᠪᠠᠷ ᠨᠡᠮᠡᠭᠳᠠᠭᠦᠯᠦᠨᠡ᠃ ᠪᠠᠶᠢᠭᠠᠯᠢ | ᠶᠢᠨ ᠤᠢ ᠶᠢᠨ ᠬᠠᠮᠠᠭᠠᠯᠠᠯᠲᠡ ᠶᠢ ᠴᠢᠩᠭᠠᠳᠬᠠᠵᠦ᠂ 2 ᠲᠦᠮᠡᠨ ᠮᠦ ᠤᠷᠭᠤᠴᠡ ᠮᠠᠭᠤᠲᠠᠢ ᠤᠢ ᠶᠢ | ᠰᠠᠶᠢᠵᠢᠷᠠᠭᠤᠯᠤᠨ᠎ᠡ᠃ ᠠᠵᠦ ᠠᠬᠤᠢ ᠶᠢᠨ ᠤᠢ ᠶᠢᠨ ᠦᠢᠯᠡᠰ ᠢ ᠬᠦᠭᠵᠢᠭᠦᠯᠵᠦ᠂ 3 ᠤᠢ ᠶᠢᠨ ᠦᠢᠯᠡᠰ ᠤᠨ ᠠᠵᠦ | ᠠᠬᠤᠢ ᠶᠢᠨ ᠵᠢᠱᠢᠶ᠎ᠡ ᠦᠵᠡᠭᠦᠯᠬᠦ ᠬᠤᠷᠰᠢᠶᠠᠵᠢᠯ᠂ ᠲᠦᠮᠡᠨ ᠮᠦ ᠶᠢᠨ ᠡᠪᠡᠰᠦ ᠪᠤᠶᠢᠵᠢᠭᠤᠯᠬᠤ ᠵᠢᠱᠢᠶ᠎ᠠ ᠦᠵᠡᠭᠦᠯᠬᠦ | ᠤᠷᠤᠨ 2 ᠢ ᠪᠠᠶᠢᠭᠤᠯᠵᠦ᠂ ᠠᠵᠦ ᠠᠬᠤᠢ ᠶᠢᠨ ᠤᠢ ᠶᠢ 5000 ᠮᠦ ᠠᠴᠠ ᠲᠡᠭᠡᠭᠰᠢ ᠰᠢᠨ᠎ᠡ ᠪᠠᠷ ᠤᠶᠢᠵᠢᠭᠤᠯᠤᠨᠡ᠃ | | ᠭᠤᠷᠪᠡ᠂ ︽ᠴᠩᠭᠡᠷ ᠤᠭᠳᠠᠷᠭᠤᠢ︾ ᠢᠨᠵᠧᠨᠧᠷᠢᠩ ᠢ ᠬᠡᠷᠡᠭᠵᠢᠭᠦᠯᠦᠨ᠎ᠡ᠃ ︽ᠠᠭᠠᠷ ᠮᠠᠨᠳᠡᠯ ᠤᠨ ᠪᠤᠬᠢᠷᠳᠤᠯ ᠢ | ᠵᠠᠰᠠᠵᠦ᠂ ᠨᠡᠭᠦᠷᠡᠰᠦᠨ ᠰᠢᠲᠠᠭᠠᠯᠭ᠎ᠠ ᠶᠢ ᠪᠠᠭᠠᠰᠬᠠᠵᠦ᠂ ᠲᠤᠭᠤᠰᠤ ᠰᠢᠷᠦᠢ ᠶᠢᠨ ᠬᠡᠮᠵᠢᠶ᠎ᠡ ᠶᠢ ᠪᠠᠭᠤᠷᠠᠭᠤᠯᠵᠦ᠂ ᠲᠡᠷᠭᠡ | ᠬᠦᠰᠭᠡ ᠶᠢᠨ ᠲᠤᠭ᠎ᠠ ᠶᠢ ᠬᠢᠵᠠᠭᠠᠷᠯᠠᠵᠦ᠂ ᠴᠢᠩᠭ᠎ᠠ ᠬᠠᠮᠢᠶᠠᠷᠤᠯᠲᠡ ᠶᠠᠪᠤᠭᠤᠯᠬᠤ︾ ᠲᠠᠪᠤᠨ ᠵᠠᠷᠴᠢᠮ ᠢ ᠡᠷᠴᠢᠮᠲᠠᠢ | ᠨᠡᠶᠢᠳᠠᠪᠤᠷᠢᠵᠢᠭᠤᠯᠵᠦ᠂ ᠪᠤᠯᠤᠳ ᠲᠠᠮᠦᠷ ᠵᠠᠷᠭᠡ ᠠᠵᠦ ᠦᠢᠯᠡᠰ ᠪᠡ ᠦᠢᠯᠡᠳᠪᠦᠷᠢ ᠶᠢᠨ ᠲᠤᠭᠤᠷᠢᠭ ᠤᠨ ᠲᠤᠰᠬᠠᠢ | ᠵᠠᠰᠠᠨ ᠴᠡᠭᠴᠡᠯᠡᠬᠦ ᠠᠵᠢᠯᠯᠠᠭ᠎ᠠ ᠶᠢ ᠦᠷᠨᠢᠭᠦᠯᠦᠨ᠎ᠡ᠃ ᠹᠦ᠋ ᠯᠧᠢ ᠢᠯᠴᠢ ᠶᠢᠨ ᠬᠦᠴᠦᠨ ᠤ ᠬᠦᠸᠧᠯᠦ ᠶᠢᠨ | ᠪᠠᠷᠢᠮᠵᠢᠶᠠᠲᠦ ᠰᠠᠶᠢᠵᠢᠷᠠᠭᠤᠯᠤᠯᠲᠡ ᠶᠢ ᠬᠡᠷᠡᠭᠵᠢᠭᠦᠯᠵᠦ᠂ ᠨᠠᠭᠦᠷᠡᠰᠦᠨ ᠰᠢᠳᠠᠭᠠᠯᠭ᠎ᠠ ᠶᠢᠨ ᠵᠠᠰᠠᠯᠲᠡ᠂ ᠨᠡᠭᠦᠷᠡᠰᠦ | ᠰᠢᠳᠠᠭᠠᠬᠤ ᠬᠦᠸᠧᠯᠦ ᠶᠢᠨ ᠰᠠᠶᠢᠵᠢᠷᠠᠭᠤᠯᠤᠯᠲᠡ ᠶᠢ ᠲᠦᠷᠭᠡᠳᠭᠡᠵᠦ᠂ ᠬᠤᠲᠡ ᠲᠤᠭᠤᠷᠢᠭ ᠤᠨ10 ᠲᠤᠨ ᠠᠴᠠ | ᠲᠡᠭᠡᠭᠰᠢ ᠨᠡᠭᠦᠷᠡᠰᠦ ᠰᠢᠳᠠᠭᠠᠬᠤ ᠬᠦᠸᠧᠯᠦ ᠶᠢ ᠰᠢᠯᠢᠵᠦ ᠠᠷᠢᠯᠭᠠᠨ᠎ᠡ᠃ ᠵᠠᠮ᠂ ᠪᠠᠷᠢᠯᠭ᠎ᠠ ᠶᠢᠨ ᠭᠠᠵᠠᠷ ᠵᠡᠷᠭᠡ ᠶᠢᠨ | ᠰᠢᠷᠤᠢ ᠲᠤᠭᠤᠰᠤᠨ ᠤ ᠪᠤᠬᠢᠷᠲᠤᠯ ᠢ ᠰᠡᠷᠭᠡᠶᠢᠯᠡᠨ ᠵᠠᠰᠠᠵᠦ᠂ ᠲᠤᠰᠤ ᠨᠡᠮᠡᠬᠦ ᠦᠷᠲᠡᠭᠡ᠂ ᠬᠠᠳᠠᠭᠠᠯᠠᠮᠵᠢ ᠶᠢᠨ ᠬᠦᠮᠦᠷᠭᠡ | ᠶᠢᠨ ᠲᠡᠭᠲᠡᠮᠡᠭᠡᠢ ᠤᠷᠭᠠᠨᠢᠭ ᠪᠤᠳᠠᠰ ᠤᠨ ᠵᠠᠰᠠᠯᠲᠡ ᠶᠢ ᠴᠢᠩᠭᠠᠳᠬᠠᠨ᠎ᠡ᠃ ᠡᠰᠢ ᠰᠦᠷᠡᠯ᠂ ᠬᠤᠭ ᠨᠤᠪᠰᠢ ᠰᠢᠳᠠᠭᠠᠬᠤ | ᠶᠢ ᠴᠢᠩᠭ᠎ᠠ ᠬᠢᠵᠠᠭᠠᠷᠯᠠᠵᠦ᠂ ᠬᠤᠲᠡ ᠲᠤᠭᠤᠷᠢᠭ ᠤᠨ ᠢᠯᠡ ᠰᠢᠷᠠᠯᠠᠭ᠎ᠠ ᠶᠢ ᠪᠦᠬᠦ ᠲᠡᠯ᠎ᠡ ᠪᠠᠷ ᠵᠠᠰᠠᠨ ᠴᠡᠭᠴᠡᠯᠡᠵᠦ᠂ | ᠢᠳᠡᠭᠡᠨ ᠤᠮᠳᠠᠭᠠᠨ ᠤ ᠦᠢᠯᠡᠰ ᠤᠨ ᠲᠤᠰᠤ ᠤᠳᠤᠭ᠎ᠠ ᠶᠢ ᠴᠡᠪᠡᠷᠰᠢᠭᠦᠯᠬᠦ ᠲᠦᠭᠦᠭᠡᠷᠦᠮᠵᠢ ᠤᠭᠰᠠᠷᠠᠬᠤ ᠨᠤᠷᠮ᠎ᠡ ᠶᠢ | 100% ᠳᠤ ᠬᠦᠷᠭᠡᠵᠦ᠂ ᠪᠦᠬᠦ ᠵᠢᠯ ᠤᠨ ᠬᠢᠮᠢ ᠶᠢᠨ ᠬᠦᠴᠢᠯᠳᠤᠷᠦᠭᠴᠢ ᠬᠡᠷᠡᠭᠰᠡᠬᠦ ᠬᠡᠮᠵᠢᠶ᠎ᠡ ᠶᠢ 50 ᠲᠤᠨ᠂ | ᠰᠢᠪᠲᠦᠷᠲᠦ ᠠᠽᠣᠲ ᠶᠢ 30 ᠲᠤᠨ᠂ ᠬᠦᠬᠦᠷ ᠤᠨ ᠳᠠᠪᠬᠤᠷ ᠢᠰᠤᠯ ᠢ 280 ᠲᠤᠨ᠂ ᠠᠽᠣᠲ ᠤᠨ ᠢᠰᠣᠮᠡᠭ ᠢ | 200 ᠲᠤᠨ ᠢᠶᠠᠷ ᠪᠠᠭᠤᠷᠠᠭᠤᠯᠵᠦ᠂ ᠠᠭᠠᠷ ᠮᠠᠨᠳᠠᠯ ᠤᠨ ᠤᠷᠴᠢᠨ ᠲᠤᠭᠤᠷᠢᠨ ᠤ ᠴᠢᠨᠠᠷ ᠴᠢᠨᠰᠠᠭ᠎ᠠ ᠶᠢ | ᠦᠷᠭᠦᠯᠵᠢᠯᠡᠨ ᠰᠠᠶᠢᠵᠢᠷᠠᠭᠤᠯᠤᠨ᠎ᠡ᠃ | ᠲᠦᠷᠪᠡ᠂ ︽ᠴᠡᠪᠡᠷ ᠤᠰᠤ︾ ᠶᠢᠨ ᠢᠨᠵᠧᠨᠧᠷᠢᠩ ᠢ ᠬᠡᠷᠡᠭᠵᠢᠭᠦᠯᠦᠨ᠎ᠡ᠃ ᠤᠰᠤᠨ ᠤ ᠠᠮᠢ ᠠᠬᠤᠢ ᠶᠢᠨ | ᠤᠷᠴᠢᠨ ᠨᠦᠬᠦᠴᠡᠯ ᠢ ᠬᠠᠮᠠᠭᠠᠯᠠᠬᠤ ᠪᠡ ᠵᠠᠰᠠᠨ ᠰᠠᠶᠢᠵᠢᠷᠠᠭᠤᠯᠬᠤ ᠶᠢ ᠴᠢᠩᠭᠠᠷᠠᠭᠤᠯᠵᠦ᠂ ᠪᠠᠳᠤᠬᠠᠭᠠᠯᠭ᠎ᠠ ᠪᠠᠯᠭᠠᠰᠤᠨ | ᠤ ᠴᠢᠨᠠᠷ ᠢᠯᠭᠠᠨ ᠤᠰᠤ ᠬᠠᠩᠭᠠᠬᠤ ᠢᠨᠵᠧᠨᠧᠷᠢᠩ ᠢ ᠲᠦᠷᠭᠡᠳᠭᠡᠨ ᠠᠬᠢᠭᠤᠯᠵᠦ᠂ ᠬᠠᠩᠭᠠᠯᠭ᠎ᠠ ᠶᠢᠨ ᠨᠤᠷᠮ᠎ᠡ ᠶᠢ | 30% ᠠᠴᠠ ᠲᠡᠭᠡᠭᠰᠢ ᠪᠠᠶᠢᠯᠭᠠᠵᠦ᠂ ᠬᠤᠲᠡ ᠬᠦᠲᠡᠭᠡ ᠶᠢᠨ ᠤᠰᠤᠨ ᠤ ᠴᠢᠨᠠᠷ ᠤᠨ ᠬᠢᠨᠠᠨ ᠬᠡᠮᠵᠢᠯᠲᠡ ᠶᠢᠨ | ᠪᠦᠷᠭᠦᠭᠦᠯᠲᠡ ᠶᠢ ᠦᠨᠳᠦᠰᠦᠨ ᠳᠡᠭᠡᠨ ᠪᠡᠶᠡᠯᠡᠭᠦᠯᠦᠨ᠎ᠡ᠃ ᠪᠠᠷᠠᠭᠤᠨ ᠠᠵᠦ ᠦᠢᠯᠡᠳᠪᠦᠷᠢ ᠶᠢᠨ ᠲᠤᠭᠤᠷᠢᠭ ᠤᠨ | ᠪᠤᠵᠠᠷ ᠤᠰᠤ ᠶᠢ ᠰᠢᠢᠳᠪᠦᠷᠢᠯᠡᠬᠦ᠂ ᠬᠤᠪᠤᠷ ᠰᠢᠷᠤᠢ ᠶᠢᠨ ᠠᠭᠤᠷᠬᠠᠢ ᠶᠢᠨ ᠪᠤᠵᠠᠷ ᠤᠰᠤ ᠶᠢ ᠰᠢᠢᠳᠪᠦᠷᠢᠯᠡᠬᠦ᠂ | ᠨᠡᠭᠦᠷᠡᠰᠦᠷᠦᠷᠦᠭᠴᠢ ᠶᠢᠨ ᠰᠠᠪᠤᠩᠵᠢᠭᠤᠯᠤᠯᠲᠡ ᠶᠢᠨ ᠪᠤᠵᠠᠷ ᠤᠰᠤ ᠶᠢ ᠵᠠᠰᠠᠨ ᠰᠠᠶᠢᠵᠢᠷᠠᠭᠤᠯᠬᠤ ᠵᠠᠷᠭᠡ ᠲᠦᠷᠦᠯ | ᠵᠦᠢᠯ ᠢ ᠬᠡᠷᠡᠭᠵᠢᠭᠦᠯᠵᠦ᠂ ᠪᠠᠲᠤᠬᠠᠭᠠᠯᠭ᠎ᠠ ᠶᠢᠨ ᠪᠤᠵᠠᠷ ᠤᠰᠤ ᠰᠢᠢᠳᠪᠦᠷᠢᠯᠡᠬᠦ ᠲᠦᠭᠦᠭᠡᠷᠦᠮᠵᠢ ᠶᠢ ᠵᠠᠰᠠᠨ | ᠰᠠᠶᠢᠵᠢᠷᠠᠭᠤᠯᠵᠦ᠂ ᠪᠤᠵᠠᠷ ᠤᠰᠤ ᠬᠤᠷᠠᠮᠳᠤᠭᠤᠯᠬᠤ ᠬᠤᠭᠤᠯᠠᠢ ᠶᠢᠨ ᠲᠤᠤᠷ ᠤᠨ ᠪᠦᠲᠦᠭᠡᠨ ᠪᠠᠶᠢᠭᠤᠯᠤᠯᠲᠡ ᠶᠢ | ᠠᠬᠢᠭᠤᠯᠵᠦ᠂ ᠲᠠᠬᠢᠨ ᠠᠰᠢᠭᠯᠠᠵᠦ ᠪᠤᠯᠬᠤ ᠤᠰᠤᠨ ᠤ ᠡᠭᠡᠭᠦᠯᠦᠨ ᠬᠡᠷᠡᠭᠯᠡᠬᠦ ᠨᠤᠷᠮ᠎ᠡ ᠶᠢ ᠲᠡᠭᠡᠭᠰᠢᠯᠡᠭᠦᠯᠦᠨ᠎ᠡ᠃ ᠵᠢᠵᠢᠭ | ᠤᠷᠤᠰᠬᠠᠯ ᠤᠨ ᠤᠷᠤᠨ ᠤ ᠶᠡᠷᠦᠩᠬᠡᠢ ᠵᠠᠰᠠᠯᠲᠡ ᠶᠢ ᠦᠷᠭᠦᠯᠵᠢᠯᠡᠨ ᠬᠡᠷᠡᠭᠵᠢᠭᠦᠯᠵᠦ᠂ ᠤᠰᠤ ᠬᠦᠷᠦᠰᠦ ᠶᠢ | ᠬᠠᠮᠠᠭᠠᠯᠠᠨ ᠵᠠᠰᠠᠬᠤ ᠲᠠᠯᠠᠪᠠᠢ ᠶᠢ 4.5 ᠲᠦᠮᠡᠨ ᠮᠦ ᠳᠤ ᠪᠠᠶᠢᠯᠭᠠᠵᠦ᠂ ᠤᠰᠤ ᠠᠷᠪᠢᠯᠠᠬᠤ ᠤᠰᠤᠯᠠᠯᠭ᠎ᠠ ᠶᠢᠨ | ᠲᠠᠯᠠᠪᠠᠢ ᠶᠢ 5.1 ᠲᠦᠮᠡᠨ ᠮᠦ ᠰᠢᠨ᠎ᠡ ᠪᠠᠷ ᠨᠡᠮᠡᠭᠳᠡᠭᠦᠯᠦᠨ᠎ᠡ᠃ | ᠲᠠᠪᠦ᠂ ︽ᠰᠢᠮᠡᠯᠢᠭ ᠬᠦᠷᠦᠰᠦ︾ ᠶᠢᠨ ᠢᠨᠵᠧᠨᠧᠷᠢᠩ ᠢ ᠬᠡᠷᠡᠭᠵᠢᠭᠦᠯᠦᠨ᠎ᠡ᠃ ᠬᠦᠷᠦᠰᠦ ᠰᠢᠷᠣᠢ ᠶᠢᠨ ᠪᠤᠬᠢᠷᠳᠤᠯ | ᠤᠨ ᠪᠠᠶᠢᠲᠡᠯ ᠳᠤ ᠨᠠᠷᠢᠨ ᠪᠠᠶᠢᠴᠠᠭᠠᠯᠲᠡ ᠵᠢᠴᠢ ᠦᠨᠡᠯᠡᠯᠲᠡ ᠬᠢᠵᠦ᠂ ᠬᠦᠨᠲᠦ ᠪᠤᠬᠢᠷᠲᠤᠯ ᠲᠠᠢ ᠦᠢᠯᠡᠳᠪᠦᠷᠢ | ᠠᠭᠤᠷᠬᠠᠢ ᠶᠢᠨ ᠠᠬᠤᠶᠢᠯᠠᠯ᠂ ᠬᠠᠶᠠᠭᠳᠠᠮᠠᠯ ᠪᠤᠲᠡᠰ ᠤᠨ ᠲᠠᠯᠠᠪᠠᠢ ᠶᠢᠨ ᠬᠦᠷᠦᠰᠦ ᠰᠢᠷᠤᠢ ᠶᠢ ᠵᠠᠰᠠᠨ ᠰᠡᠷᠭᠦᠭᠡᠬᠦ | ᠠᠵᠢᠯ ᠢ ᠦᠷᠨᠢᠭᠦᠯᠦᠨ᠎ᠡ᠃ ᠦᠯᠡᠳᠡᠭᠲᠡᠯ ᠬᠦᠲᠡᠷ᠂ ᠠᠶᠦᠯᠲᠦ ᠬᠠᠶᠠᠭᠳᠠᠮᠠᠯ ᠡᠳ᠋᠂ ᠰᠠᠴᠤᠷᠠᠭ ᠢᠲᠡᠪᠬᠢ ᠬᠠᠶᠠᠭᠳᠠᠮᠠᠯ | ᠪᠤᠳᠠᠰ ᠤᠨ ᠠᠶᠦᠯᠭᠦᠢ ᠶᠢᠨ ᠰᠢᠢᠳᠪᠦᠷᠢᠯᠠᠯᠲᠡ ᠶᠢ ᠴᠢᠩᠭᠠᠳᠬᠠᠵᠦ᠂ ᠠᠭᠤᠷᠬᠠᠢ ᠶᠢᠨ ᠡᠬᠢ ᠪᠠᠶᠠᠯᠢᠭ ᠤᠨ ᠨᠡᠭᠡᠭᠡᠨ | ᠠᠰᠢᠭᠯᠠᠯᠲᠡ ᠳᠠᠬᠢ ᠰᠢᠨ᠎ᠡ ᠪᠤᠬᠢᠷᠳᠤᠯ ᠢ ᠴᠢᠩᠭ᠎ᠠ ᠰᠡᠷᠭᠡᠶᠢᠯᠡᠨ᠎ᠡ᠃ ᠠᠭᠤᠷᠬᠠᠢ ᠶᠢᠨ ᠭᠠᠵᠠᠷ ᠤᠨ ᠤᠷᠴᠢᠨ | ᠲᠤᠭᠤᠷᠢᠨ ᠪᠠ ᠦᠢᠯᠡᠳᠪᠦᠷᠢ ᠠᠭᠤᠷᠬᠠᠢ ᠶᠢᠨ ᠬᠠᠶᠠᠭᠳᠠᠮᠠᠯ ᠭᠠᠵᠠᠷ ᠤᠨ ᠶᠡᠷᠦᠩᠬᠡᠢ ᠵᠠᠰᠠᠯᠲᠡ ᠶᠢ ᠲᠦᠷᠭᠡᠳᠭᠡᠵᠦ᠂ | ᠤᠷᠴᠢᠨ ᠠᠬᠤᠢ ᠶᠢ ᠬᠦᠨᠲᠦ ᠨᠤᠴᠢᠲᠠᠢ ᠡᠪᠲᠡᠭᠰᠡᠨ᠂ ᠭᠠᠷ ᠭᠦᠢᠴᠡᠳᠭᠡᠯ ᠪᠦᠷᠢᠨ ᠪᠤᠰᠦ ᠦᠢᠯᠡᠳᠪᠦᠷᠢ ᠠᠭᠤᠷᠬᠠᠢ | ᠶᠢᠨ ᠠᠬᠤᠶᠢᠯᠠᠯ ᠢ ᠵᠤᠭᠰᠤᠭᠠᠵᠦ᠂ ︽ᠪᠤᠬᠢᠷᠳᠤᠯ ᠦᠭᠡᠢ ᠠᠭᠤᠷᠬᠠᠢ︾ ᠶᠢ ᠪᠦᠲᠦᠭᠡᠨ ᠪᠠᠶᠢᠭᠤᠯᠤᠨ᠎ᠡ᠃ ᠲᠠᠷᠢᠶᠠᠯᠠᠩ ᠤᠨ | ᠡᠮ᠂ ᠬᠢᠮᠢ ᠶᠢᠨ ᠪᠤᠷᠳᠤᠭᠤᠷ᠂ ᠽᠧᠯᠹᠤᠨ ︵ᠰᠦᠯᠢᠶᠤᠤ ᠪᠦᠷᠬᠦᠪᠴᠢ︶ ᠬᠡᠷᠡᠭᠯᠡᠬᠦ ᠬᠡᠮᠵᠢᠶ᠎ᠡ ᠶᠢ ᠪᠠᠭᠠᠰᠬᠠᠵᠦ᠂ ᠬᠦᠷᠦᠰᠦ | ᠰᠢᠷᠤᠢ ᠶᠢᠨ ᠤᠯᠠᠨ ᠡᠬᠢᠲᠦ ᠪᠤᠬᠢᠷᠲᠤᠯ ᠢ ᠠᠷᠢᠯᠭᠠᠬᠤ ᠶᠤᠰᠤᠲᠠᠢ᠃ ᠲᠡᠭᠷᠢ ᠨᠠᠭᠤᠷ ᠤᠨ ᠨᠦᠬᠦᠪᠦᠷᠢ ᠲᠠᠷᠢᠶᠠᠨ | ᠭᠠᠵᠠᠷ ᠤᠨ ᠲᠦᠷᠦᠯ ᠵᠦᠢᠯ ᠢ ᠬᠡᠷᠡᠭᠵᠢᠭᠦᠯᠵᠦ᠂ ᠲᠠᠷᠢᠶᠠᠯᠠᠬᠤ ᠤᠷᠤᠨ ᠤ 9 ᠭᠠᠵᠠᠷ ᠰᠢᠷᠤᠢ ᠲᠡᠭᠰᠢᠯᠡᠬᠦ ᠲᠦᠷᠦᠯ | ᠵᠦᠢᠯ ᠢ ᠪᠠᠶᠠᠯᠡᠭᠦᠯᠵᠦ᠂ ᠤᠰᠤᠯᠠᠯᠭ᠎ᠠ ᠶᠢᠨ ᠲᠠᠷᠢᠶ᠎ᠡ ᠶᠢ 1 ᠲᠦᠮᠡᠨ ᠮᠦ ᠰᠢᠨ᠎ᠡ ᠪᠠᠷ ᠨᠡᠮᠡᠭᠲᠡᠭᠦᠯᠦᠨ᠎ᠡ᠃ | ︵ᠲᠠᠪᠦ︶ ᠦᠭᠡᠷᠡᠴᠢᠯᠡᠯᠲᠡ ᠨᠡᠭᠡᠭᠡᠯᠲᠡ ᠶᠢ ᠬᠦᠨᠵᠡᠭᠡᠶᠢᠷᠡᠭᠦᠯᠵᠦ᠂ ᠬᠦᠭᠵᠢᠯᠲᠡ ᠶᠢᠨ ᠠᠮᠢᠵᠢᠷᠠᠯ ᠤᠨ ᠬᠦᠴᠦᠨ | ᠪᠤᠯᠤᠨ ᠬᠦᠲᠡᠯᠭᠡᠭᠴᠢ ᠬᠦᠴᠦᠨ ᠢ ᠨᠡᠮᠡᠭᠳᠡᠭᠦᠯᠦᠨ᠎ᠡ᠃ | ᠨᠢᠭᠡ᠂ ᠪᠤᠲᠠᠲᠦ ᠠᠷᠭ᠎ᠠ ᠬᠡᠮᠵᠢᠶ᠎ᠡ ᠠᠪᠴᠦ ᠦᠭᠡᠷᠡᠴᠢᠯᠡᠯᠲᠡ ᠶᠢ ᠠᠬᠢᠭᠤᠯᠤᠨ᠎ᠡ᠃ ᠬᠤᠯᠢᠮᠠᠭ ᠦᠮᠴᠢᠯᠠᠯ ᠤᠨ | ᠠᠵᠦ ᠠᠬᠤᠢ ᠶᠢ ᠬᠦᠭᠵᠢᠭᠦᠯᠵᠦ᠂ ᠪᠡᠯᠡ ᠤᠷᠤᠭᠤᠯᠤᠨ ᠬᠤᠳᠠᠯᠳᠤᠭ᠎ᠠ ᠮᠠᠶᠢᠮᠠᠢ ᠬᠢᠬᠦ ᠤᠷᠴᠢᠨ ᠨᠦᠬᠦᠴᠡᠯ ᠢ | ᠰᠢᠯᠢᠲᠡᠭᠵᠢᠭᠦᠯᠬᠦ ᠠᠵᠢᠯᠯᠠᠭ᠎ᠠ ᠦᠷᠨᠢᠭᠦᠯᠵᠦ᠂ ᠵᠠᠰᠠᠭ ᠬᠤᠳᠠᠯᠳᠤᠭᠠᠨ ᠤ ᠲᠤᠳᠤᠨᠤ ᠴᠢᠭᠡᠴᠢ ᠰᠢᠨ᠎ᠡ ᠬᠡᠯᠪᠠᠷᠢ ᠶᠢᠨ | ᠬᠠᠷᠢᠴᠠᠭ᠎ᠠ ᠶᠢ ᠪᠠᠶᠢᠭᠤᠯᠤᠨ᠎ᠡ᠃ ᠡᠳ᠋ ᠤᠨ ᠵᠠᠰᠠᠭ ᠤᠨ ᠲᠦᠰᠦᠪ ᠤᠨ ᠬᠠᠮᠢᠶᠠᠷᠤᠯᠲᠡ ᠶᠢᠨ ᠲᠦᠷᠢᠮ ᠤᠨ | ᠦᠭᠡᠷᠡᠴᠢᠯᠡᠯᠲᠡ ᠶᠢ ᠠᠬᠢᠭᠤᠯᠵᠦ᠂ ᠴᠢᠬᠤᠯᠡ ᠵᠠᠷᠤᠯᠭ᠎ᠠ ᠶᠢᠨ ᠪᠠᠲᠤᠯᠠᠭ᠎ᠠ ᠶᠢᠨ ᠲᠤᠭᠲᠠᠴᠡ ᠶᠢ ᠲᠡᠭᠦᠯᠲᠡᠷᠵᠢᠭᠦᠯᠵᠦ᠂ | ᠡᠳ᠋ ᠤᠨ ᠵᠠᠰᠠᠭ ᠤᠨ ᠪᠡᠯᠡ ᠮᠦᠩᠭᠦᠨ ᠤ ᠬᠡᠷᠡᠭᠯᠡᠭᠡᠨ ᠤ ᠠᠰᠢᠭ ᠢ ᠦᠨᠡᠨᠬᠦ ᠲᠡᠭᠡᠭᠰᠢᠯᠡᠭᠦᠯᠦᠨ᠎ᠡ᠃ ︽ᠭᠤᠷᠪᠠᠨ | ᠲᠠᠩᠰᠡ ᠨᠢᠭᠡ ᠭᠠᠷᠴᠠᠭ︾ ᠤᠨ ᠲᠦᠷᠢᠮ ᠢ ᠭᠤᠤᠯᠳᠠᠯᠭ᠎ᠠ ᠲᠠᠢ ᠨᠠᠶᠢᠳᠠᠪᠤᠷᠢᠵᠢᠭᠤᠯᠵᠦ᠂ ᠡᠷᠭᠡ ᠬᠠᠷᠢᠭᠤᠴᠠᠯᠭ᠎ᠠ ᠶᠢᠨ | ᠨᠠᠷᠢᠨ ᠲᠠᠩᠰᠡ ᠶᠢ ᠬᠦᠲᠡᠯᠦᠩᠭᠦᠢ ᠲᠤᠬᠢᠷᠠᠭᠤᠯᠤᠨ ᠨᠡᠶᠢᠲᠡᠯᠡᠵᠦ᠂ ︽ᠦᠨᠡᠮᠯᠡᠯ ᠢ ᠪᠠᠭᠠᠰᠬᠠᠵᠦ ᠠᠷᠠᠳ ᠲᠤ ᠲᠦᠭᠦᠮ | ᠦᠵᠡᠭᠦᠯᠬᠦ︾ ᠲᠤᠰᠬᠠᠢ ᠠᠵᠢᠯᠯᠠᠭᠠᠨ ᠦᠷᠨᠢᠭᠦᠯᠵᠦ᠂ ᠡᠯ᠎ᠡ ᠲᠦᠷᠦᠯ ᠤᠨ ᠦᠨᠡᠮᠯᠡᠬᠦ ᠪᠢᠴᠢᠭ ᠮᠠᠲ᠋ᠧᠷᠢᠶᠠᠯ ᠪᠡ ᠭᠠᠷ | ᠭᠦᠢᠴᠡᠳᠭᠡᠯ ᠢ ᠢᠯᠭᠠᠨ ᠠᠷᠢᠯᠭᠠᠵᠦ᠂ ︽ᠤᠯᠠᠨ ᠤᠨᠠᠮᠯᠡᠯ ᠢ ᠨᠡᠶᠢᠯᠡᠭᠦᠯᠬᠦ︾ ᠵᠠᠷᠭᠡ ᠬᠤᠳᠠᠯᠳᠤᠭᠠᠨ ᠤ ᠶᠠᠪᠤᠳᠠᠯ ᠤᠨ | ᠲᠦᠷᠢᠮ ᠤᠨ ᠦᠭᠡᠷᠡᠴᠢᠯᠡᠯᠲᠡ ᠶᠢ ᠠᠬᠢᠭᠤᠯᠵᠦ᠂ ︽ᠬᠤᠤᠰ ᠲᠠᠰᠢᠷᠠᠮ ᠢᠶᠠᠷ᠂ ᠨᠢᠭᠡ ᠢᠯᠡ ᠪᠤᠯᠭᠠᠬᠤ︾ ᠬᠢᠨᠠᠨ | ᠬᠠᠮᠢᠶᠠᠷᠬᠤ ᠬᠡᠯᠪᠡᠷᠢ ᠶᠢ ᠦᠨᠳᠦᠰᠦᠨ ᠳᠡᠭᠡᠨ ᠪᠦᠷᠭᠦᠭᠦᠯᠵᠦ᠂ ᠵᠠᠰᠠᠭ ᠤᠨ ᠶᠠᠪᠤᠳᠡᠯ ᠤᠨ ᠦᠢᠯᠡᠴᠢᠯᠡᠭᠡᠨ ᠤ ︽ᠪᠦᠷᠢᠨ | ᠰᠦᠯᠵᠢᠶ᠎ᠡ︾ ᠶᠢ ᠲᠡᠭᠦᠯᠲᠡᠷᠵᠢᠭᠦᠯᠵᠦ᠂ ᠪᠤᠲᠠᠲᠦ ᠪᠡᠶ᠎ᠡ ᠶᠢᠨ ᠵᠠᠰᠠᠭ ᠤᠨ ᠶᠠᠪᠤᠳᠠᠯ ᠤᠨ ᠲᠢᠩᠭᠢᠮ᠂ ᠰᠦᠯᠵᠢᠶᠠᠨ | ᠲᠡᠭᠡᠷ᠎ᠡ ᠠᠵᠢᠯ ᠶᠠᠪᠤᠳᠠᠯ ᠭᠦᠢᠴᠡᠳᠭᠡᠬᠦ ᠲᠢᠩᠭᠢᠮ ᠤᠨ ᠠᠭᠤᠰᠤᠯᠴᠠᠨ ᠬᠦᠭᠵᠢᠬᠦ ᠶᠢ ᠠᠬᠢᠭᠤᠯᠤᠨ᠎ᠡ᠃ ᠡᠷᠦᠭᠡ ᠠᠮᠠ | ᠶᠢᠨ ᠲᠠᠩᠰᠡ ᠡᠪᠭᠡᠮᠡᠯ ᠤᠨ ᠪᠠᠶᠢᠭᠤᠯᠤᠯ ᠤᠨ ᠦᠭᠡᠷᠡᠴᠢᠯᠡᠯᠲᠡ ᠶᠢ ᠲᠦᠷᠭᠡᠳᠭᠡᠵᠦ᠂ ᠦᠪᠡᠷᠲᠡᠭᠡᠨ ᠵᠠᠰᠠᠬᠤ ᠤᠷᠤᠨ ᠤ | ᠡᠷᠦᠭᠡ ᠠᠮᠡ ᠶᠢᠨ ᠲᠠᠩᠰᠡ ᠦᠭᠡᠢ ᠬᠦᠮᠦᠰ ᠢ ᠪᠦᠷᠢᠳᠭᠡᠨ ᠲᠠᠩᠰᠠᠯᠠᠭᠤᠯᠬᠤ ᠲᠦᠷᠦ ᠶᠢᠨ ᠪᠤᠳᠤᠯᠭ᠎ᠠ ᠶᠢ | ᠨᠠᠶᠢᠳᠠᠪᠤᠷᠢᠵᠢᠭᠤᠯᠵᠦ᠂ ᠠᠷᠠᠳ ᠢᠷᠭᠡᠳ ᠤᠨ ᠬᠠᠦᠯᠢ ᠶᠤᠰᠤᠭᠠᠷ ᠡᠷᠦᠭᠡ ᠠᠮᠠ ᠪᠠᠨ ᠲᠠᠩᠰᠠᠯᠠᠭᠤᠯᠬᠤ ᠡᠷᠭᠡ ᠶᠢ | ᠪᠠᠲᠤᠯᠠᠬᠤ ᠬᠡᠷᠡᠭᠲᠠᠢ᠃ ᠬᠤᠲᠡ ᠶᠢᠨ ᠬᠠᠦᠯᠢ ᠬᠡᠷᠡᠭᠵᠢᠭᠦᠯᠬᠦ ᠪᠠᠶᠢᠭᠤᠯᠤᠯ ᠤᠨ ᠦᠭᠡᠷᠡᠴᠢᠯᠠᠯᠲᠡ ᠶᠢ ᠪᠦᠬᠦ ᠲᠡᠯ᠎ᠡ ᠪᠠᠷ | ᠪᠠᠶᠡᠯᠡᠭᠦᠯᠵᠦ᠂ ᠮᠠᠯᠴᠢᠨ ᠲᠠᠷᠢᠶᠠᠴᠢᠨ ᠤ ᠲᠤᠭᠳᠠᠮᠠᠯ ᠬᠦᠷᠦᠩᠬᠡ ᠶᠢᠨ ᠡᠷᠭᠡ ᠶᠢᠨ ᠨᠤᠳᠠᠯᠠᠨ ᠲᠠᠩᠰᠠᠯᠠᠬᠤ ᠦᠨᠠᠮᠯᠡᠯ | ᠲᠠᠷᠬᠠᠭᠠᠬᠤ ᠶᠢ ᠭᠦᠢᠴᠡᠳᠭᠡᠵᠦ᠂ ᠭᠠᠵᠠᠷ ᠰᠢᠷᠤᠢ ᠪᠡ ᠡᠪᠡᠰᠦ ᠪᠡᠯᠴᠢᠭᠡᠷ ᠤᠨ ᠡᠷᠬᠢᠯᠲᠡ ᠶᠢᠨ ᠲᠦᠷᠢᠮ ᠢ | ᠲᠡᠭᠦᠯᠲᠡᠷᠵᠢᠭᠦᠯᠦᠨ᠎ᠡ᠃ ᠪᠠᠶᠠᠴᠢ ᠴᠣᠭᠴᠡ ᠶᠢᠨ ᠴᠢᠳᠠᠮᠵᠢ ᠶᠢᠨ ᠲᠦᠯᠦᠪᠯᠡᠭᠡ ᠶᠢ ᠨᠠᠶᠢᠳᠠᠪᠤᠷᠢᠵᠢᠭᠤᠯᠵᠦ᠂ ᠠᠵᠦ | ᠦᠢᠯᠡᠰ ᠤᠨ ᠤᠷᠤᠬᠤ ᠶᠢ ᠵᠦᠪᠰᠢᠶᠠᠷᠠᠬᠦ ᠨᠠᠷᠢᠨ ᠲᠠᠩᠰᠡ ᠶᠢᠨ ᠲᠦᠷᠢᠮ ᠢ ᠬᠡᠷᠡᠭᠵᠢᠭᠦᠯᠵᠦ᠂ ᠡᠬᠢ ᠰᠤᠷᠪᠤᠯᠵᠢ ᠶᠢᠨ | ᠤᠷᠴᠢᠨ ᠲᠤᠭᠤᠷᠢᠨ ᠤ ᠶᠠᠷᠦᠩᠬᠡᠢ ᠲᠠᠭᠠᠭᠠᠴᠡ ᠠᠴᠠ ᠲᠠᠪᠠᠭ᠋ᠤ ᠲᠦᠷᠦᠯ ᠵᠦᠢᠯ ᠤᠨ ᠪᠠᠶᠢᠭᠤᠯᠤᠯᠲᠡ ᠶᠢ ᠡᠷᠡᠰ | ᠬᠢᠵᠠᠭᠠᠷᠯᠠᠵᠦ᠂ ᠤᠷᠴᠢᠨ ᠨᠦᠬᠦᠴᠡᠯ ᠤᠨ ᠪᠤᠬᠢᠷᠳᠤᠯ ᠤ ᠭᠤᠷᠪᠠᠳᠤᠬᠢ ᠡᠲᠡᠭᠡᠳ ᠤᠨ ᠵᠠᠰᠠᠨ ᠴᠡᠭᠴᠡᠯᠡᠬᠦ ᠶᠢ | ᠢᠳᠡᠪᠬᠢᠯᠡᠨ ᠠᠬᠢᠭᠤᠯᠤᠨ᠎ᠡ᠃ ᠰᠤᠷᠬᠤ ᠨᠠᠰᠤᠨ ᠠᠴᠠ ᠡᠮᠦᠨᠡᠬᠢ ᠰᠤᠷᠭᠠᠨ ᠬᠦᠮᠦᠵᠢᠯ ᠤᠨ ᠰᠢᠨ᠎ᠡ ᠶᠢ ᠡᠭᠦᠳᠬᠦ ᠶᠢ | ᠭᠤᠤᠯᠳᠠᠯᠭ᠎ᠠ ᠲᠠᠢ ᠶᠠᠪᠤᠭᠳᠠᠭᠤᠯᠵᠦ᠂ ᠨᠡᠶᠢᠲᠡ ᠶᠢᠨ ᠡᠮᠨᠡᠯᠭᠡ ᠶᠢᠨ ᠬᠤᠷᠢᠶ᠎ᠡ ᠶᠢᠨ ᠦᠭᠡᠷᠡᠴᠢᠯᠡᠯᠲᠡ ᠶᠢ | ᠲᠦᠷᠭᠡᠳᠭᠡᠵᠦ᠂ ᠨᠡᠶᠢᠭᠡᠮ ᠤᠨ ᠡᠯ᠎ᠡ ᠵᠤᠬᠢᠶᠠᠨ ᠪᠠᠶᠢᠭᠤᠯᠤᠯᠲᠡ ᠶᠢ ᠵᠢᠷᠤᠮᠵᠢᠭᠤᠯᠵᠦ᠂ ᠨᠡᠶᠢᠭᠡᠮ ᠤᠨ ᠵᠤᠬᠢᠶᠠᠨ | ᠪᠠᠶᠢᠭᠤᠯᠤᠯᠲᠡ ᠶᠢᠨ ᠨᠡᠶᠢᠭᠡᠮ ᠤᠨ ᠵᠠᠰᠠᠯᠲᠡ ᠳᠤ ᠤᠷᠤᠯᠴᠠᠬᠤ ᠴᠢᠳᠠᠪᠦᠷᠢ ᠪᠡ ᠦᠢᠯᠡᠴᠢᠯᠡᠭᠡᠨ ᠤ ᠬᠢᠷᠢ ᠲᠦᠪᠰᠢᠨ ᠢ | ᠲᠡᠭᠡᠭᠰᠢᠯᠡᠭᠦᠯᠦᠨ᠎ᠡ᠃ | ᠬᠤᠶᠠᠷ᠂ ᠦᠷᠭᠡᠨ ᠬᠠᠷᠠᠭ᠎ᠠ ᠪᠠᠷ ᠨᠡᠭᠡᠭᠡᠯᠲᠡ ᠶᠢ ᠦᠷᠭᠡᠳᠭᠡᠨ᠎ᠡ᠃ ᠦᠪᠡᠷᠲᠡᠭᠡᠨ ᠵᠠᠰᠠᠬᠤ ᠤᠷᠤᠨ ᠤ | ︽ᠲᠤᠷᠭᠠᠨ ᠵᠠᠮ ᠤᠨ ᠠᠵᠦ ᠠᠬᠤᠢ ᠶᠢᠨ ᠪᠦᠰᠡ ᠶᠢᠨ ᠪᠦᠲᠦᠭᠡᠨ ᠪᠠᠶᠢᠭᠤᠯᠤᠯᠲᠡ︾ ᠳᠤ ᠤᠷᠤᠯᠴᠠᠬᠤ ᠱᠠᠭᠠᠷᠲᠠᠯᠭ᠎ᠠ | ᠶᠢ ᠬᠢᠨᠠᠮᠠᠭᠠᠢ ᠨᠡᠶᠢᠳᠠᠪᠦᠷᠢᠵᠢᠭᠤᠯᠵᠦ᠂ ᠮᠤᠩᠭᠤᠯ ᠤᠯᠤᠰ ᠯᠤᠭ᠎ᠠ ᠠᠭᠤᠷᠬᠠᠢ ᠶᠢᠨ ᠭᠠᠷᠤᠯᠲᠡ ᠶᠢᠨ ᠨᠡᠭᠡᠭᠡᠨ | ᠠᠰᠢᠭᠯᠠᠯᠲᠡ᠂ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠤᠯᠲᠡ ᠵᠠᠷᠭᠡ ᠬᠦᠷᠢᠶᠠᠨ ᠳᠤ ᠬᠠᠮᠲᠤᠷᠠᠯᠴᠠᠭ᠎ᠠ ᠪᠠᠨ | ᠦᠷᠭᠡᠳᠭᠡᠨ᠎ᠡ᠃ ᠮᠤᠩᠭᠤᠯ ᠤᠯᠤᠰ ᠲᠠᠢ ᠬᠠᠷᠢᠯᠴᠠᠭ᠎ᠠ ᠬᠤᠯᠪᠤᠭ᠎ᠠ ᠪᠠᠶᠢᠭᠤᠯᠬᠤ ᠪᠡ ᠠᠭᠤᠯᠵᠠᠯᠲᠡ ᠬᠢᠬᠦ ᠪᠠᠶᠢᠩᠭᠤ | ᠶᠢᠨ ᠲᠤᠭᠳᠠᠴᠡ ᠶᠢ ᠪᠠᠶᠢᠭᠤᠯᠵᠦ᠂ ᠡᠮ ᠡᠮᠨᠡᠯᠭᠡ ᠶᠢᠨ ᠲᠤᠰᠠᠯᠠᠮᠵᠢ᠂ ᠤᠶᠤᠳᠠᠨ ᠲᠤᠮᠢᠯᠠᠨ ᠰᠤᠷᠤᠯᠴᠠᠭᠤᠯᠬᠤ᠂ ᠰᠤᠶᠤᠯ | ᠤᠨ ᠰᠤᠯᠢᠯᠴᠠᠭ᠎ᠠ ᠰᠤᠷᠪᠤᠯᠵᠢᠯᠠᠭ᠎ᠠ ᠬᠢᠬᠦ ᠵᠠᠷᠭᠡ ᠠᠵᠢᠯᠯᠠᠭᠠᠨ ᠢ ᠦᠷᠭᠡᠨ ᠢᠶᠠᠷ ᠦᠷᠨᠢᠭᠦᠯᠦᠨ᠎ᠡ᠃ ᠮᠤᠩᠭᠤᠯ ᠤᠯᠤᠰ | ᠲᠠᠢ ᠬᠢᠯᠢ ᠪᠠᠷ ᠭᠠᠷᠴᠦ ᠤᠷᠤᠬᠤ ᠬᠠᠮᠢᠶᠠᠷᠤᠯᠲᠡ ᠪᠡ ᠬᠢᠯᠢ ᠶᠢᠨ ᠰᠡᠷᠭᠡᠶᠢᠯᠡᠯᠲᠡ ᠶᠢᠨ ᠬᠢᠨᠠᠨ ᠪᠠᠶᠢᠴᠠᠭᠠᠯᠲᠡ ᠶᠢᠨ | ᠬᠠᠷᠢᠶᠠᠨ ᠳᠠᠬᠢ ᠬᠠᠮᠳᠤᠷᠠᠯᠴᠠᠭ᠎ᠠ ᠪᠠᠨ ᠴᠢᠩᠭᠠᠳᠬᠠᠵᠦ᠂ ᠲᠤᠮᠳᠠᠲᠦ ᠮᠤᠩᠭᠤᠯ ᠬᠤᠶᠠᠷ ᠤᠯᠤᠰ ᠤᠨ ᠬᠠᠮᠲᠦᠷᠠᠨ | ᠠᠵᠢᠯᠯᠠᠭᠴᠢ ᠶᠢᠨ ᠬᠢᠯᠢ ᠪᠠᠷ ᠤᠷᠤᠵᠦ ᠭᠠᠷᠬᠤ ᠰᠠᠭᠠᠳ ᠦᠭᠡᠢ ᠵᠠᠮ ᠢ ᠪᠠᠶᠢᠭᠤᠯᠵᠦ᠂ ᠪᠡᠯᠡ ᠤᠷᠤᠯᠠᠭᠤᠯᠤᠭᠴᠢ᠂ | ᠠᠶᠠᠨᠴᠢᠳ ᠤᠨ ᠠᠦ᠋ᠲ᠋ᠤ᠋ ᠤᠵᠵᠯᠠᠴᠢᠯᠡᠭᠡ ᠪᠠᠷ ᠪᠤᠭᠤᠮᠲᠡ ᠦᠩᠭᠡᠷᠡᠬᠦ ᠶᠢ ᠠᠬᠢᠭᠤᠯᠤᠨ᠎ᠡ᠃ ᠤᠷᠤᠨ ᠪᠦᠰᠡ ᠶᠢᠨ | ᠨᠡᠭᠡᠭᠡᠯᠲᠡ ᠬᠠᠮᠵᠢᠯᠴᠠᠭ᠎ᠠ ᠶᠢ ᠪᠦᠭᠦ ᠲᠠᠯ᠎ᠡ ᠪᠠᠷ ᠬᠦᠨᠵᠡᠭᠡᠶᠢᠷᠡᠭᠦᠯᠵᠦ᠂ ᠡᠷᠬᠢᠨ ᠲᠤᠭᠤᠷᠢᠨ ᠤ ᠬᠤᠰᠢᠭᠤ ᠰᠢᠶᠠᠨ ᠢ | ᠰᠠᠨᠠᠭᠠᠴᠢᠯᠠᠨ ᠪᠤᠭᠤᠮᠲᠡ ᠶᠢᠨ ᠨᠡᠭᠡᠭᠡᠨ ᠠᠰᠢᠭᠯᠠᠯᠲᠡ ᠳᠤ ᠤᠷᠤᠯᠴᠠᠭᠤᠯᠵᠦ᠂ ᠤᠷᠤᠨ ᠠᠯᠤᠰᠯᠠᠭᠰᠡᠨ ᠴᠢᠬᠤᠯᠡ | ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠤᠯᠲᠡ ᠪᠡ ᠠᠵᠦ ᠦᠢᠯᠡᠰ ᠤᠨ ᠲᠤᠭᠤᠷᠢᠭ ᠤᠨ ᠬᠠᠮᠲᠦ ᠪᠠᠷ | ᠪᠠᠶᠢᠭᠤᠯᠬᠤ ᠶᠢ ᠲᠦᠯᠦᠪᠵᠢᠭᠦᠯᠦᠨ᠎ᠡ᠃ ᠨᠦᠬᠦᠴᠡᠯ ᠪᠤᠯᠤᠯᠴᠠᠭ᠎ᠠ ᠲᠠᠢ ᠠᠵᠦ ᠠᠬᠤᠶᠢᠯᠠᠯ ᠤᠨ ᠬᠢᠯᠢ ᠶᠢᠨ ᠭᠠᠳᠠᠨᠠᠬᠢ | ᠡᠨᠧᠷᠬᠢ ᠶᠢᠨ ᠡᠬᠢ ᠰᠤᠷᠪᠤᠯᠵᠢ ᠶᠢ ᠨᠡᠭᠡᠭᠡᠨ ᠠᠰᠢᠭᠯᠠᠬᠤ ᠳᠤ ᠤᠷᠤᠯᠴᠠᠬᠤ ᠶᠢ ᠵᠤᠷᠢᠭᠵᠢᠭᠤᠯᠵᠦ᠂ ᠢᠨᠵᠧᠨᠧᠷᠢᠩ ᠢ | ᠲᠠᠭᠠᠭᠠᠴᠢᠯᠠᠬᠤ᠂ ᠬᠦᠳᠡᠯᠮᠦᠷᠢ ᠶᠠᠪᠤᠳᠠᠯ ᠤᠨ ᠬᠠᠮᠲᠤᠷᠠᠨ ᠠᠵᠢᠯᠯᠠᠬᠤ ᠵᠠᠷᠭᠡ ᠲᠦᠷᠦᠯ ᠵᠦᠢᠯ ᠢ ᠬᠡᠷᠡᠭᠵᠢᠭᠦᠯᠦᠨ᠎ᠡ᠃ | ᠲᠤᠮᠳᠠᠲᠦ ᠮᠤᠩᠭᠤᠯ ᠤᠨ ᠰᠤᠶᠤᠯ ᠵᠤᠭᠠᠴᠡᠯ ᠤᠨ ᠭᠠᠷᠠᠭ ᠤᠨ ᠬᠦᠲᠡᠯᠭᠡᠭᠡᠨ᠂ ᠠᠷᠠᠯᠵᠢᠶ᠎ᠠ ᠬᠤᠲᠠᠯᠳᠤᠭᠠᠨ ᠤ | ᠵᠦᠪᠲᠡᠯᠴᠡᠭᠡᠨ ᠤ ᠬᠤᠷᠡᠯᠳᠤᠭᠠᠨ ᠢ ᠰᠠᠶᠢᠳᠤᠷ ᠡᠷᠬᠢᠯᠡᠵᠦ᠂ ᠬᠤᠶᠠᠷ ᠡᠲᠡᠭᠡᠳ ᠤᠨ ᠠᠷᠠᠯᠵᠢᠶ᠎ᠡ ᠶᠢ ᠦᠷᠭᠡᠳᠭᠡᠵᠦ᠂ | ᠤᠷᠤᠰ ᠮᠤᠩᠭᠤᠯ ᠤᠨ ᠵᠠᠬ᠎ᠠ ᠲᠡᠯᠭᠡᠭᠦᠷ ᠳᠤ ᠬᠠᠨᠳᠤᠭᠤᠯᠤᠭᠰᠡᠨ ᠵᠢᠵᠢᠭ ᠲᠠᠸᠠᠷ ᠤᠨ ᠬᠤᠳᠠᠯᠳᠤᠭ᠎ᠠ ᠮᠠᠶᠢᠮᠠᠢ ᠶᠢᠨ | ᠭᠠᠵᠠᠷ ᠢ ᠪᠠᠶᠢᠭᠤᠯᠤᠨ᠎ᠡ᠃ | ᠭᠤᠷᠪᠡ᠂ ᠨᠡᠩ ᠰᠢᠨ᠎ᠡ ᠪᠤᠳᠤᠯ ᠰᠡᠳᠬᠢᠴᠡ ᠪᠠᠷ ᠪᠤᠭᠤᠮᠲᠡ ᠪᠠᠨ ᠬᠦᠭᠵᠢᠭᠦᠯᠦᠨ᠎ᠡ᠃ ᠰᠭᠤᠷᠢ ᠲᠦᠭᠦᠭᠡᠷᠦᠮᠵᠢ | ᠶᠢᠨ ᠪᠠᠶᠢᠭᠤᠯᠤᠯᠲᠡ ᠶᠢ ᠴᠢᠩᠭᠠᠳᠬᠠᠵᠦ᠂ 2.4 ᠲᠡᠭᠰᠢ ᠲᠦᠷᠪᠡᠯᠵᠢᠨ ᠺᠢᠯᠤᠮᠧᠲᠷ ᠤᠨ ᠵᠠᠰᠠᠮᠠᠯ ᠵᠠᠮ ᠤᠨ ᠪᠠᠷᠠᠭᠠᠨ | ᠬᠦᠢᠯᠭᠡᠭᠡᠨ ᠤ ᠲᠤᠭᠤᠷᠢᠭ ᠢ ᠪᠠᠶᠢᠭᠤᠯᠵᠦ᠂ ᠲᠠᠮᠦᠷ ᠵᠠᠮ ᠤᠨ ᠪᠠᠷᠠᠭᠠᠨ ᠬᠦᠢᠯᠭᠡᠭᠡᠨ ᠤ ᠲᠤᠭᠤᠷᠢᠭ᠂ ᠲᠤᠰᠬᠠᠢ ᠲᠠᠮᠦᠷ | ᠵᠠᠮ ᠤᠨ ᠢᠵᠢ ᠪᠦᠷᠢᠳᠤᠭᠦᠯᠬᠦ ᠰᠠᠭᠤᠷᠢ ᠲᠦᠭᠦᠭᠡᠷᠦᠮᠵᠢ ᠶᠢᠨ ᠪᠠᠶᠢᠭᠤᠯᠤᠯᠲᠡ ᠶᠢ ᠪᠠᠶᠠᠯᠡᠭᠦᠯᠦᠨ᠎ᠡ᠃ ᠮᠠᠨᠳᠤᠯ | ᠪᠤᠭᠤᠮᠲᠡ ᠶᠢᠨ ᠤᠯᠤᠰ ᠤᠨ ᠬᠠᠭᠠᠯᠭ᠎ᠠ ᠪᠡ ᠦᠵᠡᠮᠵᠢ ᠶᠢᠨ ᠬᠠᠭᠠᠯᠭ᠎ᠠ ᠶᠢ ᠰᠢᠨ᠎ᠡ ᠪᠠᠷ ᠪᠠᠶᠢᠭᠤᠯᠵᠦ᠂ | ᠨᠤᠭᠤᠭᠠᠷᠠᠭᠤᠯᠤᠯᠲᠡ ᠭᠤᠶᠤᠵᠢᠭᠤᠯᠤᠯᠲᠡ ᠶᠢ ᠰᠠᠶᠢᠳᠤᠷ ᠬᠢᠨ᠎ᠡ᠃ ︽ᠪᠣᠭᠤᠮᠲᠠ ᠶᠢᠨ ᠭᠤᠷᠪᠠ ᠨᠡᠪᠲᠡᠷᠡᠯᠴᠡᠬᠦ︾ ᠵᠠᠮ ᠢ | ᠰᠠᠶᠢᠵᠢᠷᠠᠭᠤᠯᠤᠨ ᠰᠢᠯᠢᠲᠡᠭᠵᠢᠭᠦᠯᠵᠦ᠂ ᠪᠤᠭᠤᠮᠲᠡ ᠦᠩᠭᠡᠷᠡᠬᠦ ᠬᠢᠨᠠᠨ ᠬᠠᠮᠢᠶᠠᠷᠬᠤ ᠵᠠᠭᠪᠤᠷ ᠢ ᠰᠢᠨᠡᠴᠢᠯᠡᠵᠦ᠂ | ᠡᠯᠧᠺᠲᠷᠤᠨ ᠪᠤᠭᠤᠮᠲᠡ ᠪᠤᠯᠤᠨ ᠤᠳᠤᠬᠢᠴᠢᠯᠠᠭᠰᠡᠨ ᠪᠠᠶᠢᠴᠠᠭᠠᠨ ᠬᠢᠨᠠᠬᠤ ᠲᠦᠭᠦᠭᠡᠷᠦᠮᠵᠢ ᠶᠢᠨ ᠪᠦᠲᠦᠭᠡᠨ | ᠪᠠᠶᠢᠭᠤᠯᠤᠯᠲᠡ ᠶᠢ ᠲᠦᠷᠭᠡᠳᠭᠡᠵᠦ᠂ ᠤᠯᠠᠨ ᠤᠯᠤᠰ ᠤᠨ ᠠᠷᠠᠯᠵᠢᠶ᠎ᠡ ᠬᠤᠳᠠᠯᠳᠤᠭᠠᠨ ᠤ ︽ᠭᠠᠭᠴᠡ ᠨᠢᠭᠡ | ᠴᠤᠩᠬᠤᠪᠴᠢ︾ ᠶᠢ ᠪᠠᠶᠢᠭᠤᠯᠵᠦ᠂ ᠰᠠᠯᠠᠭ᠎ᠠ ᠮᠦᠴᠢᠷ ᠠᠯᠤᠰᠯᠠᠭᠰᠡᠨ᠂ ᠤᠷᠤᠨ ᠪᠦᠰᠡ ᠠᠯᠤᠰᠯᠠᠭᠰᠡᠨ ᠪᠤᠭᠤᠮᠲᠡ | ᠨᠡᠪᠲᠡᠷᠡᠬᠦ ᠬᠠᠮᠵᠢᠯᠴᠠᠭ᠎ᠠ ᠶᠢ ᠴᠢᠩᠭᠠᠷᠠᠭᠤᠯᠵᠦ᠂ ᠤᠷᠤᠭᠤᠯᠬᠤ ᠮᠢᠬᠠᠨ ᠤᠨ ᠵᠦᠢᠯ ᠤᠨ ᠲᠤᠭᠳᠠᠭᠰᠡᠨ ᠪᠤᠭᠤᠮᠲᠡ᠂ | ᠬᠠᠮᠲᠦ ᠶᠢᠨ ᠠᠷᠠᠯᠵᠢᠶᠠᠨ ᠤ ᠲᠤᠭᠤᠷᠢᠭ ᠤᠨ ᠨᠢᠭᠡᠲᠡᠴᠢ ᠬᠤᠭᠤᠴᠠᠭᠠᠨ ᠤ ᠢᠨᠵᠧᠨᠧᠷᠢᠩ ᠤᠨ ᠪᠠᠶᠢᠭᠤᠯᠤᠯᠲᠡ ᠶᠢ | ᠲᠦᠷᠭᠡᠳᠭᠡᠵᠦ᠂ ᠠᠷᠠᠯᠵᠢᠶ᠎ᠡ ᠬᠤᠲᠠᠯᠳᠤᠭᠠᠨ ᠤ ᠲᠦᠭᠦᠭᠡᠷᠦᠮᠵᠢ ᠶᠢ ᠲᠡᠭᠦᠯᠲᠡᠷᠵᠢᠭᠦᠯᠵᠦ᠂ ᠪᠠᠷᠠᠭᠠᠨ ᠬᠦᠢᠯᠭᠡᠭᠡᠨ ᠤ | ᠬᠦᠷᠭᠡᠯᠲᠡ᠂ ᠰᠠᠩ ᠬᠦᠮᠦᠷᠭᠡ ᠶᠢᠨ ᠰᠢᠯᠵᠢᠭᠦᠯᠦᠨ ᠲᠡᠭᠡᠭᠡᠬᠦ ᠵᠠᠷᠭᠡ ᠦᠢᠯᠡᠴᠢᠯᠡᠭᠡ ᠶᠢ ᠬᠦᠭᠵᠢᠭᠦᠯᠦᠨ᠎ᠡ᠃ ᠨᠡᠩ ᠤᠯᠠᠨ | ᠠᠵᠦ ᠠᠬᠤᠶᠢᠯᠠᠯ ᠤᠨ ᠮᠤᠩᠭᠤᠯ ᠤᠯᠤᠰ ᠲᠠᠢ ᠠᠵᠦ ᠠᠬᠤᠢ ᠬᠤᠳᠠᠯᠳᠤᠭᠠᠨ ᠤ ᠬᠠᠮᠲᠤᠷᠠᠯᠴᠠᠭ᠎ᠠ ᠰᠤᠯᠢᠯᠴᠠᠭ᠎ᠠ | ᠦᠷᠨᠢᠭᠦᠯᠬᠦ ᠶᠢ ᠵᠤᠷᠢᠭᠵᠢᠭᠤᠯᠵᠦ᠂ ᠪᠤᠭᠤᠮᠲᠡ ᠪᠠᠷ ᠦᠩᠭᠡᠷᠡᠬᠦ ᠪᠠᠷᠠᠭᠠᠨ ᠤ ᠬᠡᠮᠵᠢᠶ᠎ᠡ ᠶᠢ 100 ᠲᠦᠮᠡᠨ ᠲᠤᠨ ᠠᠴᠠ | ᠲᠡᠪᠠᠭᠤᠯᠤᠨ150 ᠲᠦᠮᠡᠨ ᠲᠤᠨ ᠳᠤ ᠬᠦᠷᠭᠡᠵᠦ᠂ ᠤᠷᠤᠵᠦ ᠭᠠᠷᠬᠤ ᠬᠦᠮᠦᠨ ᠤ ᠲᠤᠭ᠎ᠠ 10 ᠲᠦᠮᠡ ᠶᠢ | ᠰᠢᠪᠲᠤᠯᠤᠨᠡ᠃ | ᠲᠦᠷᠪᠡ᠂ ᠨᠡᠩ ᠴᠢᠩᠭ᠎ᠠ ᠬᠦᠴᠦᠨ ᠢᠶᠠᠷ ᠬᠤᠳᠠᠯᠳᠤᠭᠠᠴᠢᠨ ᠤᠷᠢᠵᠦ ᠪᠠᠯᠡ ᠤᠷᠤᠭᠤᠯᠤᠨ᠎ᠡ᠃ ︽ᠨᠢᠭᠡ ᠪᠦᠰᠡ | ᠨᠢᠭᠡ ᠵᠠᠮ︾᠂ ᠵᠠᠭᠦᠨ ᠬᠤᠶᠢᠲᠦ ᠤᠷᠤᠨ ᠤ ᠠᠵᠦ ᠦᠢᠯᠡᠳᠪᠦᠷᠢ ᠶᠢᠨ ᠬᠠᠭᠤᠴᠢᠨ ᠰᠠᠭᠤᠷᠢᠨ ᠭᠠᠵᠠᠷ ᠢ ᠮᠠᠨᠳᠤᠨ | ᠬᠦᠭᠵᠢᠭᠦᠯᠬᠦ᠂ ᠪᠡᠭᠡᠵᠢᠩ ᠲᠢᠶᠠᠨᠵᠢᠨ ᠾᠧᠪᠧᠢ ᠤᠷᠤᠨ ᠤ ᠬᠠᠮᠵᠢᠯᠴᠠᠨ ᠬᠦᠭᠵᠢᠬᠦ ᠪᠠᠶᠢᠯᠳᠤᠬᠤ ᠪᠤᠳᠤᠯᠭ᠎ᠠ ᠪᠤᠯᠤᠨ | ᠦᠪᠡᠷᠲᠡᠭᠡᠨ ᠵᠠᠰᠠᠬᠤ ᠤᠷᠤᠨ ᠤ ᠬᠦᠬᠡᠬᠤᠲᠡ ᠪᠤᠭᠤᠲᠦ ᠤᠷᠳᠤᠰ ᠤᠷᠤᠨ ᠤ ᠬᠠᠮᠵᠢᠯᠴᠠᠨ ᠬᠦᠭᠵᠢᠬᠦ ᠪᠠᠶᠢᠯᠳᠤᠬᠤ | ᠪᠤᠳᠤᠯᠭ᠎ᠠ ᠶᠢ ᠢᠳᠡᠪᠬᠢᠯᠡᠨ ᠵᠤᠬᠢᠴᠠᠭᠤᠯᠵᠦ᠂ ᠠᠵᠦ ᠦᠢᠯᠡᠰ ᠤᠨ ᠬᠡᠯᠪᠡᠷᠢ ᠦᠭᠡᠷᠡᠴᠢᠯᠡᠨ ᠲᠡᠰ ᠲᠡᠪᠰᠢᠬᠦ ᠶᠢ | ᠴᠢᠩᠭ᠎ᠠ ᠠᠳᠬᠤᠵᠦ᠂ ᠦᠨᠳᠦᠰᠦ ᠰᠠᠭᠤᠷᠢ᠂ ᠡᠬᠢ ᠪᠠᠶᠠᠯᠢᠭ᠂ ᠤᠷᠤᠨ ᠪᠠᠶᠢᠷᠢ ᠵᠠᠷᠭᠡ ᠶᠢᠨ ᠲᠠᠪᠠᠭᠤᠯᠢᠭ ᠢᠶᠠᠨ | ᠪᠠᠲᠠᠷᠠᠭᠤᠯᠵᠦ᠂ ᠬᠤᠳᠠᠯᠳᠤᠭᠠᠴᠢᠨ ᠤᠷᠢᠵᠤ ᠪᠡᠯᠡ ᠣᠷᠣᠭᠤᠯᠬᠤ ᠲᠦᠰᠦᠪ ᠢᠶᠠᠨ ᠴᠢᠩᠭᠠᠳᠬᠠᠵᠦ᠂ ᠠᠵᠦ ᠦᠢᠯᠡᠰ | ᠤᠨ ᠰᠢᠯᠵᠢᠯᠲᠡ ᠶᠢ ᠬᠦᠴᠦᠯᠡᠨ ᠵᠤᠬᠢᠴᠠᠭᠤᠯᠤᠨᠡ᠃ ᠬᠤᠳᠠᠯᠳᠤᠭᠠᠴᠢᠨ ᠤᠷᠢᠵᠤ ᠪᠡᠯᠡ ᠣᠷᠣᠭᠤᠯᠬᠤ ᠠᠷᠭ᠎ᠠ | ᠬᠡᠯᠪᠡᠷᠢ ᠪᠠᠨ ᠰᠢᠨ᠎ᠡ ᠪᠠᠷ ᠡᠭᠦᠳᠴᠦ᠂ ᠠᠵᠦ ᠦᠢᠯᠡᠰ ᠢᠶᠠᠷ ᠬᠤᠳᠠᠯᠳᠤᠭᠠᠴᠢᠨ ᠤᠷᠢᠬᠤ᠂ ᠠᠷᠠᠯᠵᠢᠶ᠎ᠠ ᠪᠠᠷ | ᠬᠤᠳᠠᠯᠳᠤᠭᠠᠴᠢᠨ ᠤᠷᠢᠬᠤ᠂ ᠬᠤᠯᠪᠤᠭᠠᠯᠠᠨ ᠬᠤᠳᠠᠯᠳᠤᠭᠠᠴᠢᠨ ᠤᠷᠢᠬᠤ᠂ ᠠᠵᠢᠯ ᠲᠦᠷᠦᠯ ᠢᠶᠠᠷ ᠬᠤᠳᠠᠯᠳᠤᠭᠠᠴᠢᠨ | ᠤᠷᠢᠬᠤ ᠶᠢ ᠠᠬᠢᠭᠤᠯᠵᠦ᠂ ᠪᠡᠯᠡ ᠤᠷᠤᠭᠤᠯᠬᠤ ᠬᠡᠯᠬᠢᠶ᠎ᠡ ᠶᠢ ᠤᠷᠲᠤᠳᠬᠠᠬᠤ᠂ ᠨᠦᠬᠦᠪᠦᠷᠢᠯᠡᠬᠦ᠂ ᠡᠷᠴᠢᠮᠵᠢᠭᠦᠯᠬᠦ ᠲᠡᠭᠡᠷ᠎ᠡ | ᠰᠢᠨ᠎ᠡ ᠰᠢᠪᠲᠤᠯᠤᠯᠲᠡ ᠶᠢ ᠠᠪᠴᠢᠷᠠᠨᠡ᠃ ᠪᠦᠬᠦ ᠵᠢᠯ ᠳᠡᠭᠡᠨ 20 ᠠᠴᠠ ᠲᠡᠭᠡᠭᠰᠢ ᠲᠦᠷᠦᠯ ᠵᠦᠢᠯ ᠢ ᠲᠤᠭᠳᠠᠭᠠᠬᠤ | ᠪᠠᠷ ᠴᠢᠷᠮᠠᠶᠢᠵᠦ᠂ ᠪᠡᠯᠡ ᠤᠷᠤᠭᠤᠯᠤᠯᠲᠡ ᠶᠢᠨ ᠬᠡᠮᠵᠢᠶ᠎ᠡ ᠶᠢ 200 ᠳ᠋ᠦᠩᠰᠢᠭᠤᠷ ᠲᠦᠭᠦᠷᠢᠭ ᠠᠴᠠ ᠲᠡᠭᠡᠭᠰᠢ | ᠪᠤᠯᠭᠠᠬᠤ ᠪᠠᠷ ᠵᠦᠪᠳᠡᠵᠦ᠂ 100 ᠳ᠋ᠦᠩᠰᠢᠭᠤᠷ ᠲᠦᠭᠦᠷᠢᠭ ᠤᠨ ᠤᠯᠤᠰ ᠤᠨ ᠲᠤᠳᠤᠭᠠᠲᠦ ︵ᠤᠷᠤᠨ ᠤ ᠭᠠᠳᠠᠨᠠᠬᠢ︶ | ᠪᠡᠯᠡ ᠮᠦᠩᠬᠦ ᠶᠢ ᠤᠷᠤᠭᠤᠯᠵᠦ᠂ 25% ᠠᠴᠠ ᠲᠡᠭᠡᠭᠰᠢ ᠨᠡᠮᠡᠭᠲᠡᠭᠦᠯᠦᠨ᠎ᠡ᠃ | ︵ᠵᠢᠷᠭᠤᠭ᠎ᠠ︶ ᠠᠷᠠᠳ ᠤᠨ ᠠᠮᠢᠳᠤᠷᠡᠯ ᠢ ᠬᠦᠴᠦᠯᠡᠨ ᠰᠠᠶᠢᠵᠢᠷᠠᠭᠤᠯᠵᠦ᠂ ᠠᠷᠠᠳ ᠤᠯᠠᠨ ᠤ ᠪᠤᠶᠠᠨ ᠵᠢᠷᠭᠠᠯ ᠢ | ᠨᠡᠮᠡᠭᠲᠡᠭᠦᠯᠦᠨ᠎ᠡ᠃ | ᠨᠢᠭᠡ᠂ ᠶᠠᠳᠠᠭᠤ ᠠᠴᠠ ᠠᠩᠭᠢᠵᠢᠷᠠᠭᠤᠯᠬᠤ ᠪᠡᠷᠭᠡ ᠰᠡᠳᠤᠪ ᠢ ᠰᠢᠢᠳᠪᠦᠷᠢᠯᠠᠬᠦ ᠲᠠᠶᠢᠨ ᠤ ᠪᠦᠬᠦ ᠲᠠᠯ᠎ᠡ ᠶᠢᠨ | ᠢᠯᠡᠯᠲᠡ ᠶᠢ ᠤᠯᠤᠨ᠎ᠡ᠃ ︽ᠲᠡᠪᠤᠨ ᠨᠢᠭᠡ ᠪᠦᠯᠦᠭ︾᠂ ︽ᠵᠢᠷᠭᠤᠭᠠᠨ ᠤᠨᠤᠴᠢᠲᠠᠢ︾ ᠱᠠᠭᠠᠷᠲᠠᠯᠭ᠎ᠠ ᠶᠤᠰᠤᠭᠠᠷ᠂ ᠲᠠᠩᠰᠡ | ᠪᠠᠶᠢᠭᠤᠯᠤᠭᠰᠡᠨ ᠶᠠᠳᠠᠭᠤ ᠬᠦᠴᠢᠷᠲᠡᠯ ᠲᠠᠢ ᠬᠦᠮᠦᠰ ᠤᠨ ᠠᠵᠦ ᠦᠢᠯᠡᠰ ᠲᠦᠯᠦᠪᠵᠢᠭᠦᠯᠬᠦ᠂ ᠲᠦᠷᠦᠯ ᠵᠦᠢᠯ | ᠲᠦᠯᠦᠪᠯᠡᠬᠦ᠂ ᠪᠡᠯᠡ ᠮᠦᠩᠭᠦ ᠲᠤᠬᠢᠷᠠᠭᠤᠯᠬᠤ ᠶᠢ ᠴᠢᠩᠭ᠎ᠠ ᠠᠳᠬᠤᠵᠦ᠂ ᠠᠵᠦ ᠦᠢᠯᠡᠰ ᠢᠶᠠᠷ ᠶᠠᠳᠠᠭᠤ ᠶᠢ ᠲᠡᠳᠭᠦᠬᠦ᠂ | ᠰᠤᠷᠭᠠᠨ ᠬᠦᠮᠦᠵᠢᠯ᠂ ᠡᠮ ᠡᠮᠨᠡᠯᠭᠡ᠂ ᠠᠮᠢ ᠠᠬᠤᠢ᠂ ᠲᠦᠷᠦ ᠶᠢᠨ ᠪᠤᠳᠤᠯᠭ᠎ᠠ ᠵᠠᠷᠭᠡ ᠪᠦᠬᠦ ᠲᠠᠯ᠎ᠡ ᠪᠠᠷ ᠶᠠᠳᠠᠭᠤ ᠶᠢ | ᠲᠡᠳᠭᠦᠬᠦ ᠶᠢ ᠨᠠᠷᠢᠯᠢᠭ ᠪᠤᠲᠠᠲᠠᠢ ᠬᠢᠵᠦ᠂ ᠪᠦᠬᠦ ᠵᠢᠯ ᠤᠨ ᠡᠯ᠎ᠡ ᠲᠦᠷᠦᠯ ᠤᠨ ᠶᠠᠳᠠᠭᠤ ᠶᠢ ᠲᠡᠳᠭᠦᠬᠦ ᠪᠡᠯᠡ ᠮᠦᠩᠭᠦ | 1.5 ᠳ᠋ᠦᠩᠰᠢᠭᠤᠷ ᠲᠦᠭᠦᠷᠢᠭ ᠠᠴᠠ ᠲᠡᠭᠡᠭᠰᠢ ᠨᠠᠶᠢᠳᠠᠪᠤᠷᠢᠵᠢᠭᠤᠯᠵᠦ᠂ 20 ᠭᠠᠷᠤᠢ ᠶᠠᠳᠠᠭᠤ ᠶᠢ ᠲᠡᠳᠭᠦᠬᠦ | ᠲᠦᠷᠦᠯ ᠵᠦᠢᠯ ᠢ ᠬᠡᠷᠡᠭᠵᠢᠭᠦᠯᠵᠦ᠂ ᠤᠨᠴᠠᠯᠢᠭᠲᠦ ᠵᠢᠭᠤᠯᠴᠢᠯᠠᠯ ᠢᠶᠠᠷ ᠶᠠᠳᠠᠭᠤ ᠶᠢ ᠲᠡᠳᠭᠦᠭᠦ ᠵᠢᠱᠢᠶ᠎ᠡ ᠦᠵᠡᠭᠦᠯᠬᠦ | ᠲᠤᠰᠬᠤᠨ 4 ᠶᠢ ᠪᠠᠶᠢᠭᠤᠯᠵᠦ᠂ ᠶᠠᠳᠠᠭᠤ ᠬᠦᠴᠢᠷᠲᠠᠯᠲᠠᠢ ᠬᠦᠮᠦᠰ ᠤᠨ ᠥᠪᠡᠷ ᠤᠨ ᠬᠦᠴᠦ ᠪᠠᠷ ᠢᠶᠠᠨ ᠳᠡᠭᠵᠢᠷᠡᠵᠤ | ᠶᠠᠳᠠᠭᠤ ᠠᠴᠠ ᠠᠩᠭᠢᠵᠢᠷᠠᠬᠤ ᠴᠢᠳᠠᠪᠦᠷᠢ ᠶᠢ ᠨᠡᠮᠡᠭᠲᠡᠭᠦᠯᠦᠨ᠎ᠡ᠃ ᠶᠠᠳᠠᠭᠤ ᠠᠴᠠ ᠠᠩᠭᠢᠵᠢᠷᠠᠭᠤᠯᠬᠤ ᠠᠵᠢᠯ ᠤᠨ | ᠬᠠᠷᠢᠭᠤᠴᠠᠯᠭᠠᠲᠦ ᠲᠦᠷᠢᠮ ᠪᠡ ᠲᠤᠭᠲᠠᠴᠡ ᠶᠢ ᠡᠷᠡᠰ ᠨᠡᠶᠢᠳᠠᠪᠤᠷᠢᠵᠢᠭᠤᠯᠵᠦ᠂ ᠰᠢᠯᠭᠠᠨ ᠦᠨᠡᠯᠡᠬᠦ ᠠᠵᠢᠯ ᠢ | ᠰᠠᠶᠢᠳᠤᠷ ᠬᠢᠵᠦ᠂ ᠶᠠᠳᠠᠭᠤ ᠠᠴᠠ ᠠᠩᠭᠢᠵᠢᠷᠠᠭᠤᠯᠬᠤ ᠶᠢ ᠦᠨᠡᠨᠬᠦ ᠪᠠᠶᠡᠯᠡᠭᠦᠯᠵᠦ᠂ ᠵᠢᠯ ᠤᠨ ᠲᠤᠳᠤᠷ᠎ᠡ ᠤᠯᠤᠰ ᠤᠨ | ᠲᠠᠰ ᠤᠨ ᠶᠠᠳᠠᠭᠤ ᠬᠦᠴᠢᠷᠲᠠᠯ ᠲᠠᠢ ᠬᠦᠮᠦᠰ ᠢ ᠶᠠᠳᠠᠭᠤ ᠠᠴᠠ ᠠᠩᠭᠢᠵᠢᠷᠠᠭᠤᠯᠬᠤ ᠡᠭᠦᠷᠭᠡ ᠶᠢ ᠪᠦᠬᠦ ᠲᠡᠯ᠎ᠡ ᠪᠠᠷ | ᠪᠠᠶᠠᠯᠡᠭᠦᠯᠵᠦ᠂ 3152 ᠨᠠᠷᠡᠰ ᠬᠤᠲᠡ ᠶᠢᠨ ᠲᠡᠰ ᠤᠨ ᠶᠠᠳᠠᠭᠤ ᠬᠦᠮᠦᠰ ᠢ ᠯᠠᠪᠲᠠᠭᠤᠨ ᠢᠶᠠᠷ ᠶᠠᠳᠠᠭᠤ ᠠᠴᠠ | ᠠᠩᠭᠢᠵᠢᠷᠠᠭᠤᠯᠵᠦ᠂ ᠬᠦᠮᠦᠨ ᠪᠦᠷᠢ ᠶᠢᠨ ᠲᠡᠭᠰᠢᠳᠭᠡᠭᠰᠡᠨ ᠤᠷᠤᠯᠭ᠎ᠠ ᠶᠢ 7000 ᠲᠦᠭᠦᠷᠢᠭ ᠠᠴᠠ ᠲᠡᠭᠡᠭᠰᠢ | ᠪᠤᠯᠭᠠᠨ᠎ᠡ᠃ | ᠬᠤᠶᠠᠷ᠂ ᠠᠵᠢᠯ ᠤᠯᠭᠤᠬᠤ ᠦᠢᠯᠡᠰ ᠪᠦᠲᠦᠭᠡᠬᠦ ᠢᠨᠵᠧᠨᠧᠷᠢᠩ ᠢ ᠠᠬᠢᠭᠤᠯᠤᠨ᠎ᠡ᠃ ᠠᠵᠢᠯ ᠤᠯᠭᠤᠬᠤ ᠶᠢ | ᠲᠡᠷᠢᠭᠦᠨ ᠳᠤ ᠲᠠᠯᠪᠢᠬᠤ ᠪᠠᠶᠢᠯᠳᠤᠬᠤ ᠪᠤᠳᠤᠯᠭ᠎ᠠ ᠪᠤᠯᠤᠨ ᠨᠡᠩ ᠢᠳᠡᠪᠬᠢᠲᠠᠢ ᠠᠵᠢᠯ ᠤᠯᠭᠤᠬᠤ ᠲᠦᠷᠦ ᠶᠢᠨ | ᠪᠤᠳᠤᠯᠭ᠎ᠠ ᠶᠢ ᠨᠠᠶᠢᠳᠠᠪᠤᠷᠢᠵᠢᠭᠤᠯᠵᠦ᠂ ᠪᠦᠬᠦ ᠵᠢᠯ ᠳᠤ 1500 ᠬᠥᠳᠡᠯᠮᠦᠷᠢᠯᠡᠭᠴᠢ ᠳᠤ ᠮᠡᠷᠭᠡᠵᠢᠯ ᠤᠨ ᠪᠤᠯᠪᠠᠰᠤᠷᠠᠯ | ᠬᠠᠩᠭᠠᠵᠤ᠂ ᠮᠠᠯᠵᠢᠬᠤ ᠲᠠᠷᠢᠶᠠᠯᠠᠬᠤ ᠤᠷᠤᠨ ᠤ ᠦᠯᠡᠭᠦᠦ ᠬᠦᠲᠡᠯᠮᠦᠷᠢ ᠬᠦᠴᠦ ᠶᠢᠨ ᠰᠢᠯᠵᠢᠭᠦᠯᠦᠨ ᠠᠵᠢᠯ ᠤᠯᠭᠤᠬᠤ | ᠶᠢ ᠲᠤᠭᠳᠠᠭᠤᠨ ᠢᠶᠠᠷ 2 ᠲᠦᠮᠡᠨ ᠬᠦᠮᠦᠨ ᠠᠴᠠ ᠲᠡᠭᠡᠭᠰᠢ ᠪᠠᠶᠢᠯᠭᠠᠵᠦ᠂ ᠬᠤᠲᠠ ᠪᠠᠯᠭᠠᠰᠤᠨ ᠳᠤ1500 ᠬᠥᠮᠦᠨ | ᠳᠤ ᠰᠢᠨ᠎ᠡ ᠪᠠᠷ ᠠᠵᠢᠯ ᠣᠯᠭᠤᠵᠤ᠂ ᠬᠦᠲᠡᠯᠮᠦᠷᠢ ᠬᠦᠴᠦᠨ ᠤ ᠰᠢᠯᠵᠢᠭᠦᠯᠦᠨ ᠠᠵᠢᠯ ᠤᠯᠭᠤᠬᠤ ᠶᠢ ᠲᠠᠮᠵᠢᠬᠦ | ᠲᠦᠯᠦᠪᠯᠡᠭᠡ ᠶᠢ ᠬᠡᠷᠡᠭᠵᠢᠭᠦᠯᠵᠦ᠂ ᠤᠨᠤᠪᠴᠢᠲᠠᠢ ᠪᠠᠷ ᠲᠤᠰᠠᠯᠠᠨ ᠲᠡᠳᠭᠦᠵᠦ᠂ ᠠᠵᠦ ᠠᠬᠤᠶᠢᠯᠡᠯ ᠢ ᠲᠤᠰᠠᠯᠠᠨ ᠠᠵᠢᠯ | ᠤᠨ ᠪᠠᠶᠢᠷᠢ ᠶᠢ ᠲᠤᠭᠳᠠᠪᠤᠷᠢᠵᠢᠭᠤᠯᠬᠤ᠂ ᠨᠡᠶᠢᠭᠡᠮ ᠤᠨ ᠪᠠᠲᠤᠯᠠᠭ᠎ᠠ ᠶᠢᠨ ᠨᠦᠬᠦᠪᠦᠷᠢ᠂ ᠭᠠᠶᠢᠯᠢ ᠶᠢ ᠪᠠᠭᠠᠰᠬᠠᠨ | ᠪᠠᠭᠤᠷᠠᠭᠤᠯᠬᠤ ᠵᠠᠷᠭᠡ ᠲᠦᠷᠦ ᠶᠢᠨ ᠪᠤᠳᠤᠯᠭ᠎ᠠ ᠶᠢ ᠨᠡᠶᠢᠳᠠᠪᠤᠷᠢᠵᠢᠭᠤᠯᠵᠦ᠂ ︽ᠲᠤᠭᠳᠠᠮᠠᠯ ᠠᠵᠢᠯ ᠤᠨ ᠪᠠᠶᠢᠷᠢ ᠦᠭᠡᠢ | ᠭᠡᠷ ᠪᠦᠯᠢ︾ ᠶᠢᠨ ᠬᠦᠲᠡᠯᠦᠩᠭᠦᠢ ᠪᠠᠷ ᠠᠵᠢᠯ ᠤᠯᠭᠤᠬᠤ ᠶᠢ ᠪᠠᠲᠤᠯᠠᠵᠦ᠂ ︽ᠲᠠᠷᠬᠠᠨ ᠮᠤᠤᠮᠢᠩᠭᠠᠨ ᠤ ᠦᠢᠯᠡᠰ | ᠪᠦᠲᠦᠭᠡᠬᠦ︾ ᠠᠵᠢᠯᠯᠠᠭ᠎ᠠ ᠶᠢ ᠬᠡᠷᠡᠭᠵᠢᠭᠦᠯᠵᠦ᠂ ︽ᠤᠶᠤᠳᠠᠨ ᠴᠢᠳᠠᠪᠤᠷᠢᠲᠡᠨ ᠤ ᠪᠦᠬᠡᠮᠨᠠᠷᠡᠯ︾ ᠲᠦᠯᠦᠪᠯᠡᠭᠡ ᠶᠢ | ᠨᠡᠶᠢᠳᠠᠪᠦᠷᠢᠵᠢᠭᠤᠯᠵᠦ᠂ 1400 ᠨᠠᠷᠡᠰ ᠠᠴᠠ ᠲᠡᠭᠡᠭᠰᠢ ᠤᠶᠤᠳᠠᠳ ᠢ ᠴᠤᠭᠯᠠᠷᠠᠭᠤᠯᠵᠦ᠂ ᠤᠶᠤᠳᠠᠳ ᠤᠨ ᠦᠢᠯᠡᠰ | ᠪᠦᠲᠦᠭᠡᠬᠦ ᠰᠠᠭᠤᠷᠢᠨ ᠭᠠᠵᠠᠷ ᠪᠡ ᠨᠢᠭᠡ ᠪᠦᠯᠦᠭ ᠵᠢᠱᠢᠶ᠎ᠡ ᠦᠵᠡᠭᠦᠯᠬᠦ ᠦᠢᠯᠡᠳᠦᠯ ᠪᠦᠬᠦᠢ ᠦᠢᠯᠡᠰ ᠪᠦᠲᠦᠭᠡᠬᠦ | ᠰᠠᠭᠤᠷᠢᠨ ᠭᠠᠵᠠᠷ ᠢ ᠪᠦᠷᠢᠯᠳᠤᠭᠦᠯᠵᠦ᠂ ᠦᠢᠯᠡᠰ ᠪᠦᠲᠦᠭᠡᠬᠦ ᠶᠢᠨ ᠲᠠᠶᠢᠴᠢᠯᠠᠯᠲᠡ ᠶᠢᠨ ᠦᠢᠯᠡᠳᠦᠯ ᠢ | ᠴᠢᠩᠭᠠᠷᠠᠭᠤᠯᠵᠦ᠂ ᠦᠢᠯᠡᠰ ᠪᠦᠲᠦᠭᠡᠬᠦ ᠳᠠᠭᠠᠭᠠᠯᠲᠠ ᠶᠢᠨ ᠵᠢᠭᠡᠯᠡᠯᠭᠡ ᠮᠦᠩᠬᠦ ᠶᠢ3000 ᠲᠦᠮᠡᠨ ᠲᠥᠭᠦᠷᠢᠭ ᠠᠴᠠ | ᠳᠡᠭᠡᠭᠰᠢ ᠳᠠᠷᠬᠠᠭᠠᠵᠤ᠂ ᠦᠢᠯᠡᠰ ᠪᠦᠲᠦᠭᠡᠬᠦ ᠪᠠᠷ ᠠᠵᠢᠯ ᠤᠯᠭᠤᠬᠤ ᠶᠢ ᠳᠠᠶᠢᠴᠢᠯᠠᠬᠤ ᠬᠦᠮᠦᠨ ᠤ ᠲᠤᠭ᠎ᠠ ᠶᠢ | 1300 ᠬᠥᠮᠦᠨ ᠳᠤ ᠬᠦᠷᠭᠡᠨ᠎ᠡ᠃ | ᠭᠤᠷᠪᠡ᠂ ᠠᠷᠡᠳ ᠤᠨ ᠠᠮᠢᠳᠤᠷᠡᠯ ᠤᠨ ᠪᠠᠲᠤᠯᠠᠭ᠎ᠠ ᠶᠢᠨ ᠬᠢᠵᠠᠭᠠᠷ ᠱᠣᠭᠤᠮ ᠢ ᠬᠦᠴᠦᠯᠡᠨ ᠪᠠᠬᠢᠵᠢᠭᠦᠯᠦᠨ᠎ᠡ᠃ | ᠪᠦᠬᠦ ᠠᠷᠡᠳ ᠤᠨ ᠲᠠᠭᠠᠳᠬᠠᠯ ᠳᠤ ᠤᠷᠤᠯᠴᠠᠬᠤ ᠲᠦᠯᠦᠪᠯᠡᠭᠡ ᠶᠢ ᠬᠡᠷᠡᠭᠵᠢᠭᠦᠯᠵᠦ᠂ ᠬᠤᠲᠡ ᠬᠦᠲᠡᠭᠡ ᠶᠢᠨ | ᠰᠠᠭᠤᠭᠠᠯᠢ ᠠᠷᠡᠳ᠂ ᠭᠠᠳᠠᠨ᠎ᠡ ᠠᠴᠠ ᠠᠵᠢᠯ ᠤᠯᠭᠤᠬᠤ ᠪᠠᠷ ᠢᠷᠡᠭᠰᠡᠨ ᠬᠦᠮᠦᠰ ᠤᠨ ᠲᠠᠭᠠᠳᠬᠠᠯ ᠳᠤ ᠤᠷᠤᠯᠴᠠᠬᠤ | ᠶᠢ ᠪᠦᠷᠬᠦᠭᠦᠯᠬᠦ ᠬᠡᠪᠴᠢᠶ᠎ᠡ ᠶᠢ ᠦᠷᠭᠡᠳᠭᠡᠵᠦ᠂ 1100 ᠬᠦᠮᠦᠨ ᠢ ᠰᠢᠨ᠎ᠡ ᠪᠠᠷ ᠲᠠᠪᠤᠨ ᠲᠦᠷᠦᠯ ᠤᠨ ᠲᠠᠭᠠᠳᠬᠠᠯ | ᠳᠤ ᠤᠷᠤᠭᠤᠯᠤᠭᠰᠡᠨ ᠪᠠᠶᠢᠨ᠎ᠡ᠃ ︽ᠬᠤᠤᠰ ᠰᠦᠯᠵᠢᠶ᠎ᠡ︾ ᠶᠢᠨ ᠠᠭᠤᠰᠤᠯᠴᠠᠯ ᠲᠤᠭᠳᠠᠴᠠ ᠶᠢ ᠲᠡᠭᠦᠯᠲᠡᠷᠵᠢᠭᠦᠯᠵᠦ᠂ | ᠮᠠᠯᠵᠢᠬᠤ ᠲᠠᠷᠢᠶᠠᠯᠠᠬᠤ ᠤᠷᠤᠨ ᠤ ᠡᠮ ᠡᠮᠨᠡᠯᠭᠡ ᠶᠢᠨ ᠳᠠᠭᠠᠳᠬᠠᠯ ᠤᠨ ᠬᠠᠷᠠᠭᠠᠯᠵᠡᠯ ᠤᠨ ᠪᠠᠷᠢᠮᠵᠢᠶ᠎ᠡ ᠶᠢ | ᠲᠡᠭᠡᠭᠰᠢᠯᠡᠭᠦᠯᠵᠦ᠂ ᠬᠤᠲᠡ ᠬᠦᠲᠡᠭᠡ ᠶᠢᠨ ᠰᠠᠭᠤᠭᠠᠯᠢ ᠠᠷᠡᠳ ᠤᠨ ᠦᠨᠳᠦᠰᠦᠨ ᠡᠮ ᠡᠮᠨᠡᠯᠭᠡ ᠶᠢᠨ ᠪᠠᠲᠤᠯᠠᠭ᠎ᠠ ᠶᠢᠨ | ᠡᠷᠭᠡ ᠠᠰᠢᠭ ᠢ ᠡᠷᠭᠡ ᠲᠡᠭᠰᠢ ᠪᠠᠷ ᠡᠳ᠋ᠯᠡᠬᠦ ᠶᠢ ᠠᠬᠢᠭᠤᠯᠤᠨ᠎ᠡ᠃ ᠨᠡᠶᠢᠭᠡᠮ ᠤ ᠲᠤᠰᠠᠯᠠᠮᠵᠢ ᠶᠢᠨ ᠰᠢᠰᠲ᠋ᠧᠮ ᠤᠨ | ᠪᠦᠲᠦᠭᠡᠨ ᠪᠠᠶᠢᠭᠤᠯᠤᠯᠲᠡ ᠶᠢ ᠨᠢᠭᠡᠲᠦᠯᠲᠠᠢ ᠲᠦᠯᠦᠪᠯᠡᠨ ᠠᠳᠬᠤᠵᠦ᠂ ᠡᠯ᠎ᠡ ᠲᠦᠷᠦᠯ ᠤᠨ ᠲᠤᠰᠠᠯᠠᠮᠵᠢ ᠬᠦᠷᠲᠡᠬᠦ | ᠬᠦᠮᠦᠰ ᠤᠨ ᠨᠦᠬᠦᠪᠦᠷᠢ ᠮᠦᠩᠭᠦ ᠶᠢᠨ ᠪᠠᠷᠢᠮᠵᠢᠶ᠎ᠡ ᠶᠢ ᠲᠡᠭᠡᠭᠰᠢᠯᠡᠭᠦᠯᠦᠨ᠎ᠡ᠃ ︽ᠪᠠᠴᠢᠮ ᠬᠦᠴᠢᠷ ᠢ ᠠᠪᠤᠷᠠᠨ | ᠲᠤᠰᠠᠯᠠᠬᠤ︾ ᠵᠠᠷᠭᠡ ᠲᠦᠷ ᠴᠠᠭ ᠤᠨ ᠲᠤᠰᠠᠯᠠᠮᠵᠢ ᠶᠢᠨ ᠠᠵᠢᠯ ᠢ ᠬᠦᠨᠵᠡᠭᠡᠢ ᠦᠷᠨᠢᠭᠦᠯᠵᠦ᠂ ᠤᠯᠠᠨ ᠲᠦᠮᠡᠨ ᠤ | ᠬᠡᠨᠡᠳᠲᠡ ᠶᠢᠨ᠂ ᠪᠠᠴᠢᠮ ᠠᠰᠠᠭᠤᠳᠠᠯ ᠢ ᠰᠢᠢᠳᠪᠦᠷᠢᠯᠠᠵᠦ᠂ ᠬᠦᠮᠦᠨᠴᠢ ᠴᠢᠨᠠᠷ ᠤᠨ ᠠᠪᠤᠷᠠᠨ ᠲᠤᠰᠠᠯᠠᠬᠤ ᠠᠵᠢᠯ ᠢ | ᠰᠠᠶᠢᠳᠤᠷ ᠬᠢᠵᠦ᠂ ︽ᠤᠯᠠᠭᠠᠡ ᠵᠠᠭᠠᠯᠮᠠᠶᠢᠳᠠᠡ ᠤ ᠡᠪᠯᠠᠯ ᠤᠨ ᠠᠪᠤᠷᠠᠨ ᠲᠤᠰᠠᠯᠠᠬᠤ ᠲᠦᠯᠦᠪᠯᠡᠭᠡ︾᠂ ︽ᠭᠡᠭᠡᠨ ᠰᠠᠷᠠᠭᠤᠯ | ᠵᠠᠮ︾ ᠤᠨ ᠠᠵᠢᠯᠯᠠᠭ᠎ᠠ ᠶᠢ ᠨᠠᠶᠢᠳᠠᠪᠤᠷᠢᠵᠢᠭᠤᠯᠤᠨ᠎ᠡ᠃ ᠬᠦᠴᠢᠷ ᠮᠤᠬᠤᠷᠲᠡᠯ᠂ ᠭᠡᠷ ᠤᠷᠤᠨ ᠳᠤ ᠪᠠᠨ ᠦᠯᠡᠲᠡᠵᠦ | ᠬᠤᠴᠤᠷᠤᠭᠰᠡᠨᠬᠡᠦᠭᠡᠳ ᠪᠠᠭᠠᠴᠣᠳ ᠢ ᠲᠠᠮᠵᠢᠨ ᠲᠤᠰᠠᠯᠠᠬᠤ ᠬᠦᠮᠦᠷᠭᠡ ᠶᠢ ᠪᠠᠶᠢᠭᠤᠯᠵᠦ᠂ ᠵᠡᠮᠳᠡᠭᠴᠦᠳ ᠤᠨ | ᠨᠠᠶᠢᠳᠠᠵᠤ ᠠᠰᠠᠷᠠᠭᠤᠯᠬᠤ ᠲᠥᠪ ᠢ ᠪᠠᠶᠢᠭᠤᠯᠤᠨ᠎ᠡ᠃ | ︵ᠲᠤᠯᠤᠭ᠎ᠠ︶ ᠨᠡᠶᠢᠭᠡᠮ ᠤᠨ ᠠᠵᠢᠯ ᠦᠢᠯᠡᠰ ᠢ ᠬᠦᠴᠦᠯᠡᠨ ᠬᠦᠭᠵᠢᠭᠦᠯᠵᠦ᠂ ᠤᠯᠠᠨ ᠨᠡᠶᠢᠲᠡ ᠶᠢᠨ ᠰᠠᠭᠤᠷᠢ | ᠦᠢᠯᠡᠴᠢᠯᠡᠬᠡᠨ ᠤᠨ ᠬᠢᠷᠢ ᠲᠦᠪᠰᠢᠨ ᠢ ᠲᠡᠭᠡᠭᠰᠢᠯᠡᠭᠦᠯᠦᠨ᠎ᠡ | ᠨᠢᠭᠡ᠂ ᠠᠷᠠᠳ ᠤᠯᠠᠨ ᠳᠤ ᠬᠠᠨᠤᠮᠵᠢᠲᠠᠢ ᠰᠤᠷᠭᠠᠨ ᠬᠦᠮᠦᠵᠢᠯ ᠢ ᠡᠷᠬᠢᠯᠡᠨ᠎ᠡ᠃ ᠪᠠᠲᠤᠬᠠᠭᠠᠯᠭ᠎ᠠ ᠲᠤᠮᠲᠠᠲᠦ | ᠰᠤᠷᠭᠠᠭᠤᠯᠢ ᠶᠢᠨ ᠪᠡᠶ᠎ᠡ ᠲᠠᠮᠢᠷ ᠤᠨ ᠤᠷᠳᠤᠨ᠂ ᠮᠠᠨᠳᠤᠯ ᠤᠯᠠᠨ ᠤᠯᠤᠰ ᠤᠨ ᠪᠠᠭ᠎ᠠ ᠰᠤᠷᠭᠠᠭᠤᠯᠢ ᠶᠢᠨ ᠪᠠᠭᠰᠢ ᠶᠢᠨ | ᠲᠦᠷ ᠰᠠᠭᠤᠬᠤ ᠭᠡᠷ ᠢ ᠰᠢᠨ᠎ᠡ ᠪᠠᠷ ᠪᠠᠶᠢᠭᠤᠯᠵᠦ᠂ ᠪᠠᠲᠤᠬᠠᠭᠠᠯᠭ᠎ᠠ ᠨᠢᠭᠡᠳᠤᠭᠡᠷ ᠪᠠᠭ᠎ᠠ ᠰᠤᠷᠭᠠᠭᠤᠯᠢ ᠶᠢ ᠦᠷᠭᠡᠳᠬᠡᠨ | ᠪᠠᠶᠢᠭᠤᠯᠵᠤ᠂ ᠵᠠᠯᠠᠭᠤᠴᠤᠳ ᠪᠠᠭᠠᠴᠤᠳ ᠤᠨ ᠬᠠᠦᠯᠢ ᠲᠦᠷᠢᠮ ᠤᠨ ᠰᠤᠷᠭᠠᠨ ᠬᠥᠮᠦᠵᠢᠯ ᠤᠨ ᠰᠠᠭᠤᠷᠢᠨ ᠭᠠᠵᠠᠷ ᠢ | ᠦᠭᠡᠷᠡᠴᠢᠯᠡᠨ ᠪᠠᠶᠢᠭᠤᠯᠤᠨ᠎ᠡ᠃ ᠰᠤᠷᠭᠠᠨ ᠬᠦᠮᠦᠵᠢᠯ ᠤᠨ ᠮᠡᠲᠡᠭᠡ ᠵᠠᠩᠬᠢ ᠶᠢᠨ ᠰᠦᠯᠵᠢᠶᠠᠨ ᠬᠡᠷᠡᠭᠯᠡᠭᠡᠨ ᠤ ᠵᠦᠭᠡᠯᠡᠨ | ᠬᠡᠷᠡᠭᠰᠡᠯ ᠤᠨ ᠰᠢᠰᠲ᠋ᠧᠮ ᠢ ᠪᠠᠶᠢᠭᠤᠯᠵᠦ᠂ ᠬᠤᠰᠢᠭᠤᠨ ᠤ ᠰᠤᠷᠭᠠᠨ ᠬᠦᠮᠦᠵᠢᠯ ᠤᠨ ᠮᠡᠲᠡᠭᠡ ᠵᠠᠩᠬᠢ ᠶᠢᠨ ᠤᠷᠤᠨ | ᠬᠤᠲᠡ ᠶᠢᠨ ᠬᠢᠨ ᠲᠠᠢ ᠬᠠᠮ ᠲᠠᠪᠲᠠᠮᠵᠢ ᠪᠠᠷ ᠬᠠᠷᠢᠯᠴᠠᠨ ᠬᠤᠪᠢᠶᠠᠯᠴᠠᠬᠤ ᠪᠤᠯᠭᠠᠨ᠎ᠡ᠃ ᠦᠨᠳᠦᠰᠦᠲᠡᠨ ᠤ ᠰᠤᠷᠭᠠᠨ | ᠬᠦᠮᠦᠵᠢᠯ ᠢ ᠴᠢᠬᠤᠯᠴᠢᠯᠠᠨ ᠬᠦᠭᠵᠢᠭᠦᠯᠵᠦ᠂ ᠮᠤᠩᠭᠤᠯ ᠤᠯᠤᠰ ᠤᠨ ᠰᠤᠷᠤᠭᠴᠢ ᠶᠢ ᠡᠯᠰᠡᠵᠦ ᠶᠢ ᠰᠠᠨᠠᠭᠠᠴᠢᠯᠠᠵᠦ᠂ | ᠮᠤᠩᠭᠤᠯ ᠰᠤᠷᠭᠠᠭᠤᠯᠢ ᠶᠢ ᠦᠪᠡᠷᠲᠡᠭᠡᠨ ᠵᠠᠰᠠᠬᠤ ᠤᠷᠤᠨ ᠤ ᠦᠨᠳᠦᠰᠦᠲᠡᠨ ᠤ ᠰᠤᠷᠭᠠᠨ ᠬᠦᠮᠦᠵᠢᠯ ᠤᠨ ᠵᠢᠱᠢᠶ᠎ᠡ | ᠦᠵᠡᠭᠦᠯᠬᠦ ᠰᠤᠷᠭᠠᠭᠤᠯᠢ ᠪᠤᠯᠭᠠᠨ ᠬᠦᠭᠵᠢᠭᠦᠯᠦᠨ᠎ᠡ᠃ ︽ᠳᠠᠭᠠᠭᠤᠯᠤᠭᠴᠢ ᠵᠠᠬᠢᠷᠤᠯ︾᠂ ︽ᠰᠢᠯᠭᠠᠷᠠᠭᠰᠠᠨ ᠪᠠᠭᠰᠢ︾ ᠶᠢ | ᠬᠥᠮᠦᠵᠢᠭᠦᠯᠬᠦ ᠲᠦᠯᠦᠪᠯᠡᠭᠡ ᠪᠡ ᠬᠦᠲᠡᠭᠡ ᠲᠤᠰᠬᠤᠨ ᠤ ᠪᠠᠭᠰᠢ ᠢ ᠲᠠᠮᠵᠢᠬᠦ ᠲᠦᠯᠦᠪᠯᠡᠭᠡ ᠶᠢ ᠬᠡᠷᠡᠭᠵᠢᠭᠦᠯᠵᠦ᠂ | ᠪᠠᠭᠰᠢ ᠶᠢᠨ ᠪᠣᠯᠪᠠᠰᠤᠷᠠᠯ ᠪᠠ ᠪᠠᠭᠰᠢ ᠶᠢᠨ ᠡᠩᠨᠡᠭᠡᠨ ᠤ ᠪᠠᠶᠢᠭᠤᠯᠤᠯᠲᠠ ᠶᠢ ᠪᠦᠬᠦ ᠲᠠᠯ᠎ᠠ ᠪᠠᠷ ᠴᠢᠩᠭᠠᠳᠬᠠᠨ᠎ᠡ᠃ | ᠰᠤᠷᠤᠭᠴᠢ ᠶᠢᠨ ᠶᠤᠰᠤ ᠮᠤᠷᠠᠯ ᠤᠨ ᠬᠦᠮᠦᠵᠢᠯ ᠪᠤᠯᠤᠨ ᠪᠡᠶ᠎ᠡ ᠮᠠᠬᠠᠪᠤᠳ ᠤᠨ ᠪᠤᠯᠪᠠᠰᠤᠷᠡᠯ ᠢ ᠴᠢᠩᠭᠠᠳᠬᠠᠵᠦ᠂ ᠬᠡᠪ | ᠴᠢᠨᠠᠷ ᠤᠨ ᠰᠤᠷᠭᠠᠨ ᠬᠦᠮᠦᠵᠢᠯ ᠢ ᠪᠦᠭᠦ ᠲᠡᠯ᠎ᠡ ᠪᠠᠷ ᠭᠦᠨᠵᠡᠭᠡᠶᠢᠷᠡᠭᠦᠯᠦᠨ᠎ᠡ᠃ ᠵᠢᠭᠠᠨ ᠰᠤᠷᠭᠠᠬᠤ ᠵᠠᠭᠪᠤᠷ ᠢ | ᠲᠡᠭᠦᠯᠲᠡᠷᠵᠢᠭᠦᠯᠦᠨ᠂ ᠦᠪᠡᠷᠲᠡᠭᠡᠨ ᠵᠠᠰᠠᠬᠤ ᠤᠷᠤᠨ ᠤ ᠲᠤᠮᠳᠠᠳᠦ ᠪᠠᠭ᠎ᠠ ᠰᠤᠷᠭᠠᠭᠤᠯᠢ ᠶᠢᠨ ᠵᠢᠠᠭᠠᠨ ᠰᠤᠷᠭᠠᠯᠲᠡ | ᠶᠢᠨ ᠦᠭᠡᠷᠡᠴᠢᠯᠡᠯᠲᠡ ᠶᠢᠨ ᠠᠬᠤᠢ ᠲᠠᠯᠠᠪᠡᠢ ᠶᠢᠨ ᠬᠤᠷᠡᠯ ᠢ ᠲᠠᠭᠠᠭᠠᠴᠢᠯᠠᠨ ᠡᠷᠬᠢᠯᠡᠨ᠎ᠡ᠃ ᠰᠤᠷᠭᠠᠭᠤᠯᠢ ᠶᠢᠨ | ᠬᠦᠷᠢᠶᠠᠨ ᠤ ᠠᠮᠦᠷ ᠲᠦᠪᠰᠢᠨ ᠤ ᠬᠠᠮᠢᠶᠠᠷᠤᠯᠲᠡ ᠪᠡ ᠰᠤᠷᠤᠭᠴᠢ ᠬᠦᠷᠭᠡᠬᠦ ᠲᠡᠷᠭᠡᠨ ᠤ ᠠᠶᠦᠯ ᠦᠭᠡᠢ ᠡᠵᠡᠩᠨᠡᠬᠦ ᠶᠢ | ᠴᠢᠩᠭᠠᠳᠬᠠᠵᠦ᠂ ᠰᠤᠷᠭᠠᠭᠤᠯᠢ ᠶᠢᠨ ᠡᠷᠬᠢᠨ ᠲᠤᠭᠤᠷᠢᠨ ᠢ ᠶᠡᠷᠦᠩᠬᠡᠶᠢᠯᠠᠨ ᠵᠠᠰᠠᠬᠤ ᠵᠠᠷᠭᠡ ᠠᠵᠢᠯᠯᠠᠭ᠎ᠠ ᠦᠷᠨᠢᠭᠦᠯᠦᠨ᠎ᠡ᠃ | | ᠬᠤᠶᠠᠷ᠂ ᠠᠷᠡᠳ ᠤᠯᠠᠨ ᠤ ᠡᠷᠡᠭᠦᠯ ᠮᠠᠨᠲᠦ ᠶᠢᠨ ᠬᠢᠷᠢ ᠲᠦᠪᠰᠢᠨ ᠢ ᠲᠡᠭᠡᠭᠰᠢᠯᠡᠭᠦᠯᠦᠨ᠎ᠡ᠃ ᠦᠨᠳᠦᠰᠦᠨ | ᠱᠠᠲᠤᠨ ᠤ ᠡᠮ ᠡᠮᠨᠡᠯᠭᠡ ᠪᠤᠯᠤᠨ ᠤᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ ᠦᠢᠯᠡᠴᠢᠯᠡᠭᠡ ᠶᠢ | ᠰᠢᠯᠢᠲᠡᠭᠵᠢᠭᠦᠯᠵᠦ᠂ ᠦᠨᠳᠦᠰᠦᠨ ᠱᠠᠲᠤᠨ ᠤ ᠡᠷᠡᠭᠦᠯ ᠬᠠᠮᠠᠭᠠᠯᠠᠯ ᠤᠨ ᠬᠤᠷᠢᠶᠠᠨ ᠤ ᠲᠤᠬᠠᠶᠢᠯᠠᠭᠰᠠᠨ ᠠᠵᠢᠯ ᠤᠨ | ᠬᠡᠷᠡᠭᠯᠡᠭᠡᠨ ᠤ ᠭᠡᠷ ᠪᠠᠶᠢᠰᠢᠩ 4 ᠶᠢ ᠪᠠᠶᠢᠭᠤᠯᠵᠦ᠂ ᠡᠬᠡ ᠨᠢᠯᠬᠠᠰ ᠤᠨ ᠡᠷᠡᠭᠦᠯᠵᠢᠯ ᠤᠨ ᠭᠠᠵᠠᠷ᠂ ᠡᠪᠡᠳᠴᠢᠨ ᠡᠮᠭᠡᠭ | ᠰᠡᠷᠭᠡᠶᠢᠯᠡᠨ ᠬᠢᠵᠠᠭᠠᠷᠯᠠᠬᠤ ᠲᠥᠪ ᠪᠠ ᠡᠷᠡᠭᠦᠯ ᠬᠠᠮᠠᠭᠠᠯᠠᠯ ᠤᠨ ᠬᠢᠨᠠᠯᠲᠠ ᠲᠠᠯᠪᠢᠬᠤ ᠭᠠᠵᠠᠷ ᠤᠨ ᠶᠡᠷᠦᠩᠬᠡᠶᠢᠯᠡᠭᠰᠡᠨ | ᠠᠵᠢᠯ ᠤᠨ ᠠᠰᠠᠷ ᠢ ᠰᠢᠨ᠎ᠡ ᠪᠠᠷ ᠪᠠᠶᠢᠭᠤᠯᠤᠨ᠎ᠡ᠃ ᠮᠤᠩᠭᠤᠯ ᠡᠮ ᠡᠮᠨᠡᠯᠭᠡ ᠶᠢᠨ ᠦᠢᠯᠡᠰ ᠤᠨ ᠬᠦᠭᠵᠢᠯᠲᠡ ᠶᠢ | ᠰᠠᠶᠢᠳᠤᠷ ᠠᠳᠬᠤᠵᠦ᠂ ᠰᠢᠶᠠᠨ ᠤ ᠲᠡᠰ ᠤᠨ ᠮᠤᠩᠭᠤᠯ ᠬᠢᠳᠠᠳ ᠡᠮᠨᠡᠯᠭᠡ ᠶᠢᠨ ᠡᠮᠨᠠᠨ ᠰᠤᠪᠢᠯᠠᠬᠤ ᠲᠦᠪ ᠢ | ᠪᠠᠶᠢᠭᠤᠯᠵᠦ᠂ ᠦᠨᠳᠦᠰᠦᠨ ᠱᠠᠳᠣᠨ ᠤ ᠡᠷᠡᠭᠦᠯ ᠬᠠᠮᠠᠭᠠᠯᠠᠯ ᠤᠨ ᠲᠠᠰᠤᠭ ᠤᠨ ᠮᠤᠩᠭᠤᠯ ᠬᠢᠳᠠᠳ ᠡᠮᠨᠡᠯᠭᠡ ᠶᠢᠨ | ᠡᠮᠨᠠᠨ ᠰᠤᠪᠢᠯᠠᠯᠲᠡ ᠶᠢᠨ ᠪᠦᠬᠦ ᠪᠦᠷᠬᠦᠭᠦᠯᠲᠡ ᠶᠢ ᠪᠠᠶᠠᠯᠡᠭᠦᠯᠦᠨ᠎ᠡ᠃ ᠡᠷᠡᠭᠦᠯ ᠴᠢᠬᠢᠷᠠᠭ ᠪᠤᠯᠪᠠᠰᠤᠨ ᠠᠮᠢᠳᠤᠷᠡᠯ ᠤᠨ | ᠬᠡᠯᠪᠡᠷᠢ ᠶᠢ ᠰᠠᠨᠠᠭᠠᠴᠢᠯᠠᠵᠦ᠂ ᠤᠯᠤᠰ ᠤᠨ ᠡᠷᠡᠭᠦᠯ ᠮᠡᠨᠳᠤ ᠶᠢ ᠠᠬᠢᠭᠤᠯᠬᠤ ᠬᠤᠰᠢᠭᠤ ᠶᠢ ᠪᠦᠬᠦ ᠬᠦᠴᠦ ᠪᠠᠷ | ᠪᠦᠲᠦᠭᠡᠨ ᠪᠠᠶᠢᠭᠤᠯᠤᠨ᠎ᠡ᠃ ᠤᠳᠠᠭᠠᠨ ᠴᠢᠨᠠᠷᠲᠠᠢ ᠡᠪᠡᠳᠴᠢᠨ ᠤ ᠡᠷᠡᠭᠦᠯᠵᠢᠬᠦ ᠰᠤᠷᠭᠠᠨ ᠬᠦᠮᠦᠵᠢᠯ ᠤᠨ ᠰᠠᠭᠤᠷᠢᠨ | ᠭᠠᠵᠠᠷ ᠢ ᠪᠦᠲᠦᠭᠡᠨ ᠪᠠᠶᠢᠭᠤᠯᠵᠦ᠂ ᠭᠤᠤᠯᠳᠠᠯᠭᠠᠲᠦ ᠬᠦᠮᠦᠰ ᠤᠨ ᠡᠷᠡᠭᠦᠯ ᠴᠢᠬᠢᠷᠠᠭ ᠤᠨ ᠬᠠᠮᠢᠶᠠᠷᠤᠯᠲᠡ ᠶᠢᠨ | ᠦᠢᠯᠡᠴᠢᠯᠡᠭᠡ ᠶᠢ ᠴᠢᠩᠭᠠᠳᠬᠠᠵᠦ᠂ 60 ᠪᠦᠬᠦᠯᠢ ᠨᠠᠰᠣᠨ ᠠᠴᠠ ᠲᠡᠭᠡᠭᠰᠢᠬᠢ ᠡᠷᠡᠭᠲᠠᠢ᠂ 55 ᠪᠦᠬᠦᠯᠢ ᠨᠠᠰᠤᠨ ᠠᠴᠠ | ᠲᠡᠭᠡᠭᠰᠢᠬᠢ ᠡᠮᠡᠭᠲᠠᠢ ᠮᠠᠯᠴᠢᠨ ᠲᠠᠷᠢᠶᠠᠴᠢᠨ ᠳᠤ ᠰᠦᠢᠳᠭᠡᠯ ᠬᠤᠷᠢᠶᠠᠬᠤ ᠦᠭᠡᠢ ᠪᠡᠶ᠎ᠡ ᠶᠢᠨ ᠪᠠᠶᠢᠴᠠᠭᠠᠯᠲᠡ ᠬᠢᠵᠦ᠂ | ᠨᠠᠰᠤᠲᠡᠳ ᠤᠨ ᠠᠰᠠᠷᠠᠯᠲᠡ᠂ ᠡᠷᠡᠭᠦᠯᠵᠢᠯ᠂ ᠰᠤᠪᠢᠯᠠᠯᠲᠡ ᠵᠠᠷᠭᠡ ᠶᠢ ᠪᠠᠭᠳᠠᠭᠠᠭᠰᠡᠨ ᠡᠮᠨᠡᠨ ᠰᠤᠪᠢᠯᠠᠬᠤ ᠮᠠᠶ᠋ᠢᠭ ᠤᠨ | ᠨᠠᠰᠤᠲᠡᠳ ᠢ ᠠᠰᠠᠷᠠᠬᠤ ᠦᠢᠯᠡᠴᠢᠯᠡᠭᠡᠨ ᠤ ᠲᠦᠪ ᠢ ᠰᠢᠨ᠎ᠡ ᠪᠠᠷ ᠪᠠᠶᠢᠭᠤᠯᠤᠨ᠎ᠡ᠃ ᠪᠦᠬᠦ ᠠᠷᠡᠳ ᠤᠨ ᠪᠡᠶ᠎ᠡ | ᠮᠠᠬᠠᠪᠤᠳ ᠢᠶᠠᠨ ᠪᠤᠯᠪᠠᠰᠤᠷᠠᠭᠤᠯᠬᠤ ᠬᠦᠲᠡᠯᠭᠡᠭᠡᠨ ᠢ ᠦᠷᠨᠢᠭᠦᠯᠵᠦ᠂ ᠠᠷᠠᠳ ᠤᠯᠠᠨ ᠤ ᠪᠡᠶ᠎ᠡ ᠲᠠᠮᠢᠷ ᠪᠤᠯᠤᠨ | ᠦᠷᠢᠰᠦᠯᠲᠦᠭᠡᠨ ᠤ ᠪᠡᠶ᠎ᠡ ᠲᠠᠮᠢᠷ ᠤᠨ ᠪᠦᠬᠦ ᠲᠡᠯ᠎ᠡ ᠪᠠᠷ ᠬᠦᠭᠵᠢᠬᠦ ᠶᠢ ᠠᠬᠢᠭᠤᠯᠤᠨ᠎ᠡ᠃ | ᠭᠤᠷᠪᠡ᠂ ᠠᠷᠡᠳ ᠲᠦᠮᠡᠨ ᠤ ᠰᠤᠶᠤᠯ ᠤᠨ ᠠᠮᠢᠳᠤᠷᠡᠯ ᠢ ᠪᠠᠶᠠᠯᠢᠭᠵᠢᠭᠤᠯᠤᠨᠡ᠃ ︽ᠪᠦᠬᠦ ᠠᠷᠠᠳ ᠨᠤᠮ | ᠤᠩᠰᠢᠬᠤ᠂ ᠨᠤᠮ ᠤᠨ ᠬᠡᠰᠢᠭᠳᠦ ᠳᠠᠷᠬᠠᠨ ᠮᠤᠤᠮᠢᠩᠭᠠᠨ︾᠂ ︽ᠲᠠᠷᠬᠠᠨ ᠮᠤᠤᠮᠢᠩᠭᠠᠨ ᠢᠶᠠᠨ ᠬᠦᠥᠷᠨᠢᠬᠦ︾᠂ ︽ᠬᠦᠲᠡᠭᠡ | ᠲᠤᠰᠬᠤᠨ ᠤ ᠰᠤᠳᠤᠨ ᠬᠦᠮᠦᠨ︾ ᠢ ᠰᠤᠩᠭᠤᠬᠤ ᠵᠡᠷᠭᠡ ᠭᠤᠣᠯ ᠰᠡᠳᠦᠪᠲᠦ ᠠᠵᠢᠯᠯᠠᠭ᠎ᠠ ᠶᠢ ᠭᠦᠨᠵᠡᠭᠡᠶ | ᠥᠷᠨᠢᠭᠦᠯᠵᠦ᠂ ᠡᠷᠡᠭᠦᠯ ᠴᠢᠬᠢᠷᠠᠭ ᠰᠤᠶᠤᠯ ᠤᠨ ᠤᠷᠴᠢᠨ ᠠᠬᠤᠢ ᠶᠢ ᠪᠤᠢ ᠪᠤᠯᠭᠠᠨ᠎ᠡ᠃ ︽ᠲᠦᠷᠪᠡᠨ ᠰᠣᠶᠣᠯ ᠤᠨ | ᠳᠠᠩ ᠴᠤᠭᠴᠠ︾ ᠢ ᠲᠦᠷᠭᠡᠳᠭᠡᠨ ᠪᠠᠶᠢᠭᠤᠯᠵᠦ᠂ ᠠᠬᠠᠮᠠᠳ ᠺᠠᠳ᠋ᠷᠴᠤᠳ ᠤᠨ ᠬᠦᠲᠡᠯᠭᠡᠭᠡᠨ ᠤ ᠲᠦᠪ᠂ ᠪᠠᠭᠠᠴᠤᠳ | ᠤᠨ ᠤᠷᠳᠤᠨ᠂ ᠰᠢᠨᠵᠢᠯᠡᠬᠦ ᠮᠡᠷᠭᠡᠵᠢᠯ ᠤᠨ ᠤᠷᠳᠤᠨ ᠢ ᠡᠬᠢᠯᠡᠨ ᠪᠠᠶᠢᠭᠤᠯᠵᠦ᠂ ᠰᠠᠭᠤᠷᠢᠨ ᠭᠠᠵᠠᠷ ᠤᠨ᠂ ᠬᠦᠲᠡᠯᠦᠩᠭᠦᠢ | ᠪᠡ ᠳ᠋ᠡᠶᠢᠲ᠋ᠡ ᠶᠢᠨ ᠰᠤᠶᠤᠯ ᠤᠨ ᠦᠢᠯᠡᠴᠢᠯᠡᠭᠡᠨ ᠤ ᠤᠶᠠᠯᠳᠤᠬᠤ ᠶᠢ ᠠᠬᠢᠭᠤᠯᠤᠨ᠎ᠡ᠃ ᠰᠢᠯᠢᠳᠡᠭ ᠤᠯᠠᠮᠵᠢᠯᠠᠯᠲᠦ | ᠰᠤᠶᠤᠯ ᠢ ᠵᠠᠯᠭᠠᠮᠵᠢᠯᠠᠨ ᠬᠦᠭᠵᠢᠭᠦᠯᠬᠦ ᠢᠨᠵᠧᠨᠧᠷᠢᠩ ᠢ ᠬᠡᠷᠡᠭᠵᠢᠭᠦᠯᠵᠦ᠂ ᠦᠪᠡᠷᠲᠡᠭᠡᠨ ᠵᠠᠰᠠᠬᠤ ᠤᠷᠤᠨ | ᠪᠠᠶᠢᠭᠤᠯᠤᠭᠲᠠᠭᠰᠡᠨ70 ᠵᠢᠯ ᠤᠨ ᠤᠢ ᠪᠡ ᠬᠤᠰᠢᠭᠤ ᠪᠠᠶᠢᠭᠤᠯᠤᠭᠳᠠᠭᠰᠡᠨ 65 ᠵᠢᠯ ᠤᠨ ᠤᠢ ᠶᠢ ᠪᠡᠯᠭᠡᠯᠡᠬᠦ ᠪᠠᠷ | ᠭᠤᠤᠯ ᠰᠡᠳᠤᠪ ᠪᠤᠯᠭᠠᠨ ᠨᠢᠭᠡ ᠪᠦᠯᠦᠭ ᠰᠤᠶᠤᠯ ᠤᠨ ᠰᠤᠳᠤᠨ ᠪᠦᠲᠦᠭᠡᠯ ᠢ ᠪᠦᠲᠦᠭᠡᠨ᠎ᠡ᠃ ᠰᠤᠶᠤᠯ ᠤᠨ | ᠴᠢᠳᠠᠪᠦᠷᠢᠲᠠᠨ ᠢ ᠬᠦᠮᠦᠵᠢᠭᠦᠯᠵᠦ᠂ ᠠᠷᠠᠳ ᠤᠨ ᠤᠷᠠᠯᠠᠭᠴᠢᠳ ᠤᠨ ᠪᠦᠲᠦᠭᠡᠯ ᠤᠳ ᠢ ᠬᠠᠯᠠᠮᠵᠢᠯᠠᠨ ᠲᠠᠮᠵᠢᠵᠦ᠂ | ᠪᠤᠳᠠᠰ ᠤᠨ ᠪᠤᠰᠦ ᠰᠤᠶᠤᠯ ᠤᠨ ᠦᠪ ᠢ ᠪᠦᠭᠦ ᠲᠡᠯ᠎ᠡ ᠪᠠᠷ ᠬᠠᠮᠠᠭᠠᠯᠠᠨ᠎ᠡ᠃ ᠤᠯᠠᠨᠰᠦ᠋ᠮ᠎ᠡ ᠶᠢᠨ ᠬᠠᠭᠤᠴᠢᠨ ᠬᠤᠳᠡ | ᠶᠢᠨ ᠬᠠᠮᠠᠭᠠᠯᠠᠯᠲᠡ ᠪᠡ ᠨᠡᠭᠡᠭᠡᠨ ᠠᠰᠢᠭᠯᠠᠯᠲᠡ ᠶᠢᠨ ᠠᠵᠢᠯ ᠢ ᠰᠠᠶᠢᠳᠤᠷ ᠬᠢᠬᠦ ᠬᠡᠷᠡᠭᠲᠠᠢ᠃ | ᠲᠦᠷᠪᠡ᠂ ᠨᠡᠶᠢᠭᠡᠮ ᠤᠨ ᠡᠶ᠎ᠡ ᠵᠤᠬᠢᠴᠡᠯ ᠪᠡ ᠲᠤᠭᠲᠠᠭᠤᠨ ᠪᠠᠶᠢᠲᠡᠯ ᠢ ᠬᠠᠮᠠᠭᠠᠯᠠᠨ᠎ᠡ᠃ ᠨᠡᠶᠢᠭᠡᠮ ᠤᠨ ᠵᠠᠰᠠᠯᠲᠡ | ᠶᠢᠨ ᠰᠢᠨ᠎ᠡ ᠶᠢ ᠡᠭᠦᠳᠬᠦ ᠶᠢ ᠴᠢᠩᠭᠠᠳᠬᠠᠵᠦ᠂ ᠴᠢᠬᠤᠯᠡ ᠤᠷᠤᠨ ᠲᠠᠯᠠᠪᠡᠢ ᠪᠤᠯᠤᠨ ᠴᠢᠬᠤᠯᠡ ᠬᠦᠮᠦᠰ ᠤᠨ ᠬᠢᠨᠠᠨ | ᠬᠠᠮᠢᠶᠠᠷᠬᠤ ᠶᠢ ᠴᠢᠩᠭᠠᠷᠠᠭᠤᠯᠵᠦ᠂ ︽ᠴᠠᠭᠳᠠᠬᠤ ᠭᠤᠷᠪᠠᠨ ᠦᠵᠡᠭᠳᠡᠯ︾ ᠤᠨ ᠠᠷᠭ᠎ᠠ ᠬᠡᠮᠵᠢᠶ᠎ᠡ ᠶᠢ | ᠨᠠᠶᠢᠳᠠᠪᠤᠷᠢᠵᠢᠭᠤᠯᠵᠦ᠂ ︽ᠳᠦᠷᠪᠡᠨ ᠳᠡᠰ ᠤᠨ ᠲᠤᠭᠤᠷᠢᠨ ᠴᠠᠭᠳᠠᠬᠤ︾ ᠲᠣᠭᠲᠠᠴᠠ ᠶᠢ ᠭᠦᠨᠵᠡᠭᠡᠶᠢᠷᠡᠭᠦᠯᠵᠦ᠂ | ᠨᠡᠶᠢᠭᠡᠮ ᠲᠤᠭᠤᠷᠢᠭ ︵ᠭᠠᠴᠠᠭ᠎ᠠ ᠲᠤᠰᠬᠤᠨ︶ ᠤ ᠴᠠᠭᠳᠠᠭᠠᠨ ᠶᠠᠪᠤᠲᠡᠯ ᠤᠨ ᠲᠡᠰᠤᠭ ᠤᠨ ᠪᠦᠷᠬᠦᠭᠦᠯᠲᠡ ᠶᠢ | ᠪᠠᠶᠡᠯᠡᠭᠦᠯᠦᠨ᠎ᠡ᠃︽ᠬᠠᠤᠯᠢ ᠪᠠᠷ ᠵᠠᠰᠠᠬᠤ ᠵᠠᠬᠢᠳᠠᠯ ᠰᠤᠷᠪᠤᠯᠵᠢᠯᠠᠭ᠎ᠠ︾᠂ ︽ᠬᠠᠶᠢᠷ᠎ᠠ ᠬᠠᠯᠠᠮᠵᠢᠳᠤ ᠵᠠᠬᠢᠳᠠᠯ | ᠰᠤᠷᠪᠤᠯᠵᠢᠯᠠᠭ᠎ᠠ︾ ᠶᠢ ᠲᠦᠯᠬᠢᠨ ᠠᠬᠢᠭᠤᠯᠵᠦ᠂ ᠵᠠᠬᠢᠲᠡᠯ ᠰᠤᠷᠪᠤᠯᠵᠢᠯᠠᠭ᠎ᠠ ᠶᠢᠨ ᠲᠠᠷᠤᠭᠳᠠᠮᠠᠯ ᠬᠡᠷᠡᠭ ᠢ ᠬᠠᠦᠯᠢ | ᠶᠤᠰᠤᠭᠠᠷ ᠵᠢᠷᠤᠮᠵᠢᠭᠤᠯᠤᠨ ᠭᠦᠢᠴᠡᠳᠭᠡᠵᠦ᠂ ᠵᠢᠯ ᠤᠨ ᠲᠤᠳᠤᠷ᠎ᠡ ᠵᠠᠬᠢᠳᠠᠯ ᠰᠤᠷᠪᠤᠯᠵᠢᠯᠠᠭ᠎ᠠ ᠶᠢᠨ ᠲᠤᠭ᠎ᠠ ᠬᠡᠮᠵᠢᠶ᠎ᠡ | ᠶᠢ 20% ᠠᠴᠠ ᠲᠤᠷᠤᠭᠰᠢ ᠪᠠᠶᠢᠯᠭᠠᠵᠦ᠂ ᠦᠪᠡᠷᠲᠡᠭᠡᠨ ᠵᠠᠰᠠᠬᠤ ᠤᠷᠤᠨ ᠤ ︽ᠭᠤᠷᠪᠠᠨ ᠦᠭᠡᠢ︾ ᠬᠤᠰᠢᠭᠤ ᠶᠢ | ᠪᠠᠶᠢᠭᠤᠯᠤᠨ᠎ᠡ᠃ ᠠᠶᠦᠯᠭᠦᠢ ᠦᠢᠯᠡᠳᠪᠦᠷᠢᠯᠡᠯ ᠤᠨ ᠬᠠᠷᠢᠭᠤᠴᠠᠯᠭ᠎ᠠ ᠶᠢᠨ ᠰᠢᠰᠲ᠋ᠧᠮ᠂ ᠠᠶᠦᠯ ᠲᠦᠭᠰᠢᠭᠦᠷᠢ ᠶᠢ | ᠰᠡᠷᠭᠡᠶᠢᠯᠡᠨ ᠡᠵᠡᠮᠳᠡᠬᠦ ᠰᠢᠰᠲ᠋ᠧᠮ ᠪᠡ ᠪᠠᠴᠢᠮ ᠪᠠᠶᠢᠲᠡᠯ ᠢ ᠠᠷᠭᠠᠴᠠᠵᠦ ᠠᠪᠤᠷᠡᠨ ᠲᠤᠰᠠᠯᠠᠬᠤ ᠰᠢᠰᠲ᠋ᠧᠮ ᠢ ᠤᠯᠠᠮ | ᠨᠢᠭᠡ ᠠᠯᠬᠤᠮ ᠲᠡᠭᠦᠯᠲᠡᠷᠵᠢᠭᠦᠯᠵᠦ᠂ ᠲᠠᠯᠲᠡ ᠬᠡᠮ ᠢ ᠪᠦᠭᠦ ᠲᠡᠯ᠎ᠡ ᠪᠠᠷ ᠪᠠᠶᠢᠴᠠᠭᠠᠨ ᠠᠷᠢᠯᠭᠠᠵᠦ᠂ ᠠᠷᠡᠳ ᠲᠦᠮᠡᠨ ᠤ | ᠠᠮᠢ ᠨᠠᠰᠤ ᠡᠳ᠋ ᠬᠦᠷᠦᠩᠬᠡ ᠶᠢᠨ ᠠᠶᠦᠯᠭᠦᠢ ᠶᠢ ᠪᠠᠲᠤᠯᠠᠨ᠎ᠡ᠃ ᠬᠡᠨᠡᠳᠲᠡ ᠶᠢᠨ ᠬᠡᠷᠡᠭ ᠢ ᠠᠷᠭᠠᠴᠠᠨ ᠰᠡᠶᠢᠳᠪᠦᠷᠢᠯᠡᠬᠦ | ᠲᠤᠭᠲᠠᠴᠡ ᠶᠢ ᠪᠦᠷᠢᠨᠰᠢᠭᠦᠯᠵᠦ᠂ ᠭᠠᠮᠰᠢᠭ ᠢ ᠰᠡᠷᠭᠡᠶᠢᠯᠡᠨ ᠭᠠᠮᠰᠢᠭ ᠢ ᠪᠠᠭᠠᠰᠬᠠᠬᠤ ᠪᠠ ᠭᠠᠮᠰᠢᠭ ᠠᠴᠠ ᠠᠪᠤᠷᠠᠬᠤ | ᠴᠢᠳᠠᠪᠤᠷᠢ ᠪᠠᠨ ᠳᠡᠭᠡᠭᠰᠢᠯᠡᠭᠦᠯᠬᠦ ᠬᠡᠷᠡᠭᠲᠡᠶ᠃ ︽ᠬᠤᠶᠠᠷ ᠢ ᠬᠦᠷᠢᠶᠠᠯᠠᠬᠦ︾ ᠠᠵᠢᠯ ᠢ ᠭᠦᠨᠵᠡᠭᠡᠶ ᠠᠬᠢᠭᠤᠯᠵᠦ᠂ | ᠬᠤᠰᠢᠭᠤᠨ ᠳᠤ ᠰᠠᠭᠤᠭ᠎ᠠ ᠴᠡᠷᠢᠭ ᠠᠩᠬᠢ ᠪᠤᠯᠤᠨ ᠡᠷᠦᠭᠡ ᠶᠢᠨ ᠴᠡᠷᠢᠭ ᠠᠩᠬᠢ ᠶᠢᠨ ᠪᠠᠶᠢᠭᠤᠯᠤᠯᠲᠡ ᠶᠢ ᠲᠠᠮᠵᠢᠵᠦ᠂ | ᠴᠡᠷᠢᠭ ᠴᠠᠭᠳᠠᠭ᠎ᠠ ᠠᠷᠡᠳ ᠤᠯᠠᠨ ᠬᠠᠮᠲᠤᠷᠠᠨ ᠬᠢᠯᠢ ᠪᠠᠨ ᠰᠡᠷᠭᠡᠶᠢᠯᠡᠨ ᠬᠠᠮᠠᠭᠠᠯᠠᠵᠦ ᠡᠵᠡᠮᠳᠡᠬᠦ ᠶᠢ ᠴᠢᠩᠭᠠᠳᠬᠠᠵᠦ᠂ | ᠦᠨᠳᠦᠰᠦᠲᠡᠨ ᠨᠦᠭᠦᠳ ᠤᠨ ᠠᠷᠡᠳ ᠲᠦᠮᠡᠨ ᠬᠠᠮᠲᠦ ᠪᠠᠷ ᠪᠦᠯᠬᠦᠮᠲᠡᠨ ᠲᠡᠮᠡᠴᠡᠵᠦ᠂ ᠬᠠᠮᠲᠦ ᠪᠠᠷ ᠴᠡᠴᠡᠭᠯᠠᠨ | ᠬᠦᠭᠵᠢᠬᠦ ᠶᠢ ᠠᠬᠢᠭᠤᠯᠤᠨ᠎ᠡ᠃ | | |